ᠵᠸᠷᠰᠸᠢ ᠦᠬᠡᠷ
ᠰᠦᠨ ᠬᠡᠷᠡᠭᠯᠡᠭᠦᠨᠲᠦ ᠡᠭᠦᠯᠳᠡᠷ᠎ᠤᠨ ᠦᠬᠡᠷ ᠪᠤᠯᠬᠤ ᠪᠦᠭᠡᠳ ᠰᠦᠨ᠎ᠤ ᠲᠤᠰᠤᠯᠢᠭ᠎ᠤᠨ ᠨᠤᠷᠮ᠎ᠠ᠎ᠨᠢ ᠦᠨᠳᠦᠷ ᠪᠠᠢ᠌ᠳᠠᠭ ᠵᠶ᠋ᠠᠷ ᠵᠶ᠋ᠠᠨ 18 ᠳ᠋ᠤᠭ᠋ᠠᠷ ᠵᠠᠭᠤᠨ᠎ᠳᠤ ᠳᠠᠷᠤᠢ ᠳᠡᠯᠡᠬᠡᠢ᠎ᠳᠤ ᠠᠯᠳᠠᠷᠰᠢᠵᠠᠢ᠃ ᠡᠨᠡ ᠬᠦ᠌ ᠡᠭᠦᠯᠳᠡᠷ᠎ᠤᠨ ᠦᠬᠡᠷ᠎ᠨᠢ ᠠᠩᠭ᠍ᠯᠢ ᠵᠢᠨ ᠵᠸᠷᠰᠸᠢ ᠠᠷᠠᠯ᠎ᠠᠴᠠ ᠤᠭ ᠭᠠᠷᠤᠯ᠎ᠲᠠᠢ ᠶᠤᠮ᠃
ᠵᠸᠷᠰᠸᠢ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠰᠦᠨ ᠬᠡᠷᠡᠭᠯᠡᠭᠦᠨᠲᠦ ᠦᠬᠡᠷ᠎ᠤᠨ ᠨᠡᠢ᠌ᠲᠡᠯᠢᠭ ᠪᠡᠶ᠎ᠡ ᠵᠢᠨ ᠬᠡᠯᠪᠡᠷᠢ ᠳᠦᠷᠰᠦ᠎ᠲᠠᠢ᠃ ᠪᠡᠶ᠎ᠡ ᠪᠢᠯᠳᠠᠷ᠎ᠨᠢ ᠬᠦᠩᠭᠡᠨ ᠪᠦᠭᠡᠳ ᠪᠠᠭ᠎ᠠ᠂ ᠪᠤᠯᠴᠢᠩ᠎ᠨᠢ ᠳᠦᠭᠦᠷᠡᠩ ᠪᠤᠰᠤ᠂ ᠲᠤᠯᠤᠭ᠋ᠠᠢ᠎ᠨᠢ ᠪᠠᠭ᠎ᠠ ᠮᠦᠷᠲᠡᠭᠡᠨ ᠬᠦᠩᠭᠡᠨ ᠭᠤᠸᠠᠯᠢᠭ᠂ ᠮᠠᠩᠨᠠᠢ᠎ᠨᠢ ᠦᠷᠭᠡᠨ ᠪᠦᠭᠡᠳ ᠬᠦᠩᠬᠦᠷ᠂ ᠨᠢᠳᠤᠨ ᠤᠬᠤᠷᠬᠠᠢ᠎ᠨᠢ ᠭᠦᠳᠦᠭᠦᠷ᠂ ᠴᠡᠭᠡᠵᠢ᠎ᠨᠢ ᠭᠦᠨ ᠪᠤᠯᠪᠠᠴᠤ ᠦᠷᠭᠡᠨ ᠪᠢᠰᠢ᠂ ᠳᠡᠯᠡᠩ᠎ᠨᠢ ᠬᠦᠭᠵᠢᠯ ᠰᠠᠢ᠌ᠲᠠᠢ ᠪᠠᠢ᠌ᠳᠠᠭ᠃ ᠬᠠᠮᠠᠷ᠂ ᠰᠡᠭᠦᠯ ᠪᠠ ᠡᠪᠡᠷ᠎ᠤᠨ ᠦᠵᠦᠭᠦᠷ᠎ᠨᠢ ᠬᠠᠷ᠎ᠠ ᠦᠩᠭᠡᠲᠡᠢ᠂ ᠬᠦᠵᠦᠭᠦᠦ ᠪᠠ ᠳᠦᠷᠪᠡᠨ ᠮᠦᠴᠢ᠎ᠨᠢ ᠨᠠᠷᠢᠨ᠂ ᠨᠢᠷᠤᠭᠤ᠎ᠨᠢ ᠤᠷᠲᠤ᠂ ᠬᠡᠪᠡᠯᠢ᠎ᠨᠢ ᠪᠦᠳᠦᠭᠦᠨ᠂ ᠲᠠᠰᠢᠶ᠎ᠠ᠎ᠨᠢ ᠦᠷᠭᠡᠨ ᠲᠡᠭᠰᠢ᠂ ᠬᠤᠢ᠌ᠲᠤ ᠪᠡᠶ᠎ᠡ᠎ᠨᠢ ᠬᠦᠭᠵᠢᠯ ᠰᠠᠢ᠌ᠲᠠᠢ᠂ ᠰᠦᠨ᠎ᠤ ᠰᠤᠳᠠᠯ᠎ᠤᠨ ᠮᠤᠷᠤᠢ᠌ᠯᠲᠠ᠎ᠨᠢ ᠶᠡᠬᠡ ᠪᠦᠭᠡᠳ ᠲᠤᠳᠤᠷᠬᠠᠢ ᠪᠦᠳᠦᠭᠦᠨ ᠪᠠᠢ᠌ᠳᠠᠭ᠃ ᠵᠢᠰᠦᠮ᠎ᠤᠨ ᠭᠦᠨ ᠭᠦᠢ᠍ᠬᠡᠨᠤ ᠵᠦᠷᠢᠶ᠎ᠡ᠎ᠨᠢ ᠨᠡᠯᠢᠶᠡᠳ ᠶᠡᠬᠡ ᠪᠠᠢ᠌ᠵᠤ᠂ ᠭᠦᠢ᠍ᠬᠡᠨ ᠰᠢᠷᠠᠪᠲᠤᠷ ᠬᠦᠷᠡᠩ᠎ᠠᠴᠠ ᠭᠦᠨ ᠬᠦᠷᠡᠩ ᠪᠤᠶᠤ ᠬᠠᠷ᠎ᠠ ᠬᠦᠷᠡᠩ ᠬᠦᠷᠲᠡᠯ᠎ᠡ ᠪᠦᠷ ᠪᠠᠢ᠌ᠳᠠᠭ ᠪᠦᠭᠡᠳ ᠵᠠᠷᠢᠮ᠎ᠨᠢ ᠪᠠᠰᠠ ᠴᠠᠭ᠋ᠠᠨ ᠲᠤᠯᠪᠤ᠎ᠲᠠᠢ ᠶᠤᠮ᠃
ᠵᠸᠷᠰᠸᠢ ᠦᠬᠡᠷ᠎ᠤᠨ ᠪᠡᠯᠭᠡ ᠵᠢᠨ ᠪᠤᠯᠪᠠᠰᠤᠷᠠᠯᠲᠠ᠎ᠨᠢ ᠡᠷᠲᠡ᠂ ᠶᠡᠷᠦ᠎ᠳᠡᠭᠡᠨ 24 ᠰᠠᠷ᠎ᠠ ᠪᠤᠯᠪᠠᠯ ᠲᠤᠭᠤᠯᠯᠠᠳᠠᠭ᠃ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ 3000~ 4500 ᠺᠢᠯᠤᠭ᠌ᠷᠡᠮ ᠪᠠᠢ᠌ᠵᠤ᠂ ᠰᠦᠨ᠎ᠤ ᠲᠤᠰᠤᠯᠢᠭ ᠨᠤᠷᠮ᠎ᠠ᠎ᠨᠢ 5.5%~ 6% ᠪᠠᠢ᠌ᠳᠠᠭ᠂ ᠰᠦᠨᠢ ᠦᠳᠬᠡᠨ᠂ ᠰᠢᠷᠠᠪᠲᠤᠷ ᠦᠩᠭᠡᠲᠡᠢ᠂ ᠦᠷᠦᠮ᠎ᠡ ᠰᠠᠭᠤᠬᠤ᠎ᠨᠢ ᠵᠤᠵᠠᠭ᠋ᠠᠨ᠂ ᠲᠤᠰ᠎ᠤᠨ ᠳᠤᠰᠤᠯ᠎ᠨᠢ ᠶᠡᠬᠡ ᠪᠦᠭᠡᠳ ᠠᠮᠠᠷᠬᠠᠨ ᠢᠯᠭ᠋ᠠᠷᠠᠬᠤ ᠪᠤᠯᠬᠤᠷ ᠰᠢᠷ᠎ᠠ ᠲᠤᠰᠤ ᠦᠢ᠍ᠯᠡᠳᠪᠦᠷᠢᠯᠡᠬᠦ᠎ᠳᠤ ᠮᠠᠰᠢ ᠲᠤᠬᠢᠷᠠᠮᠵᠢᠲᠠᠢ ᠶᠤᠮ᠃
ᠵᠸᠷᠰᠸᠢ ᠦᠬᠡᠷ᠎ᠤᠨ ᠨᠠᠰᠤ ᠭᠦᠢ᠍ᠴᠡᠭᠰᠡᠨ ᠪᠤᠬᠠᠨ᠎ᠤ ᠪᠡᠶ᠎ᠡ ᠵᠢᠨ ᠬᠦᠨᠳᠦ᠎ᠨᠢ 650~ 750 ᠺᠢᠯᠤᠭ᠌ᠷᠡᠮ᠂ ᠦᠨᠢᠶᠡᠨ᠎ᠤ ᠬᠢᠨᠢ 350~ 450 ᠺᠢᠯᠤᠭ᠌ᠷᠡᠮ ᠪᠠᠢ᠌ᠳᠠᠭ᠃ ᠦᠨᠢᠶᠡᠨ᠎ᠤ ᠬᠢᠨᠢ ᠪᠡᠶ᠎ᠡ ᠵᠢᠨ ᠦᠨᠳᠦᠷ᠎ᠨᠢ 113 ᠰᠡᠨᠲ᠋ᠢᠮᠸᠲᠷ᠂ ᠪᠡᠶ᠎ᠡ ᠵᠢᠨ ᠤᠷᠲᠤ᠎ᠨᠢ 133 ᠰᠡᠨᠲ᠋ᠢᠮᠸᠲᠷ᠂ ᠲᠦᠯ᠎ᠤᠨ ᠬᠢᠨᠢ ᠪᠡᠶ᠎ᠡ ᠵᠢᠨ ᠬᠦᠨᠳᠦ᠎ᠨᠢ 23~ 28 ᠺᠢᠯᠤᠭ᠌ᠷᠡᠮ ᠪᠠᠢ᠌ᠳᠠᠭ᠃
ᠵᠸᠷᠰᠸᠢ ᠦᠬᠡᠷ᠎ᠤᠨ ᠪᠡᠶ᠎ᠡ ᠴᠤᠭᠴᠠ᠎ᠨᠢ ᠰᠤᠯᠠᠪᠲᠤᠷ᠂ ᠬᠠᠯᠠᠭᠤᠨ᠎ᠳᠤ ᠲᠡᠰᠪᠦᠷᠢᠲᠡᠢ᠂ ᠡᠪᠡᠳᠴᠢᠨ ᠡᠰᠡᠷᠭᠦᠴᠡᠬᠦ ᠴᠢᠳᠠᠪᠤᠷᠢ᠎ᠨᠢ ᠴᠢᠩᠭ᠎ᠠ ᠪᠠᠢ᠌ᠳᠠᠭ᠃ ᠮᠠᠨ᠎ᠤ ᠤᠯᠤᠰ ᠵᠸᠷᠰᠸᠢ ᠦᠬᠡᠷ᠎ᠢ ᠤᠷᠤᠭᠤᠯᠤᠭ᠋ᠠᠳ ᠭᠤᠤᠯᠳᠠᠭᠤ ᠦᠨᠢᠶᠡᠨ ᠰᠦ᠂ ᠰᠢᠷ᠎ᠠ ᠲᠤᠰᠤ ᠦᠢ᠍ᠯᠡᠳᠪᠦᠷᠢᠯᠡᠬᠦ᠎ᠠᠴᠠ ᠭᠠᠳᠠᠨ᠎ᠠ ᠪᠠᠰᠠ ᠰᠦᠨ᠎ᠤ ᠲᠤᠰᠤᠯᠢᠭ᠎ᠤᠨ ᠨᠤᠷᠮ᠎ᠠ᠎ᠪᠠᠷ ᠳᠤᠤᠷ᠎ᠠ ᠡᠭᠦᠯᠳᠡᠷ᠎ᠤᠨ ᠦᠬᠡᠷ᠎ᠢ ᠡᠷᠯᠢᠰᠡᠵᠢᠭᠦᠯᠦᠭᠡᠳ ᠦᠨᠢᠶᠡᠨ ᠰᠦᠨ᠎ᠤ ᠲᠤᠰᠤᠯᠢᠭ᠎ᠤᠨ ᠨᠤᠷᠮ᠎ᠠ ᠵᠢ᠎ᠨᠢ ᠳᠡᠭᠡᠭᠰᠢᠯᠡᠭᠦᠯᠵᠦ ᠪᠠᠢ᠌ᠬᠤ ᠶᠤᠮ᠃
(ᠢᠷᠡᠯᠲᠡ᠄ ᠴᠸᠨ ᠪᠠᠭ᠋ᠠᠲᠤᠷ᠂ ᠢ᠊· ᠰᠤᠶᠤᠯᠲᠤ ᠨᠠᠷ᠎ᠤᠨ ᠨᠠᠢ᠌ᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠡᠢ᠌ᠷᠡᠭᠦᠯᠪᠡ᠃)