ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠬᠤᠶᠠᠷ)
ᠨᠡᠶ᠋ᠢᠲᠡᠯᠡᠭᠰᠡᠨ ᠴᠠᠭ᠄ 2020-04-13

      ᠤᠷᠤᠭᠤᠯᠵᠤ ᠢᠷᠡᠭᠰᠡᠨ ᠦᠷᠡᠰ ᠭᠠᠬᠠᠢ ᠵᠢ ᠲᠦᠷᠦᠯ ᠬᠤᠪᠢᠶᠠᠬᠤ ᠪᠠ ᠬᠡᠷᠡᠭᠯᠡᠬᠦ
     (ᠨᠢᠭᠡ) ᠤᠷᠤᠭᠤᠯᠵᠤ ᠢᠷᠡᠭᠰᠡᠨ ᠦᠷᠡᠰ ᠭᠠᠬᠠᠢ ᠵᠢ ᠲᠦᠷᠦᠯ ᠬᠤᠪᠢᠶᠠᠬᠤ
      ᠤᠷᠤᠭᠤᠯᠵᠤ ᠢᠷᠡᠭᠰᠡᠨ ᠦᠷᠡᠰ ᠭᠠᠬᠠᠢ ᠵᠢ ᠦᠨᠳᠦᠰᠦᠨ᠎ᠳᠡᠭᠡᠨ ᠳᠠᠩ ᠡᠭᠦᠯᠳᠡᠷ᠎ᠤᠨ ᠦᠷᠠᠰ ᠭᠠᠬᠠᠢ ᠪᠠ ᠪᠦᠲᠦᠨ ᠤᠳᠤᠮ᠎ᠤᠨ ᠦᠷᠡᠰ ᠭᠠᠬᠠᠢ ᠭᠡᠵᠦ ᠬᠤᠪᠢᠶᠠᠨ᠎ᠠ᠃ ᠳᠠᠩ ᠡᠭᠦᠯᠳᠡᠷ᠎ᠤᠨ ᠦᠷᠡᠰ ᠭᠠᠬᠠᠢ ᠵᠢ ᠴᠡᠪᠡᠷ ᠦᠷᠡᠰ ᠭᠠᠬᠠᠢ᠂ ᠡᠷᠯᠢᠰᠡ ᠭᠠᠬᠠᠢ ᠭᠡᠵᠦ ᠬᠤᠪᠢᠶᠠᠨ᠎ᠠ᠃ ᠪᠦᠲᠦᠨ ᠡᠭᠦᠯᠳᠡᠷ᠎ᠤᠨ ᠭᠠᠬᠠᠢ ᠵᠢ ᠡᠯᠳᠴᠡ ᠦᠶ᠎ᠡ᠂ ᠡᠪᠦᠭᠡ ᠵᠢᠨ ᠦᠶ᠎ᠡ᠂ ᠡᠴᠢᠭᠡ ᠡᠬᠡ ᠵᠢᠨ ᠦᠶ᠎ᠡ ᠭᠡᠵᠦ ᠬᠤᠪᠢᠶᠠᠳᠠᠭ᠃
     1᠂ ᠴᠡᠪᠡᠷ ᠡᠭᠦᠯᠳᠡᠷ᠎ᠤᠨ ᠭᠠᠬᠠᠢ
      ᠡᠭᠦᠨ᠎ᠳᠤ ᠨᠤᠲᠤᠭ᠎ᠤᠨ ᠡᠭᠦᠯᠳᠡᠷ᠎ᠤᠨ ᠭᠠᠬᠠᠢ ᠪᠣᠯᠬᠣ ᠵᠡᠭᠦᠨ ᠬᠤᠢ᠌ᠲᠤ ᠵᠢᠨ ᠠᠷᠠᠳ᠎ᠤᠨ ᠭᠠᠬᠠᠢ᠂᠎ᠲᠠᠢ ᠬᠤ᠌ ᠭᠠᠬᠠᠢ ᠪᠠᠭᠲᠠᠵᠤ᠂ ᠪᠤᠢ᠌ᠵᠢᠭᠤᠯᠤᠭᠰᠠᠨ ᠡᠭᠦᠯᠳᠡᠷ᠎ᠲᠤ ᠰᠠᠨᠵᠢᠶᠠᠩ ᠭᠠᠬᠠᠢ᠂ ᠬᠤᠪᠧᠢ ᠭᠠᠬᠠᠢ᠂ ᠰᠦ᠍᠎ᠲᠠᠢ ᠭᠠᠬᠠᠢ ᠪᠠᠭᠲᠠᠨ᠎ᠠ᠃ ᠤᠷᠤᠭᠤᠯᠵᠤ ᠢᠷᠡᠭᠰᠡᠨ ᠡᠭᠦᠯᠳᠡᠷ᠎ᠲᠤ ᠤᠷᠲᠤ ᠴᠠᠭ᠋ᠠᠨ ᠭᠠᠬᠠᠢ᠂ ᠲᠤᠮᠤ ᠴᠠᠭ᠋ᠠᠨ ᠭᠠᠬᠠᠢ᠂ ᠳ᠋ᠤᠯᠤᠸᠸᠺᠧ ᠭᠠᠬᠠᠢ᠂ ᠫᠢᠲ᠋ᠧᠯᠡᠨ ᠭᠠᠬᠠᠢ ᠵᠡᠷᠭᠡ ᠪᠠᠭᠲᠠᠳᠠᠭ᠃
     2᠂ ᠡᠷᠯᠢᠰᠡᠵᠢᠭᠦᠯᠦᠭᠰᠡᠨ ᠭᠠᠬᠠᠢ
      ᠣᠷᠣᠭᠣᠯᠵᠣ ᠢᠷᠡᠭᠰᠡᠨ ᠬᠤᠶᠠᠷ ᠡᠭᠦᠯᠳᠡᠷ᠎ᠤᠨ ᠭᠠᠬᠠᠢ ᠵᠢ ᠡᠷᠯᠢᠰᠡᠵᠢᠭᠦᠯᠦᠭᠡᠳ ᠪᠤᠢ᠌ᠵᠢᠭᠤᠯᠤᠭᠰᠠᠨ ᠦᠷᠡᠰ ᠭᠠᠬᠠᠢ ᠪᠤᠯᠤᠨ᠎ᠠ᠃ ᠣᠳᠣᠬᠠᠨ᠎ᠤ ᠵᠠᠬ᠎ᠠ ᠳᠡᠯᠭᠡᠭᠦᠷ᠎ᠲᠤ ᠪᠠᠢ᠌ᠭ᠎ᠠ ᠤᠷᠲᠤ ᠲᠤᠮᠤ ᠭᠠᠬᠠᠢ ᠪᠣᠯ ᠤᠷᠲᠤ ᠴᠠᠭ᠋ᠠᠨ ᠡᠭᠦᠯᠳᠡᠷ᠎ᠤᠨ ᠠᠵᠢᠷᠭ᠋ᠠᠨ ᠭᠠᠬᠠᠢ᠎ᠪᠠᠷ ᠲᠤᠮᠤ ᠴᠠᠭ᠋ᠠᠨ ᠭᠠᠬᠠᠢ ᠵᠢᠨ ᠮᠡᠭᠡᠵᠢ ᠵᠢ ᠬᠡᠬᠡᠯᠳᠦᠭᠦᠯᠦᠭᠡᠳ ᠭᠠᠷᠤᠭᠰᠠᠨ ᠬᠤᠢ᠌ᠴᠢ ᠦᠶ᠎ᠡ ᠶᠣᠮ᠃ ᠲᠤᠮᠤ ᠣᠷᠲᠣ ᠭᠠᠬᠠᠢ ᠪᠣᠯ ᠲᠤᠮᠤ ᠴᠠᠭ᠋ᠠᠨ ᠭᠠᠬᠠᠢ ᠵᠢᠨ ᠠᠵᠢᠷᠭ᠋ᠠᠨ ᠭᠠᠬᠠᠢ᠎ᠪᠠᠷ ᠤᠷᠲᠤ ᠴᠠᠭ᠋ᠠᠨ ᠭᠠᠬᠠᠢ ᠵᠢᠨ ᠮᠡᠭᠡᠵᠢ ᠵᠢ ᠬᠡᠬᠡᠯᠳᠦᠭᠦᠯᠦᠭᠡᠳ ᠭᠠᠷᠴᠠᠢ᠃
      ᠡᠷᠯᠢᠰᠡ ᠭᠠᠬᠠᠢ ᠵᠢ ᠪᠤᠢ᠌ᠵᠢᠭᠤᠯᠬᠤ


     3᠂ ᠡᠯᠳᠴᠡ ᠵᠢᠨ ᠦᠶ᠎ᠡ
      ᠡᠨᠡ᠎ᠨᠢ ᠪᠦᠲᠦᠨ ᠤᠳᠤᠮ᠎ᠤᠨ ᠡᠭᠦᠯᠳᠡᠷ᠎ᠲᠤ ᠪᠠᠭᠲᠠᠨ᠎ᠠ᠃ ᠳᠠᠷᠤᠢ ᠪᠦᠲᠦᠨ ᠤᠳᠤᠮ᠎ᠤᠨ ᠳᠤᠲᠤᠷᠠᠬᠢ ᠬᠠᠮᠤᠭ᠎ᠤᠨ ᠡᠬᠢᠨ᠎ᠤ ᠦᠷᠡᠰ ᠭᠠᠬᠠᠢ ᠪᠣᠯᠣᠨ᠎ᠠ᠃ ᠡᠯᠳᠴᠡ ᠵᠢᠨ ᠦᠶ᠎ᠡ ᠵᠢ ᠶᠡᠷᠦᠳᠡᠭᠡᠨ ᠲᠤᠰᠬᠠᠢ ᠤᠳᠤᠮ ᠭᠡᠳᠡᠭ᠃ ᠤᠳᠤᠬᠠᠨ᠎ᠳᠤ ᠳᠡᠯᠡᠬᠡᠢ ᠳᠡᠭᠡᠷ᠎ᠡ ᠪᠠᠢ᠌ᠭ᠎ᠠ ᠪᠦᠲᠦᠨ ᠡᠭᠦᠯᠳᠡᠷ᠎ᠤᠨ ᠭᠠᠬᠠᠢ ᠵᠢᠨ ᠡᠯᠳᠴᠡ ᠪᠣᠯ ᠤᠷᠲᠤ ᠴᠠᠭ᠋ᠠᠨ ᠭᠠᠬᠠᠢ᠂ ᠲᠤᠮᠤ ᠴᠠᠭ᠋ᠠᠨ ᠭᠠᠬᠠᠢ᠂ ᠳ᠋ᠤᠯᠤᠸᠸᠺᠧ ᠭᠠᠬᠠᠢ ᠪᠠ ᠫᠢᠲ᠋ᠧᠯᠡᠨ ᠭᠠᠬᠠᠢ ᠵᠡᠷᠭᠡ ᠳᠦᠷᠪᠡᠨ ᠡᠭᠦᠯᠳᠡᠷ᠎ᠤᠨ ᠭᠠᠬᠠᠢ ᠪᠣᠯᠬᠣ ᠪᠣᠶᠣ ᠲᠡᠳᠡᠭᠡᠷ᠎ᠤᠨ ᠬᠤᠭᠤᠷᠤᠨᠳᠤᠬᠢ ᠡᠷᠯᠢᠰᠡ ᠡᠭᠦᠯᠳᠡᠷ ᠪᠤᠯᠤᠨ᠎ᠠ᠃
      ᠪᠦᠲᠦᠨ ᠤᠳᠤᠮ᠎ᠤᠨ ᠭᠠᠬᠠᠢ ᠵᠢᠨ ᠰᠢᠰᠲ᠋ᠧᠮ᠎ᠳᠤ ᠬᠤᠶᠠᠷ ᠵᠦᠢ᠍ᠯ᠎ᠤᠨ ᠡᠭᠦᠷᠭᠡ ᠪᠠᠢ᠌ᠳᠠᠭ᠃ ᠨᠢᠭᠡ᠎ᠨᠢ ᠡᠯᠳᠴᠡ ᠭᠠᠬᠠᠢ ᠵᠢᠨ ᠦᠪᠡᠷ᠎ᠤᠨ ᠰᠦᠷᠦᠭ᠎ᠤᠨ ᠦᠷᠡᠵᠢᠭᠦᠯᠦᠯᠭᠡ ᠬᠢᠨ᠎ᠡ᠃ ᠬᠤᠶᠠᠷ᠎ᠲᠤ᠂ ᠡᠪᠦᠭᠡ ᠦᠶ᠎ᠡ ᠵᠢᠨ ᠦᠷᠡᠰ ᠭᠠᠬᠠᠢ ᠵᠢ ᠦᠷᠡᠵᠢᠭᠦᠯᠬᠦ ᠪᠤᠯᠤᠨ᠎ᠠ᠃
     4᠂ ᠡᠪᠦᠭᠡ ᠦᠶ᠎ᠡ
      ᠡᠨᠡ᠎ᠨᠢ ᠪᠦᠲᠦᠨ ᠤᠳᠤᠮ᠎ᠤᠨ ᠦᠷᠡᠰ ᠭᠠᠬᠠᠢ᠎ᠳᠤ ᠪᠠᠭᠲᠠᠨ᠎ᠠ᠃ ᠡᠯᠳᠴᠡ ᠦᠶ᠎ᠡ ᠵᠢᠨ ᠪᠦᠲᠦᠨ ᠤᠳᠤᠮ᠎ᠠᠴᠠ ᠢᠷᠡᠯᠲᠡᠲᠡᠢ᠂ ᠪᠦᠲᠦᠨ ᠤᠳᠤᠮ᠎ᠤᠨ ᠰᠢᠰᠲ᠋ᠧᠮ᠎ᠳᠤ ᠡᠪᠦᠭᠡ ᠦᠶ᠎ᠡ ᠵᠢᠨ ᠦᠷᠡᠰ ᠭᠠᠬᠠᠢ ᠵᠢ ᠵᠦᠪᠬᠡᠨ ᠲᠤᠭᠲᠠᠭᠰᠠᠨ ᠡᠴᠢᠭᠡ ᠡᠬᠡ ᠦᠶ᠎ᠡ ᠵᠢᠨ ᠦᠷᠡᠰ ᠭᠠᠬᠠᠢ ᠵᠢ ᠦᠷᠡᠵᠢᠭᠦᠯᠬᠦ᠎ᠳᠤ ᠬᠡᠷᠡᠭᠯᠡᠳᠡᠭ᠃
     5᠂ ᠡᠴᠢᠭᠡ ᠡᠬᠡ ᠦᠶ᠎ᠡ
      ᠮᠦᠨ ᠴᠦ᠍ ᠪᠦᠲᠦᠨ ᠤᠳᠤᠮ᠎ᠤᠨ ᠭᠠᠬᠠᠢ᠎ᠳᠤ ᠪᠠᠭᠲᠠᠨ᠎ᠠ᠃ ᠵᠦᠪᠬᠡᠨ ᠪᠦᠲᠦᠨ ᠤᠳᠤᠮ᠎ᠤᠨ ᠡᠪᠦᠭᠡ ᠦᠶ᠎ᠡ᠎ᠠᠴᠠ ᠢᠷᠡᠯᠲᠡᠢ᠃ ᠡᠴᠢᠭᠡ ᠡᠬᠡ ᠦᠶ᠎ᠡ ᠵᠢᠨ ᠦᠷᠡᠰ ᠭᠠᠬᠠᠢ ᠵᠢ ᠵᠦᠪᠬᠡᠨ ᠲᠠᠸᠠᠷ᠎ᠤᠨ ᠡᠭᠦᠯᠳᠡᠷ᠎ᠢ ᠦᠷᠡᠵᠢᠭᠦᠯᠬᠦ᠎ᠳᠤ ᠬᠡᠷᠡᠭᠯᠡᠳᠡᠭ᠃ ᠪᠦᠲᠦᠨ ᠤᠳᠤᠮ᠎ᠤᠨ ᠦᠷᠡᠰ ᠭᠠᠬᠠᠢ ᠵᠢᠨ ᠺᠤᠮᠫᠠᠨᠢ᠎ᠨᠢ ᠶᠡᠷᠦᠳᠡᠭᠡᠨ ᠡᠨᠡ ᠦᠶ᠎ᠡ ᠵᠢᠨ ᠭᠠᠬᠠᠢ ᠵᠢ ᠯᠡ ᠬᠠᠩᠭ᠋ᠠᠳᠠᠭ ᠶᠣᠮ᠃
     (ᠬᠤᠶᠠᠷ) ᠤᠷᠤᠭᠤᠯᠵᠤ ᠢᠷᠡᠭᠰᠡᠨ ᠦᠷᠡᠰ ᠭᠠᠬᠠᠢ ᠵᠢ ᠬᠡᠷᠡᠭᠯᠡᠬᠦ
     1᠂ ᠤᠷᠤᠭᠤᠯᠵᠤ ᠢᠷᠡᠭᠰᠡᠨ ᠦᠷᠡᠰ ᠭᠠᠬᠠᠢ ᠵᠢ ᠰᠢᠭᠤᠳ ᠦᠷᠡᠵᠢᠭᠦᠯᠬᠦ ᠤᠴᠢᠷ᠎ᠠᠴᠠ ᠤᠷᠤᠭᠤᠯᠵᠤ ᠢᠷᠡᠬᠦ᠎ᠠᠴᠠ᠎ᠪᠠᠨ ᠡᠮᠦᠨ᠎ᠡ ᠨᠠᠷᠢᠯᠢᠭ ᠪᠠᠢ᠌ᠴᠠᠭ᠋ᠠᠨ ᠰᠤᠳᠤᠯᠤᠯᠲᠠ ᠬᠢᠵᠦ᠂ ᠰᠢᠯᠢᠳᠡᠭ ᠴᠢᠨᠠᠷᠲᠠᠢ ᠪᠠᠢ᠌ᠬᠤ ᠮᠦᠷᠲᠡᠭᠡᠨ ᠴᠢᠰᠦᠨ ᠤᠳᠤᠮ᠎ᠤᠨ ᠪᠦᠷᠢᠯᠳᠦᠭᠦᠨ᠎ᠢ ᠠᠩᠬᠠᠷᠴᠤ᠂ ᠡᠬᠢᠯᠡᠵᠦ ᠤᠷᠤᠭᠤᠯᠬᠤ᠎ᠳᠠᠭᠠᠨ ᠴᠦᠬᠡᠨ ᠲᠤᠭ᠎ᠠ᠎ᠪᠠᠷ ᠤᠷᠤᠭᠤᠯᠵᠤ᠂ ᠵᠤᠬᠢᠴᠠᠯᠳᠤᠬᠤ ᠴᠢᠳᠠᠪᠤᠷᠢ ᠵᠢ᠎ᠨᠢ ᠦᠵᠡᠬᠦ ᠬᠡᠷᠡᠭᠲᠡᠢ᠃ ᠰᠢᠯᠢᠳᠡᠭ ᠡᠭᠦᠯᠳᠡᠷ᠎ᠤᠨ ᠭᠠᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ᠎ᠨᠢ ᠶᠡᠬᠡ᠂ ᠲᠡᠵᠢᠭᠡᠯᠭᠡ ᠠᠷᠠᠴᠢᠯᠠᠭ᠎ᠠ ᠵᠢᠨ ᠱᠠᠭ᠋ᠠᠷᠳᠠᠯᠭ᠎ᠠ᠎ᠨᠢ ᠦᠨᠳᠦᠷ ᠪᠠᠢ᠌ᠳᠠᠭ᠎ᠠᠴᠠ ᠰᠢᠨᠵᠢᠯᠡᠬᠦ ᠤᠬᠠᠭ᠋ᠠᠨᠴᠢ᠎ᠪᠠᠷ ᠲᠡᠵᠢᠭᠡᠵᠦ ᠠᠷᠠᠴᠢᠯᠠᠬᠤ ᠬᠡᠷᠡᠭᠲᠡᠢ ᠶᠣᠮ᠃ ᠬᠡᠷᠪᠡ ᠲᠤᠰ ᠭᠠᠵᠠᠷ᠎ᠤᠨ ᠨᠦᠭᠦᠴᠡᠯ᠎ᠳᠤ ᠵᠤᠬᠢᠴᠠᠯᠳᠤᠬᠤ ᠦᠭᠡᠢ ᠪᠣᠯ ᠤᠷᠢᠳᠠᠪᠡᠷ ᠨᠤᠲᠤᠭ᠎ᠤᠨ ᠡᠭᠦᠯᠳᠡᠷ ᠵᠶ᠋ᠡᠷ ᠴᠢᠰᠦ ᠰᠦᠯᠪᠡᠬᠦ ᠡᠷᠯᠢᠰᠡᠵᠢᠭᠦᠯᠭᠡ ᠬᠢᠨ᠎ᠡ᠂ ᠢᠩᠭᠢᠪᠡᠯ ᠡᠷᠯᠢᠰᠡ ᠪᠡᠶ᠎ᠡ ᠳᠡᠭᠡᠷ᠎ᠡ ᠲᠡᠷᠡᠬᠦ ᠭᠠᠳᠠᠨ᠎ᠠ ᠡᠭᠦᠯᠳᠡᠷ᠎ᠤᠨ ᠴᠢᠬᠤᠯᠠ ᠤᠨᠴᠠᠯᠢᠭ᠎ᠢ ᠬᠠᠳᠠᠭ᠋ᠠᠯᠠᠬᠤ ᠵᠢᠨ ᠬᠠᠮᠲᠤ᠂ ᠲᠤᠰ ᠭᠠᠵᠠᠷ᠎ᠤᠨ ᠨᠦᠭᠦᠴᠡᠯ᠎ᠳᠤ ᠵᠤᠬᠢᠴᠠᠯᠳᠤᠬᠤ ᠲᠠᠯ᠎ᠠ᠎ᠪᠠᠷ ᠰᠠᠢ᠌ᠵᠢᠷᠠᠭᠤᠯᠵᠤ ᠪᠤᠯᠤᠨ᠎ᠠ᠃
     2᠂ ᠤᠷᠤᠭᠤᠯᠵᠤ ᠢᠷᠡᠭᠰᠡᠨ ᠦᠷᠡᠰ ᠭᠠᠬᠠᠢ ᠵᠢ ᠤᠤᠯ᠎ᠤᠨ ᠪᠠᠢ᠌ᠭᠰᠠᠨ ᠦᠷᠡᠰ ᠭᠠᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ ᠵᠢ ᠳᠡᠭᠡᠭᠰᠢᠯᠡᠭᠦᠯᠬᠦ᠎ᠳᠤ ᠬᠡᠷᠡᠭᠯᠡᠬᠦ ᠪᠤᠯᠬᠤᠷ ᠭᠤᠤᠯᠳᠠᠭᠤ ᠠᠵᠢᠷᠭ᠋ᠠᠨ ᠭᠠᠬᠠᠢ ᠤᠷᠤᠭᠤᠯᠵᠤ ᠢᠷᠡᠳᠡᠭ᠃ ᠡᠢ᠌ᠮᠦ᠎ᠠᠴᠠ ᠤᠷᠤᠭᠤᠯᠵᠤ ᠢᠷᠡᠬᠦ ᠠᠵᠢᠷᠭ᠋ᠠᠨ ᠭᠠᠬᠠᠢ ᠵᠢᠨ ᠦᠢ᠍ᠯᠡᠳᠪᠦᠷᠢᠯᠡᠯ᠎ᠤᠨ ᠴᠢᠳᠠᠪᠤᠷᠢ᠂ ᠡᠷᠡᠭᠦᠯ ᠴᠢᠬᠢᠷᠠᠭ᠎ᠤᠨ ᠱᠠᠭ᠋ᠠᠷᠳᠠᠯᠭ᠎ᠠ᠎ᠨᠢ ᠦᠨᠳᠦᠷ ᠮᠦᠷᠲᠡᠭᠡᠨ ᠲᠤᠬᠠᠢ ᠵᠢᠨ ᠭᠠᠵᠠᠷ᠎ᠤᠨ ᠭᠠᠬᠠᠢ᠎ᠳᠤ ᠪᠠᠢ᠌ᠳᠠᠭ ᠦᠭᠡᠢ ᠰᠢᠯᠢᠳᠡᠭ ᠦᠢ᠍ᠯᠡᠳᠪᠦᠷᠢᠯᠡᠯ᠎ᠤᠨ ᠴᠢᠳᠠᠪᠤᠷᠢ᠎ᠲᠠᠢ ᠪᠠᠢ᠌ᠬᠤ ᠬᠡᠷᠡᠭᠲᠡᠢ᠃ ᠵᠢᠱ᠌ᠢᠶᠡᠯᠡᠪᠡᠯ᠄ ᠮᠢᠬᠠᠨ᠎ᠤ ᠴᠢᠨᠠᠷ᠎ᠨᠢ ᠵᠠᠬ᠎ᠠ ᠳᠡᠯᠭᠡᠭᠦᠷ᠎ᠤᠨ ᠱᠠᠭ᠋ᠠᠷᠳᠠᠯᠭ᠎ᠠ᠎ᠳᠤ ᠵᠤᠬᠢᠴᠠᠬᠤ᠂ ᠪᠡᠶ᠎ᠡ ᠵᠢᠨ ᠪᠦᠲᠦᠴᠡ᠎ᠨᠢ ᠪᠡᠬᠢᠯᠢᠭ᠂ ᠲᠤᠷᠤᠢ᠌ᠯᠠᠬᠤ᠎ᠨᠢ ᠠᠷᠪᠢᠨ᠂ ᠠᠯᠠᠰᠢᠨ ᠪᠡᠶ᠎ᠡ᠎ᠨᠢ ᠵᠢᠭᠲᠡ ᠪᠠᠢ᠌ᠬᠤ ᠨᠦᠭᠦᠴᠡᠯ᠎ᠢ ᠪᠦᠷᠢᠯᠳᠦᠭᠦᠯᠬᠦ ᠬᠡᠷᠡᠭᠲᠡᠢ᠃
     3᠂ ᠤᠷᠤᠭᠤᠯᠵᠤ ᠢᠷᠡᠬᠦ ᠦᠷᠡᠰ ᠭᠠᠬᠠᠢ ᠵᠢ ᠡᠷᠯᠢᠰᠡᠵᠢᠭᠦᠯᠬᠦ᠎ᠳᠤ ᠬᠡᠷᠡᠭᠯᠡᠨ᠎ᠡ᠃ ᠨᠢᠭᠡ᠎ᠳᠤ᠂ ᠤᠷᠤᠭᠤᠯᠵᠤ ᠢᠷᠡᠭᠰᠡᠨ ᠦᠷᠡᠰ ᠭᠠᠬᠠᠢ᠎ᠪᠠᠷ ᠡᠷᠯᠢᠰᠡ ᠦᠷᠡᠰ ᠭᠠᠬᠠᠢ ᠵᠢ ᠦᠷᠡᠵᠢᠭᠦᠯᠦᠨ᠎ᠡ᠃ ᠡᠭᠦᠨ᠎ᠳᠤ ᠤᠷᠤᠭᠤᠯᠵᠤ ᠢᠷᠡᠬᠦ ᠦᠷᠡᠰ ᠭᠠᠬᠠᠢ᠎ᠨᠢ ᠤᠯᠠᠩᠬᠢ᠎ᠳᠠᠭᠠᠨ ᠲᠤᠮᠤ ᠴᠠᠭ᠋ᠠᠨ ᠭᠠᠬᠠᠢ ᠪᠤᠶᠤ ᠤᠷᠲᠤ ᠴᠠᠭ᠋ᠠᠨ ᠭᠠᠬᠠᠢ ᠪᠤᠯᠤᠨ᠎ᠠ᠃ ᠡᠷᠯᠢᠰᠡᠵᠢᠭᠦᠯᠬᠦ ᠠᠷᠭ᠎ᠠ᠎ᠨᠢ ᠳᠡᠭᠡᠷ᠎ᠡ ᠲᠠᠨᠢᠯᠴᠠᠭᠤᠯᠤᠭᠰᠠᠨ᠎ᠲᠠᠢ ᠠᠳᠠᠯᠢ᠃ ᠬᠤᠶᠠᠷ᠎ᠲᠤ᠂ ᠤᠷᠤᠭᠤᠯᠵᠤ ᠢᠷᠡᠭᠰᠡᠨ ᠠᠵᠢᠷᠭ᠋ᠠᠨ ᠭᠠᠬᠠᠢ᠎ᠪᠠᠷ ᠤᠷᠤᠨ᠎ᠤ ᠮᠡᠭᠡᠵᠢ ᠵᠢ ᠡᠷᠯᠢᠰᠡᠵᠢᠭᠦᠯᠵᠦ ᠲᠠᠸᠠᠷ᠎ᠤᠨ ᠭᠠᠬᠠᠢ ᠵᠢ ᠦᠷᠡᠵᠢᠭᠦᠯᠦᠨ᠎ᠡ᠃ ᠡᠨᠡᠬᠦ ᠠᠷᠭ᠎ᠠ᠎ᠳᠤ ᠤᠯᠠᠨ ᠲᠦᠷᠦᠯ᠎ᠤᠨ ᠤᠷᠤᠭᠤᠯᠵᠤ ᠢᠷᠡᠭᠰᠡᠨ ᠡᠭᠦᠯᠳᠡᠷ᠎ᠢ ᠰᠤᠩᠭᠤᠳᠠᠭ᠃ ᠭᠡᠬᠦ᠎ᠳᠡᠭᠡᠨ ᠵᠠᠪᠠᠯ ᠤᠷᠤᠨ ᠭᠠᠵᠠᠷ᠎ᠤᠨ ᠵᠶ᠋ᠠᠨ ᠪᠤᠳᠠᠲᠠᠢ ᠬᠡᠷᠡᠭᠴᠡᠭᠡ᠎ᠠᠴᠠ ᠡᠭᠦᠰᠴᠦ᠂ ᠦᠷᠡᠰ ᠭᠠᠬᠠᠢ ᠵᠢ ᠰᠤᠩᠭᠤᠬᠤ ᠬᠡᠷᠡᠭᠲᠡᠢ᠃
      ᠡᠷᠯᠢᠰᠡᠵᠢᠭᠦᠯᠬᠦ ᠠᠷᠭ᠎ᠠ᠎ᠨᠢ ᠳᠠᠷᠠᠭ᠋ᠠᠬᠢ ᠵᠢᠷᠤᠭ ᠮᠡᠲᠦ᠂ ᠵᠢᠷᠤᠭ ᠬᠤᠶᠠᠷ ᠳᠦᠭᠦᠮ ᠡᠷᠯᠢᠰᠡᠵᠢᠭᠦᠯᠬᠦ ᠠᠷᠭ᠎ᠠ


      ᠵᠢᠷᠤᠭ 3 ᠳᠦᠭᠦᠮ ᠳᠡᠰ ᠳᠡᠪᠰᠢᠭᠦᠯᠬᠦ ᠡᠷᠯᠢᠰᠡᠵᠢᠭᠦᠯᠭᠡ

      ᠠᠩᠬᠠᠷᠬᠤ᠎ᠨᠢ᠄ ᠵᠢᠷᠤᠭ 3᠎ᠤᠨ ᠳᠤᠲᠤᠷᠠᠬᠢ ᠤᠷᠤᠭᠤᠯᠵᠤ ᠢᠷᠡᠭᠰᠡᠨ ᠠᠵᠢᠷᠭ᠋ᠠᠨ ᠭᠠᠬᠠᠢ 1 ᠪᠠ ᠤᠷᠤᠭᠤᠯᠵᠤ ᠢᠷᠡᠭᠰᠡᠨ ᠠᠵᠢᠷᠭ᠋ᠠᠨ ᠭᠠᠬᠠᠢ 2 ᠪᠣᠯ ᠭᠠᠳᠠᠭ᠋ᠠᠳᠤ᠎ᠠᠴᠠ ᠤᠷᠤᠭᠤᠯᠵᠤ ᠢᠷᠡᠭᠰᠡᠨ ᠠᠳᠠᠯᠢ ᠡᠭᠦᠯᠳᠡᠷ᠎ᠤᠨ ᠠᠳᠠᠯᠢ ᠪᠤᠰᠤ ᠭᠠᠬᠠᠢ (ᠪᠤᠳᠠᠭ᠋ᠠᠯᠢ ᠪᠡᠶ᠎ᠡ) ᠪᠤᠯᠤᠨ᠎ᠠ᠃
      ᠤᠷᠤᠭᠤᠯᠵᠤ ᠢᠷᠡᠭᠰᠡᠨ ᠴᠡᠪᠡᠷ ᠡᠭᠦᠯᠳᠡᠷ᠎ᠤᠨ ᠬᠠᠷ᠎ᠠ ᠮᠢᠬᠠᠨ᠎ᠤ ᠬᠡᠷᠡᠭᠴᠡᠭᠡᠲᠦ ᠦᠷᠡᠰ ᠭᠠᠬᠠᠢ᠎ᠪᠠᠷ ᠭᠤᠷᠪᠠᠯᠠᠵᠤ ᠡᠷᠯᠢᠰᠡᠵᠢᠭᠦᠯᠭᠡ ᠬᠢᠬᠦ ᠪᠤᠯᠢ ᠬᠠᠷ᠎ᠠ ᠮᠢᠬᠠᠨ᠎ᠤ ᠬᠡᠷᠡᠭᠴᠡᠭᠡᠲᠦ ᠭᠠᠬᠠᠢ ᠵᠢ ᠪᠤᠢ᠌ᠵᠢᠭᠤᠯᠬᠤ ᠠᠵᠢᠯ᠎ᠤᠨ ᠳᠤᠮᠳᠠᠬᠢ ᠬᠠᠮᠤᠭ᠎ᠤᠨ ᠲᠦᠭᠡᠮᠡᠯ ᠠᠷᠭ᠎ᠠ ᠪᠤᠯᠤᠨ᠎ᠠ᠃
      ᠵᠢᠷᠤᠭ 4 ᠭᠣᠷᠪᠠᠯᠠᠵᠤ ᠡᠷᠯᠢᠰᠡᠵᠢᠭᠦᠯᠬᠦ ᠠᠷᠭ᠎ᠠ (ᠨᠢᠭᠡ)


      ᠵᠢᠷᠤᠭ 5 ᠭᠤᠷᠪᠠᠯᠠᠵᠤ ᠡᠷᠯᠢᠰᠡᠵᠢᠭᠦᠯᠬᠦ ᠠᠷᠭ᠎ᠠ (ᠬᠤᠶᠠᠷ)



     (ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》
          
ᠬᠠᠮᠢᠶ᠎ᠡ ᠪᠦᠬᠦᠢ ᠰᠣᠨᠢᠨ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠬᠤᠶᠠᠷ)
ᠲᠠᠬᠢᠶᠠᠨ᠎ᠤ ᠣᠷᠣᠨ ᠨᠤᠲᠤᠭ᠎ᠤᠨ ᠡᠭᠦᠯᠳᠡᠷ (ᠭᠣᠷᠪᠠ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠭᠤᠷᠪᠠ)
【ᠭᠠᠬᠠᠢ ᠵᠢᠨ ᠡᠭᠦᠯᠳᠡᠷ】 ᠵᠢᠨ ᠬᠣᠸᠠ ᠭᠠᠬᠠᠢ
ᠲᠠᠬᠢᠶᠠᠨ᠎ᠤ ᠣᠷᠣᠨ ᠨᠤᠲᠤᠭ᠎ᠤᠨ ᠡᠭᠦᠯᠳᠡᠷ (ᠳᠦᠷᠪᠡ)
 
            