ᠺᠤᠰᠲᠷᠤᠮᠠ ᠦᠬᠡᠷ
ᠲᠤᠰ ᠡᠭᠦᠯᠳᠡᠷ᠎ᠤᠨ ᠦᠬᠡᠷ ᠪᠣᠯ ᠰᠦ ᠮᠢᠬᠠᠨ᠎ᠤ ᠬᠤᠤᠰ ᠬᠡᠷᠡᠭᠯᠡᠭᠦᠨᠲᠦ ᠡᠭᠦᠯᠳᠡᠷ᠎ᠤᠨ ᠦᠬᠡᠷ ᠪᠣᠯᠣᠨ᠎ᠠ᠃ ᠺᠤᠰᠲᠷᠤᠮᠠ ᠦᠬᠡᠷ ᠪᠣᠯ ᠣᠣᠯ ᠵᠦᠪᠯᠡᠯᠲᠦ ᠬᠤᠯᠪᠤᠭ᠋ᠠᠲᠤ ᠤᠯᠤᠰ᠎ᠤᠨ ᠸᠤᠯᠭ᠎ᠠ ᠮᠦᠷᠡᠨ᠎ᠤ ᠰᠠᠪᠠ ᠭᠠᠵᠠᠷ᠎ᠤᠨ ᠺᠤᠰᠲᠷᠤᠮᠠ ᠣᠷᠣᠨ᠎ᠠᠴᠠ ᠤᠭ ᠭᠠᠷᠤᠯ᠎ᠲᠠᠢ ᠶᠣᠮ᠃
ᠺᠤᠰᠲᠷᠤᠮᠠ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠪᠡᠶ᠎ᠡ᠎ᠨᠢ ᠲᠤᠮᠤ ᠪᠦᠳᠦᠭᠦᠨ᠂ ᠠᠷᠠᠭ ᠶᠠᠰᠤ᠎ᠨᠢ ᠪᠦᠬᠡᠯᠢᠭ᠂ ᠪᠤᠯᠴᠢᠩ᠎ᠨᠢ ᠳᠦᠭᠦᠷᠡᠩ᠂ ᠡᠪᠡᠷᠲᠠᠢ ᠪᠠᠢ᠌ᠳᠠᠭ᠃ ᠵᠢᠰᠦᠮ᠎ᠨᠢ ᠭᠦᠢ᠍ᠬᠡᠨ ᠬᠦᠷᠡᠩ ᠶᠣᠮ᠃
ᠡᠨᠡ ᠬᠦ᠌ ᠡᠭᠦᠯᠳᠡᠷ᠎ᠤᠨ ᠦᠨᠢᠶᠡᠨ᠎ᠤ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠳᠤᠮᠳᠠᠴᠢ ᠰᠦᠨ᠎ᠤ ᠭᠠᠷᠤᠯᠲᠠ᠎ᠨᠢ 4910 ᠺᠢᠯᠦᠭᠷᠡᠮ ᠪᠠᠢ᠌ᠵᠤ᠂ ᠰᠦᠨ᠎ᠤ ᠲᠤᠰᠤᠯᠢᠭ᠎ᠤᠨ ᠨᠤᠷᠮ᠎ᠠ᠎ᠨᠢ 3.9% ᠪᠠᠢ᠌ᠳᠠᠭ᠃ ᠪᠤᠬᠠᠨ᠎ᠤ ᠪᠡᠶ᠎ᠡ ᠵᠢᠨ ᠬᠦᠨᠳᠦ᠎ᠨᠢ 900~1000 ᠺᠢᠯᠦᠭᠷᠡᠮ ᠪᠠᠢ᠌ᠵᠤ᠂ ᠦᠨᠢᠶᠡᠨ᠎ᠤ ᠬᠢᠨᠢ 650 ᠺᠢᠯᠦᠭᠷᠡᠮ ᠶᠤᠮ᠃ ᠨᠢᠲᠤᠯᠤᠯᠲᠠ ᠵᠢᠨ ᠨᠤᠷᠮ᠎ᠠ᠎ᠨᠢ 54%~58% ᠪᠣᠯᠣᠨ᠎ᠠ᠃
ᠺᠤᠰᠲᠷᠤᠮᠠ ᠦᠬᠡᠷ᠎ᠤᠨ ᠡᠪᠡᠳᠴᠢᠨ ᠡᠰᠡᠷᠭᠦᠴᠡᠬᠦ ᠴᠢᠳᠠᠪᠤᠷᠢ᠎ᠨᠢ ᠴᠢᠩᠭ᠎ᠠ᠃ ᠢᠳᠡᠰᠢᠯᠡᠬᠦ ᠬᠡᠮᠵᠢᠶ᠎ᠡ᠎ᠨᠢ ᠶᠡᠬᠡ᠂ ᠬᠦᠢ᠍ᠲᠡᠨ᠎ᠳᠤ ᠲᠡᠰᠪᠦᠷᠢᠲᠡᠢ᠂ ᠵᠤᠬᠢᠴᠠᠬᠤ ᠴᠢᠨᠠᠷ ᠵᠶ᠋ᠠᠷ ᠰᠠᠢ᠌ᠨ ᠪᠠᠢ᠌ᠳᠠᠭ᠂ ᠭᠡᠪᠡᠴᠦ ᠠᠷᠠᠴᠢᠯᠠᠭ᠎ᠠ ᠲᠡᠵᠢᠭᠡᠯᠭᠡ ᠵᠢᠨ ᠱᠠᠭ᠋ᠠᠷᠳᠠᠯᠭ᠎ᠠ᠎ᠨᠢ ᠨᠡᠯᠢᠶᠡᠳ ᠦᠨᠳᠦᠷ ᠶᠤᠮ᠃
(ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)