ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠦᠨᠳᠡᠭᠡᠨ ᠲᠠᠬᠢᠶᠠᠨ᠎ᠤ ᠰᠠᠢ᠌ᠨ ᠡᠭᠦᠯᠳᠡᠷ᠎ᠤᠨ ᠪᠠᠷᠢᠮᠵᠢᠶ᠎ᠠ ᠪᠠ ᠰᠠᠢ᠌ᠨ ᠡᠭᠦᠯᠳᠡᠷ᠎ᠢ ᠢᠯᠭ᠋ᠠᠨ ᠲᠠᠨᠢᠬᠤ
ᠨᠡᠶ᠋ᠢᠲᠡᠯᠡᠭᠰᠡᠨ ᠴᠠᠭ᠄ 2020-04-03

      ᠤᠳᠤᠬᠠᠨ᠎ᠳᠤ ᠤᠯᠤᠰ᠎ᠤᠨ ᠳᠤᠲᠤᠭ᠋ᠠᠳᠤ ᠭᠠᠳᠠᠭ᠋ᠠᠳᠤ ᠵᠢᠨ ᠦᠨᠳᠡᠭᠡᠨ ᠲᠠᠬᠢᠶᠠᠨ᠎ᠤ ᠰᠠᠢ᠌ᠨ ᠡᠬᠦᠯᠳᠡᠷ᠎ᠨᠢ ᠪᠦᠷᠢᠨ ᠭᠦᠢ᠍ᠴᠡᠳ ᠪᠠᠢ᠌ᠬᠤ ᠵᠢ ᠦᠨᠳᠦᠰᠦᠯᠡᠵᠦ᠂ ᠤᠯᠠᠩᠬᠢ᠎ᠨᠢ ᠭᠤᠷᠪᠠᠴᠢᠯᠠᠭᠰᠠᠨ ᠰᠢᠰᠲ᠋ᠧᠮ (三系) ᠪᠠ ᠳᠦᠷᠪᠡᠴᠢᠯᠡᠭᠰᠡᠨ ᠰᠢᠰᠲ᠋ᠧᠮ (四系)᠎ᠢ ᠬᠡᠷᠡᠭᠯᠡᠵᠦ ᠪᠠᠢ᠌ᠳᠠᠭ᠃ ᠡᠭᠦᠨ᠎ᠢ ᠴᠠᠭ᠋ᠠᠨ ᠬᠠᠯᠢᠰᠤ᠎ᠲᠠᠢ ᠦᠨᠳᠡᠭᠡ᠂ ᠬᠦᠷᠡᠩ ᠬᠠᠯᠢᠰᠤ᠎ᠲᠠᠢ ᠦᠨᠳᠡᠭᠡ ᠪᠠ ᠬᠤᠨᠳᠠᠨ ᠬᠠᠯᠢᠰᠤ᠎ᠲᠠᠢ ᠦᠨᠳᠡᠭᠡ ᠭᠡᠵᠦ ᠭᠤᠷᠪᠠᠨ ᠲᠦᠷᠦᠯ ᠬᠤᠪᠢᠶᠠᠳᠠᠭ᠂ ᠡᠭᠦᠨ᠎ᠳᠤ ᠴᠠᠭ᠋ᠠᠨ ᠬᠠᠯᠢᠰᠤ᠎ᠲᠠᠢ ᠦᠨᠳᠡᠭᠡ᠎ᠨᠢ ᠴᠠᠭ᠋ᠠᠨ ᠦᠩᠭᠡ᠎ᠲᠠᠢ ᠯᠠᠢ ᠬᠠᠩ (来航) ᠲᠠᠬᠢᠶ᠎ᠠ ᠵᠢᠨ ᠡᠭᠦᠯᠳᠡᠷ ᠵᠶ᠋ᠡᠷ ᠭᠤᠤᠯ ᠪᠤᠯᠭ᠋ᠠᠵᠤ᠂ ᠬᠦᠷᠡᠩ ᠬᠠᠯᠢᠰᠤ᠎ᠲᠠᠢ ᠦᠨᠳᠡᠭᠡ᠎ᠨᠢ ᠯᠦᠸᠸ ᠳ᠋ᠤᠤ ᠾᠦᠩ (洛岛红)᠂ ᠰᠢᠨ ᠬᠠᠨ ᠰᠢᠶᠠᠨ (新汉县)᠂ ᠯᠦ᠍ ᠬᠤᠸᠠ (芦花) ᠲᠠᠬᠢᠶ᠎ᠠ ᠵᠡᠷᠭᠡ᠎ᠪᠠᠷ ᠭᠤᠤᠯ ᠪᠣᠯᠭ᠋ᠠᠵᠤ᠂ ᠬᠤᠨᠳᠠᠨ ᠬᠠᠯᠢᠰᠤ᠎ᠲᠠᠢ ᠦᠨᠳᠡᠭᠡ᠎ᠨᠢ ᠬᠦᠷᠡᠩ ᠬᠠᠯᠢᠰᠤ᠎ᠲᠠᠢ ᠦᠨᠳᠡᠭᠡᠨ ᠲᠠᠬᠢᠶ᠎ᠠ ᠪᠠ ᠴᠠᠭ᠋ᠠᠨ ᠬᠠᠯᠢᠰᠤ᠎ᠲᠠᠢ ᠦᠨᠳᠡᠭᠡᠨ ᠲᠠᠬᠢᠶ᠎ᠠ ᠵᠢ ᠡᠷᠯᠢᠰᠡᠵᠢᠭᠦᠯᠦᠨ ᠭᠠᠷᠭ᠋ᠠᠭᠰᠠᠨ ᠪᠠᠢ᠌ᠳᠠᠭ᠃ ᠡᠯ᠎ᠡ ᠡᠭᠦᠯᠳᠡᠷ ᠪᠤᠢ᠌ᠵᠢᠭᠤᠯᠬᠤ ᠺᠤᠮᠫᠠᠨᠢ᠎ᠨᠢ ᠡᠪᠦᠭᠡ ᠵᠢᠨ ᠦᠶ᠎ᠡ᠂ ᠡᠴᠢᠭᠡ ᠵᠢᠨ ᠦᠶ᠎ᠡ᠂ ᠲᠠᠸᠠᠷ᠎ᠤᠨ ᠦᠶ᠎ᠡ᠎ᠤᠨ᠎ᠬᠢᠨ᠎ᠤ ᠨᠡᠢ᠌ᠲᠡᠯᠢᠭ ᠭᠠᠳᠠᠷ ᠳᠦᠷᠰᠦ ᠵᠢᠨ ᠤᠨᠴᠠᠯᠢᠭ᠂ ᠦᠨᠳᠡᠭᠡᠯᠡᠬᠦ ᠴᠢᠳᠠᠪᠤᠷᠢ ᠵᠡᠷᠭᠡ ᠵᠢᠨ ᠭᠦᠢ᠍ᠴᠡᠳᠭᠡᠬᠦ ᠲᠤᠭ᠎ᠠ ᠨᠤᠷᠮ᠎ᠠ ᠪᠠ ᠪᠠᠷᠢᠮᠵᠢᠶ᠎ᠠ ᠵᠢ ᠭᠠᠷᠭ᠋ᠠᠨ ᠦᠭᠭᠦᠭᠰᠡᠨ ᠪᠠᠢ᠌ᠳᠠᠭ᠃
      ᠭᠠᠳᠠᠷ ᠪᠠᠢ᠌ᠳᠠᠯ᠎ᠨᠢ ᠶᠠᠭᠤᠨ᠎ᠤ ᠤᠷᠢᠳ ᠪᠤᠢ᠌ᠵᠢᠭᠤᠯᠬᠤ ᠺᠤᠮᠫᠠᠨᠢ ᠵᠢᠨ ᠲᠠᠨᠢᠯᠴᠠᠭᠤᠯᠤᠭᠰᠠᠨ ᠪᠡᠶ᠎ᠡ ᠭᠠᠯᠪᠢᠷ᠂ ᠦᠰᠦᠨ᠎ᠤ ᠦᠩᠭᠡ ᠵᠢᠨ ᠤᠨᠴᠠᠯᠢᠭ᠎ᠲᠠᠢ ᠲᠤᠬᠢᠷᠠᠭᠰᠠᠨ ᠪᠠᠢ᠌ᠬᠤ ᠬᠡᠷᠡᠭᠲᠡᠢ᠃ ᠭᠡᠲᠡᠯ᠎ᠡ ᠡᠯ᠎ᠡ ᠪᠤᠢ᠌ᠵᠢᠭᠤᠯᠬᠤ ᠺᠤᠮᠫᠠᠨᠢ ᠵᠢᠨ ᠴᠠᠭ᠋ᠠᠨ ᠬᠠᠯᠢᠰᠤ᠎ᠲᠠᠢ ᠪᠠ ᠬᠦᠷᠡᠩ ᠬᠠᠯᠢᠰᠤ᠎ᠲᠠᠢ ᠦᠨᠳᠡᠭᠡᠨ ᠲᠠᠬᠢᠶᠠᠨ᠎ᠤ ᠢᠷᠡᠯᠲᠡ᠎ᠨᠢ ᠶᠡᠬᠡ ᠲᠦᠯᠦᠪ ᠠᠳᠠᠯᠢᠬᠠᠨ ᠪᠠᠢ᠌ᠵᠤ᠂ ᠢᠯᠭ᠋ᠠᠬᠤ᠎ᠳᠤ ᠲᠤᠩ ᠬᠦᠴᠢᠷ ᠪᠠᠢ᠌ᠳᠠᠭ᠃ ᠵᠠᠷᠢᠮ ᠺᠤᠮᠫᠠᠨᠢ᠎ᠨᠢ ᠴᠠᠭ᠋ᠠᠨ ᠬᠠᠯᠢᠰᠤ᠎ᠲᠠᠢ ᠦᠨᠳᠡᠭᠡᠨ ᠲᠠᠬᠢᠶᠠᠨ᠎ᠤ ᠬᠤᠷᠳᠤᠨ ᠤᠳᠠᠭ᠋ᠠᠨ ᠦᠳᠦᠯᠡᠬᠦ ᠢᠯᠭ᠋ᠠᠭ᠎ᠠ ᠪᠠ ᠬᠦᠷᠡᠩ ᠬᠠᠯᠢᠰᠤ᠎ᠲᠠᠢ ᠦᠨᠳᠡᠭᠡᠨ ᠲᠠᠬᠢᠶᠠᠨ᠎ᠤ ᠠᠩᠬ᠎ᠠ ᠨᠡᠪᠴᠢᠭᠰᠡᠨ ᠴᠤᠷᠪᠠᠭ᠋ᠠᠨ᠎ᠤ ᠦᠳᠦᠨ᠎ᠤ ᠦᠩᠭᠡ᠎ᠪᠠᠷ ᠢᠯᠭ᠋ᠠᠨ ᠲᠤᠳᠤᠯᠠᠬᠤ᠎ᠪᠠᠷ ᠤᠨᠴᠠᠯᠢᠭ ᠪᠤᠯᠭ᠋ᠠᠳᠠᠭ᠃ ᠵᠠᠷᠢᠮ ᠬᠦᠷᠡᠩ ᠬᠠᠯᠢᠰᠤ᠎ᠲᠠᠢ ᠦᠨᠳᠡᠭᠡᠨ ᠲᠠᠬᠢᠶᠠᠨ᠎ᠤ ᠪᠦᠷᠢᠨ ᠲᠦᠬᠦᠷ ᠰᠢᠰᠲ᠋ᠧᠮ᠎ᠨᠢ ᠵᠢᠱ᠌ᠢᠶᠡᠯᠡᠪᠡᠯ᠂ ᠪᠠᠪᠦ᠋ᠺᠡᠤᠺ B380 ᠵᠢᠨ ᠰᠡᠭᠦᠯ᠎ᠤᠨ ᠤᠷᠲᠤ᠎ᠨᠢ ᠬᠠᠷ᠎ᠠ᠂ ᠪᠤᠰᠤᠳ᠎ᠨᠢ ᠪᠦᠷ ᠤᠯᠠᠭ᠋ᠠᠨ ᠴᠠᠭ᠋ᠠᠨ ᠠᠯᠠᠭᠯᠠᠵᠤ ᠪᠠᠢ᠌ᠳᠠᠭ᠃ ᠪᠤᠤ ᠸᠠᠨ ᠰᠧ (宝万斯) ᠬᠦᠷᠡᠩ ᠬᠠᠯᠢᠰᠤ᠎ᠲᠠᠢ ᠦᠨᠳᠡᠭᠡᠨ ᠲᠠᠬᠢᠶᠠᠨ᠎ᠤ ᠬᠦᠷᠡᠩ ᠳᠠᠯᠠᠪᠴᠢᠨ ᠳᠡᠭᠡᠷ᠎ᠡ᠎ᠨᠢ ᠢᠯᠡ ᠲᠤᠳᠤᠷᠬᠠᠢ ᠴᠠᠭ᠋ᠠᠨ ᠦᠳᠦ ᠪᠠᠢ᠌ᠳᠠᠭ ᠵᠡᠷᠭᠡ ᠤᠨᠴᠠᠯᠢᠭ ᠵᠶ᠋ᠠᠷ᠎ᠨᠢ ᠢᠯᠭ᠋ᠠᠳᠠᠭ᠃
      ᠭᠠᠳᠠᠷ ᠪᠠᠢ᠌ᠳᠠᠯ᠎ᠠᠴᠠ᠎ᠨᠢ ᠰᠠᠢ᠌ᠨ ᠡᠭᠦᠯᠳᠡᠷ᠎ᠢ ᠢᠯᠭ᠋ᠠᠨ ᠲᠠᠨᠢᠬᠤ᠎ᠳᠤ ᠬᠦᠴᠢᠷ᠂ ᠵᠦᠪᠬᠡᠨ ᠡᠪᠦᠭᠡ ᠵᠢᠨ ᠦᠶ᠎ᠡ ᠪᠠ ᠴᠣᠯᠣ ᠰᠢᠰᠲ᠋ᠧᠮ᠎ᠢ ᠤᠷᠤᠭᠤᠯᠬᠤ ᠦᠶᠡᠰ᠎ᠲᠤ᠂ ᠬᠦᠴᠢᠯᠳᠦ᠋ᠷᠦᠭᠴᠢᠬᠦᠢ ᠪᠦᠭᠡᠮ ᠰᠢᠬᠢᠷ᠎ᠤᠨ ᠪᠦᠭᠡᠮ ᠬᠦᠴᠢᠯ (DNA) ᠬᠤᠷᠤᠭᠤᠨ ᠤᠷᠤᠮ᠎ᠤᠨ ᠮᠠᠲ᠋ᠧᠷᠢᠶᠠᠯ᠎ᠢ ᠬᠡᠷᠡᠭᠯᠡᠵᠦ ᠢᠯᠭ᠋ᠠᠨ ᠲᠠᠨᠢᠬᠤ᠎ᠳᠤ ᠦᠨᠳᠦᠰᠦᠯᠡᠯ ᠪᠣᠯᠭ᠋ᠠᠪᠠᠯ ᠰᠠᠶᠢ ᠨᠠᠢ᠌ᠳᠠᠪᠤᠷᠢᠲᠠᠢ ᠪᠠᠢ᠌ᠳᠠᠭ᠃ ᠳᠡᠯᠡᠬᠡᠢ ᠳᠡᠭᠡᠷ᠎ᠡ ᠰᠠᠢ᠌ᠨ ᠡᠭᠦᠯᠳᠡᠷ᠎ᠢ ᠬᠠᠩᠭ᠋ᠠᠵᠤ ᠪᠠᠢ᠌ᠭ᠎ᠠ ᠺᠤᠮᠫᠠᠨᠢ ᠵᠢᠨ᠎ᠬᠢᠨ ᠴᠢᠩᠭ᠎ᠠ ᠪᠦᠷᠢᠳᠭᠡᠨ ᠳᠠᠩᠰᠠᠯᠠᠬᠤ ᠪᠠ ᠬᠢᠨᠠᠯᠲᠠ ᠲᠠᠯᠪᠢᠬᠤ ᠳᠦᠷᠢᠮ ᠲᠤᠭᠲᠠᠭ᠋ᠠᠯ᠎ᠲᠠᠢ ᠪᠠᠢ᠌ᠳᠠᠭ᠃ ᠤᠷᠴᠢᠮ᠎ᠤᠨ ᠵᠢᠯ᠎ᠠᠴᠠ ᠨᠠᠰᠢ ᠮᠠᠨ᠎ᠤ ᠤᠯᠤᠰ᠎ᠨᠢ ᠦᠷ᠎ᠡ ᠵᠢᠨ ᠮᠠᠯ ᠵᠢᠭᠦᠷᠲᠡᠨ᠎ᠤ ᠬᠠᠮᠢᠶᠠᠷᠤᠯᠲᠠ ᠵᠢᠨ ᠠᠷᠭ᠎ᠠ ᠬᠡᠮᠵᠢᠶ᠎ᠡ ᠵᠢ ᠨᠡᠢ᠌ᠲᠡᠯᠡᠵᠦ᠂ ᠦᠷ᠎ᠡ ᠵᠢᠨ ᠲᠠᠬᠢᠶᠠᠨ᠎ᠤ ᠠᠵᠤ ᠠᠬᠤᠢ᠌ᠯᠠᠯ᠎ᠳᠤ ᠰᠢᠯᠭ᠋ᠠᠨ ᠲᠤᠭᠲᠠᠭ᠋ᠠᠬᠤ᠂ ᠪᠦᠷᠢᠳᠭᠡᠨ ᠲᠠᠩᠰᠠᠯᠠᠬᠤ ᠬᠠᠮᠢᠶᠠᠷᠤᠯᠲᠠ ᠵᠢ ᠬᠡᠷᠡᠭᠵᠢᠭᠦᠯᠦᠭᠰᠡᠨ ᠪᠠᠢ᠌ᠨ᠎ᠠ᠃ ᠵᠦᠪ ᠤᠨᠤᠪᠴᠢᠲᠠᠢ ᠠᠷᠭ᠎ᠠ ᠮᠠᠶᠢᠭ᠎ᠢ ᠵᠢᠷᠤᠮᠯᠠᠪᠠᠯ ᠨᠠᠢ᠌ᠳᠠᠪᠤᠷᠢᠲᠠᠢ ᠰᠠᠢ᠌ᠨ ᠡᠭᠦᠯᠳᠡᠷ᠎ᠢ ᠬᠤᠳᠠᠯᠳᠤᠨ ᠠᠪᠬᠤ᠎ᠳᠤ ᠲᠡᠢ᠌ᠮᠦ ᠬᠦᠴᠢᠷᠲᠡᠢ ᠪᠢᠰᠢ ᠶᠤᠮ᠃

     (ᠢᠷᠡᠯᠲᠡ᠄ ᠤᠳᠬᠠᠨᠬᠦᠦ       ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠣᠩᠭᠤᠨ ᠰᠡᠢ᠌ᠷᠡᠭᠦᠯᠪᠡ᠃)

ᠢᠷᠡᠯᠲᠡ᠄ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》
          
ᠬᠠᠮᠢᠶ᠎ᠡ ᠪᠦᠬᠦᠢ ᠰᠣᠨᠢᠨ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠨᠢᠭᠡ)
ᠲᠠᠬᠢᠶᠠᠨ᠎ᠤ ᠤᠷᠤᠨ ᠨᠤᠲᠤᠭ᠎ᠤᠨ ᠡᠭᠦᠯᠳᠡᠷ (ᠨᠢᠭᠡ)
ᠲᠠᠬᠢᠶᠠᠨ᠎ᠤ ᠤᠷᠤᠨ ᠨᠤᠲᠤᠭ᠎ᠤᠨ ᠡᠭᠦᠯᠳᠡᠷ (ᠬᠤᠶᠠᠷ)
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠭᠤᠷᠪᠠ)
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠬᠤᠶᠠᠷ)
 
            