ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠭᠤᠷᠪᠠ)
ᠨᠡᠶ᠋ᠢᠲᠡᠯᠡᠭᠰᠡᠨ ᠴᠠᠭ᠄ 2020-05-28

      ᠰᠢᠮᠸᠨ᠋ᠲᠡᠷ ᠦᠬᠡᠷ

      ᠰᠢᠮᠸᠨ᠋ᠲᠡᠷ ᠦᠬᠡᠷ ᠪᠤᠯ ᠰᠦ ᠮᠢᠬ᠎ᠠ ᠬᠦᠯᠦᠰᠢᠨ᠎ᠤ ᠬᠠᠮᠲᠤᠷᠠᠮᠠᠯ ᠬᠡᠷᠡᠭᠯᠡᠭᠦᠨᠲᠦ ᠡᠭᠦᠯᠳᠡᠷ᠎ᠤᠨ ᠦᠬᠡᠷ ᠮᠦᠨ᠃ ᠲᠤᠰ ᠦᠬᠡᠷ ᠪᠤᠯ ᠰᠸᠢᠰ ᠤᠯᠤᠰ᠎ᠤᠨ ᠠᠯᠫᠰ᠎ᠤᠨ ᠪᠠᠷᠠᠭᠤᠨ ᠬᠤᠢ᠌ᠲᠤ ᠵᠢᠨ ᠠᠭᠤᠯᠠᠷᠬᠠᠭ ᠤᠷᠤᠨ᠎ᠠᠴᠠ ᠤᠭ ᠭᠠᠷᠤᠯ᠎ᠲᠠᠢ ᠶᠤᠮ᠃ ᠳᠡᠯᠡᠬᠡᠢ ᠳᠡᠭᠡᠷ᠎ᠡ ᠲᠠᠷᠬᠠᠯᠲᠠ᠎ᠪᠠᠷ ᠬᠠᠮᠤᠭ᠎ᠠᠴᠠ ᠦᠷᠭᠡᠨ ᠪᠦᠭᠡᠳ ᠮᠠᠨ᠎ᠤ ᠤᠯᠤᠰ 20 ᠳ᠋ᠤᠭ᠋ᠠᠷ ᠵᠠᠭᠤᠨ᠎ᠤ ᠡᠬᠢ᠎ᠪᠠᠷ ᠬᠦᠯᠦᠨ ᠪᠦᠢ᠍ᠷ ᠬᠤᠲᠠ ᠵᠡᠷᠭᠡ ᠭᠠᠵᠠᠷ ᠤᠷᠤᠨ᠎ᠳᠤ ᠤᠷᠤᠭᠤᠯᠵᠤ ᠠᠪᠴᠢᠷᠠᠭᠰᠠᠨ ᠪᠠᠢ᠌ᠨ᠎ᠠ᠃ 1957~1981 ᠤᠨ ᠪᠤᠯᠲᠠᠯ᠎ᠠ ᠬᠡᠳᠦ ᠤᠳᠠᠭ᠎ᠠ ᠤᠤᠯ ᠵᠦᠪᠯᠡᠯᠲᠦ᠂ ᠰᠢᠨ᠎ᠡ ᠽᠢᠯᠠᠨᠳ᠋᠂ ᠭᠧᠷᠮᠠᠨ ᠵᠡᠷᠭᠡ ᠤᠯᠤᠰ᠎ᠠᠴᠠ ᠮᠠᠨ᠎ᠤ ᠤᠯᠤᠰ᠎ᠤᠨ ᠦᠪᠦᠷ ᠮᠤᠩᠭᠤᠯ᠂ ᠭᠢᠷᠢᠨ᠂ ᠬᠠᠷᠠᠮᠦ᠋ᠷᠡᠨ ᠵᠡᠷᠭᠡ ᠮᠤᠵᠢ ᠦᠪᠡᠷᠲᠡᠭᠡᠨ ᠵᠠᠰᠠᠬᠤ ᠤᠷᠤᠨ᠎ᠳᠤ ᠤᠷᠤᠭᠤᠯᠤᠭᠰᠠᠨ᠎ᠤ ᠳᠠᠷᠠᠭ᠎ᠠ᠂ ᠤᠷᠲᠤ ᠬᠤᠭᠤᠴᠠᠭ᠎ᠠ᠎ᠪᠠᠷ ᠰᠤᠩᠭᠤᠨ ᠪᠤᠢ᠌ᠵᠢᠭᠤᠯᠬᠤ ᠪᠤᠶᠤ ᠲᠤᠰ ᠭᠠᠵᠠᠷ ᠤᠷᠤᠨ᠎ᠤ᠎ᠪᠠᠨ ᠨᠤᠲᠤᠭ᠎ᠤᠨ ᠡᠭᠦᠯᠳᠡᠷ ᠵᠶ᠋ᠡᠨ ᠡᠷᠯᠢᠰᠡᠵᠢᠭᠦᠯᠦᠨ ᠰᠠᠢ᠌ᠵᠢᠷᠠᠭᠤᠯᠤᠭ᠋ᠠᠳ ᠮᠠᠰᠢ ᠶᠡᠬᠡ ᠠᠮᠵᠢᠯᠲᠠ ᠤᠯᠤᠭᠰᠠᠨ ᠶᠤᠮ᠃ ᠡᠭᠦᠨ᠎ᠳᠤ ᠡᠨᠡ ᠬᠦ᠌ ᠡᠭᠦᠯᠳᠡᠷ᠎ᠤᠨ ᠦᠬᠡᠷ᠎ᠨᠢ ᠮᠠᠨ᠎ᠤ ᠤᠷᠤᠨ᠎ᠳᠤ ᠬᠠᠮᠤᠭ ᠤᠯᠠᠨ ᠪᠤᠢ᠃
      ᠰᠢᠮᠸᠨ᠋ᠲᠡᠷ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠪᠡᠶ᠎ᠡ᠎ᠨᠢ ᠲᠤᠮᠤ ᠪᠦᠭᠡᠳ ᠪᠦᠬᠡᠯᠢᠭ᠂ ᠪᠦᠬᠦ ᠪᠡᠶ᠎ᠡ ᠵᠢᠨ ᠪᠤᠯᠴᠢᠩ᠎ᠨᠢ ᠳᠦᠭᠦᠷᠡᠩ᠂ ᠪᠡᠶ᠎ᠡ ᠵᠢᠨ ᠡᠮᠦᠨ᠎ᠡ ᠬᠡᠰᠡᠭ᠎ᠨᠢ ᠬᠤᠢ᠌ᠲᠤ ᠬᠡᠰᠡᠭ᠎ᠠᠴᠠ ᠬᠦᠭᠵᠢᠯᠲᠡᠢ᠂ ᠮᠠᠩᠨᠠᠢ᠎ᠨᠢ ᠦᠷᠭᠡᠨ᠂ ᠪᠤᠷᠵᠢᠭᠢᠷ ᠦᠰᠦ᠎ᠲᠠᠢ᠂ ᠴᠡᠭᠡᠵᠢ᠎ᠨᠢ ᠭᠦᠨ᠂ ᠨᠢᠷᠤᠭᠤ᠎ᠨᠢ ᠦᠷᠭᠡᠨ᠂ ᠪᠡᠶ᠎ᠡ᠎ᠨᠢ ᠤᠷᠲᠤ᠂ ᠳᠦᠷᠪᠡᠨ ᠮᠦᠴᠢ᠎ᠨᠢ ᠲᠤᠷᠪᠢᠯᠢᠭ ᠴᠢᠳᠠᠯᠲᠠᠢ᠂ ᠲᠤᠭᠤᠷᠠᠢ᠎ᠨᠢ ᠲᠤᠭᠤᠷᠢᠭ ᠵᠤᠵᠠᠭ᠋ᠠᠨ᠂ ᠳᠡᠯᠡᠩ᠎ᠤᠨ ᠬᠦᠭᠵᠢᠯ᠎ᠨᠢ ᠳᠤᠮᠳᠠ ᠵᠡᠷᠭᠡ᠂ ᠳᠦᠷᠪᠡᠨ ᠬᠦᠬᠦᠨ ᠲᠤᠪᠴᠢ᠎ᠨᠢ ᠵᠢᠭᠳᠡ᠂ ᠦᠰᠦ᠎ᠨᠢ ᠵᠤᠵᠠᠭ᠋ᠠᠨ᠂ ᠪᠤᠬᠠᠨ᠎ᠤ ᠬᠦᠵᠦᠭᠦᠦ᠎ᠨᠢ ᠪᠦᠳᠦᠭᠦᠨ᠂ ᠤᠮᠤᠷᠤᠤ᠎ᠨᠢ ᠬᠦᠭᠵᠢᠯᠲᠡᠢ ᠪᠠᠢ᠌ᠳᠠᠭ᠃ ᠵᠢᠰᠦᠮ᠎ᠨᠢ ᠤᠯᠠᠭ᠋ᠠᠨ ᠠᠯᠠᠭ ᠪᠤᠶᠤ ᠰᠢᠷ᠎ᠠ ᠠᠯᠠᠭ ᠪᠠᠢ᠌ᠵᠤ᠂ ᠲᠤᠯᠤᠭ᠋ᠠᠢ ᠪᠠ ᠳᠦᠷᠪᠡᠨ ᠮᠦᠴᠢ᠎ᠨᠢ ᠶᠡᠷᠦ᠎ᠳᠡᠭᠡᠨ ᠴᠠᠭ᠋ᠠᠨ ᠪᠠᠢ᠌ᠳᠠᠭ᠂ ᠰᠠᠷᠢᠰᠤᠨ ᠬᠠᠮᠠᠷ᠎ᠨᠢ ᠶᠠᠭ᠋ᠠᠪᠲᠤᠷ ᠶᠤᠮ᠃ ᠲᠠᠷᠭᠤᠯᠠᠬᠤ ᠪᠠ ᠮᠢᠬᠠᠯᠠᠬᠤ ᠴᠢᠳᠠᠪᠤᠷᠢ᠎ᠨᠢ ᠤᠨᠴᠠ ᠰᠠᠢ᠌ᠨ ᠪᠠᠢ᠌ᠳᠠᠭ᠃ 13~18 ᠰᠠᠷ᠎ᠠ ᠪᠤᠯᠤᠭᠰᠠᠨ ᠵᠠᠯᠠᠭᠤ ᠦᠨᠢᠶ᠎ᠡ ᠵᠢᠨ ᠡᠳᠦᠷ᠎ᠤᠨ ᠬᠦᠨᠳᠦ ᠵᠢᠨ ᠨᠡᠮᠡᠭᠳᠡᠯ᠎ᠨᠢ 505 ᠭ᠋ᠷᠡᠮ ᠬᠦᠷᠳᠡᠭ᠃
      ᠰᠢᠮᠸᠨ᠋ᠲᠡᠷ ᠦᠬᠡᠷ᠎ᠤᠨ ᠵᠢᠯ᠎ᠤᠨ ᠰᠦ ᠱᠦᠭᠦᠷᠡᠯ᠎ᠤᠨ ᠬᠤᠭᠤᠴᠠᠭ᠋ᠠᠨ (250~300 ᠡᠳᠦᠷ)᠎ᠳᠠᠬᠢ ᠰᠦᠨ᠎ᠤ ᠭᠠᠷᠤᠯᠲᠠ᠎ᠨᠢ 3000~4500 ᠺᠢᠯᠤᠭ᠌ᠷᠡᠮ᠂ ᠰᠦᠨ᠎ᠤ ᠲᠤᠰᠤᠯᠢᠭ᠎ᠤᠨ ᠨᠤᠷᠮ᠎ᠠ᠎ᠨᠢ 3.9% ᠪᠤᠯᠤᠨ᠎ᠠ᠃
      ᠪᠤᠬᠠᠨ᠎ᠤ ᠪᠡᠶ᠎ᠡ ᠵᠢᠨ ᠦᠨᠳᠦᠷ᠎ᠨᠢ 147 ᠰᠡᠨᠲ᠋ᠢᠮᠸᠲᠷ ᠤᠷᠴᠢᠮ᠂ ᠪᠡᠶ᠎ᠡ ᠵᠢᠨ ᠬᠦᠨᠳᠦ᠎ᠨᠢ 1100~1300 ᠺᠢᠯᠤᠭ᠌ᠷᠡᠮ᠂ ᠦᠨᠢᠶᠡᠨ᠎ᠤ ᠪᠡᠶ᠎ᠡ ᠵᠢᠨ ᠦᠨᠳᠦᠷ᠎ᠨᠢ 134 ᠰᠡᠨᠲ᠋ᠢᠮᠸᠲᠷ ᠤᠷᠴᠢᠮ᠂ ᠪᠡᠶ᠎ᠡ ᠵᠢᠨ ᠬᠦᠨᠳᠦ᠎ᠨᠢ 650~750 ᠺᠢᠯᠤᠭ᠌ᠷᠡᠮ ᠪᠠᠢ᠌ᠵᠤ᠂ ᠨᠢᠳᠤᠯᠦᠯᠲᠡ ᠵᠢᠨ ᠨᠤᠷᠮ᠎ᠠ᠎ᠨᠢ 60%᠎ᠠᠴᠠ ᠳᠡᠭᠡᠭᠰᠢ ᠪᠠᠢ᠌ᠳᠠᠭ᠃ ᠡᠨᠡ ᠬᠦ᠌ ᠦᠬᠡᠷ᠎ᠤᠨ ᠮᠢᠬ᠎ᠠ᠎ᠨᠢ ᠵᠦᠭᠡᠯᠡᠨ᠂ ᠬᠠᠷ᠎ᠠ ᠮᠢᠬ᠎ᠠ᠎ᠨᠢ ᠤᠯᠠᠨ᠂ ᠦᠭᠡᠬᠦ᠎ᠨᠢ ᠴᠦᠭᠡᠨ ᠮᠦᠷᠲᠡᠭᠡᠨ ᠲᠠᠷᠬᠠᠯᠲᠠ᠎ᠨᠢ ᠵᠢᠭᠳᠡ᠂ ᠪᠦᠳᠦᠭᠦᠯᠢᠭ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠᠲᠠᠢ ᠪᠦᠭᠡᠳ ᠬᠠᠯᠠ ᠳᠠᠭ᠋ᠠᠭ᠋ᠠᠳᠠᠭ᠃ ᠡᠭᠦᠨ᠎ᠠᠴᠠ ᠭᠠᠳᠠᠨ᠎ᠠ ᠪᠠᠰᠠ ᠪᠡᠶ᠎ᠡ ᠴᠤᠭᠴᠠ᠎ᠨᠢ ᠪᠦᠬᠡᠯᠢᠭ᠂ ᠵᠤᠬᠢᠴᠠᠬᠤ ᠴᠢᠨᠠᠷ ᠵᠶ᠋ᠠᠷ ᠰᠠᠢ᠌ᠨ᠂ ᠦᠷᠡᠵᠢᠬᠦ ᠪᠠ ᠡᠪᠡᠳᠴᠢᠨ ᠡᠰᠡᠷᠭᠦᠴᠡᠬᠦ ᠴᠢᠳᠠᠪᠤᠷᠢ᠎ᠨᠢ ᠴᠦᠮ ᠴᠢᠩᠭ᠎ᠠ ᠪᠦᠭᠡᠳ ᠤᠷᠲᠤ ᠨᠠᠰᠤᠯᠠᠳᠠᠭ᠃
     (ᠢᠷᠡᠯᠲᠡ᠄ ᠴᠸᠨ ᠪᠠᠭ᠋ᠠᠲᠤᠷ᠂ ᠢ᠊· ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠡᠯᠭᠡᠷ᠂ ᠨᠠᠷᠠᠨ ᠨᠠᠷ ᠨᠠᠢ᠌ᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》
          
ᠬᠠᠮᠢᠶ᠎ᠡ ᠪᠦᠬᠦᠢ ᠰᠣᠨᠢᠨ
【ᠭᠠᠬᠠᠢ ᠵᠢᠨ ᠡᠭᠦᠯᠳᠡᠷ】 ᠵᠢᠨ ᠬᠣᠸᠠ ᠭᠠᠬᠠᠢ
ᠲᠠᠬᠢᠶᠠᠨ᠎ᠤ ᠣᠷᠣᠨ ᠨᠤᠲᠤᠭ᠎ᠤᠨ ᠡᠭᠦᠯᠳᠡᠷ (ᠳᠦᠷᠪᠡ)
【ᠭᠠᠬᠠᠢ ᠵᠢᠨ ᠡᠭᠦᠯᠳᠡᠷ】 ᠵᠡᠭᠦᠨ ᠬᠤᠢ᠌ᠲᠤ ᠵᠢᠨ ᠠᠷᠠᠳ᠎ᠤᠨ ᠭᠠᠬᠠᠢ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠨᠠᠢ᠍ᠮᠠ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠᠨ ᠨᠢᠭᠡ)
 
            