ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠳᠦᠷᠪᠡ)
ᠨᠡᠶ᠋ᠢᠲᠡᠯᠡᠭᠰᠡᠨ ᠴᠠᠭ᠄ 2020-06-17

      ᠤᠬᠤᠷ ᠡᠪᠡᠷᠲᠦ ᠦᠬᠡᠷ

      ᠤᠬᠤᠷ ᠡᠪᠡᠷᠲᠦ ᠦᠬᠡᠷ᠎ᠤᠨ ᠤᠭ ᠭᠠᠷᠤᠯ᠎ᠨᠢ ᠠᠩᠭ᠍ᠯᠢ ᠤᠯᠤᠰ᠎ᠤᠨ ᠵᠡᠭᠦᠨ ᠬᠤᠢ᠌ᠲᠤ ᠬᠡᠰᠡᠭ᠎ᠲᠠᠬᠢ ᠲᠢᠰ᠎ᠤᠨ ᠭᠤᠤᠯ᠎ᠤᠨ ᠰᠠᠪᠠ ᠭᠠᠵᠠᠷ ᠪᠤᠯᠤᠨ᠎ᠠ᠃ ᠮᠠᠨ᠎ᠤ ᠤᠯᠤᠰ ᠲᠤᠰ ᠡᠭᠦᠯᠳᠡᠷ᠎ᠤᠨ ᠦᠬᠡᠷ᠎ᠢ ᠤᠯᠠᠨ ᠤᠳᠠᠭ᠎ᠠ ᠤᠷᠤᠭᠤᠯᠤᠨ ᠠᠪᠴᠢᠷᠠᠵᠤ ᠰᠤᠩᠭᠤᠨ ᠪᠤᠢ᠌ᠵᠢᠭᠤᠯᠤᠭ᠋ᠠᠳ ᠤᠳᠤ ᠦᠪᠦᠷ ᠮᠤᠩᠭᠤᠯ᠂ ᠵᠡᠭᠦᠨ ᠬᠤᠢ᠌ᠲᠤ ᠤᠷᠤᠨ᠂ ᠡᠾᠪᠸᠢ ᠵᠡᠷᠭᠡ ᠮᠤᠵᠢ ᠦᠪᠡᠷᠲᠡᠭᠡᠨ ᠵᠠᠰᠠᠬᠤ ᠤᠷᠤᠨ᠎ᠳᠤ ᠠᠷᠠᠴᠢᠯᠠᠨ ᠲᠡᠵᠢᠭᠡᠵᠦ ᠪᠤᠢ᠃
      ᠰᠦᠨ ᠮᠢᠬᠠᠨ᠎ᠤ ᠬᠤᠤᠰ ᠬᠡᠷᠡᠭᠯᠡᠭᠦᠨᠲᠦ ᠬᠡᠯᠪᠡᠷᠢ ᠵᠢᠨ ᠤᠬᠤᠷ ᠡᠪᠡᠷᠲᠦ ᠦᠬᠡᠷ᠎ᠤᠨ ᠲᠤᠯᠤᠭ᠋ᠠᠢ᠎ᠨᠢ ᠪᠠᠭ᠎ᠠ᠂ ᠡᠪᠡᠷ᠎ᠨᠢ ᠤᠬᠤᠷ᠂ ᠬᠦᠵᠦᠭᠦᠦ᠎ᠨᠢ ᠪᠤᠭᠤᠨᠢ᠂ ᠰᠡᠷᠪᠡᠭᠡ᠎ᠨᠢ ᠲᠦᠭᠦᠷᠢᠭ ᠳᠦᠭᠦᠷᠡᠩ ᠪᠦᠭᠡᠳ ᠨᠢᠷᠣᠭᠣ᠎ᠨᠢ ᠦᠷᠭᠡᠨ ᠮᠦᠷᠲᠡᠭᠡᠨ ᠲᠡᠭᠰᠢ᠂ ᠳᠦᠷᠪᠡᠨ ᠮᠦᠴᠢ᠎ᠨᠢ ᠨᠡᠯᠢᠶᠡᠳ ᠤᠬᠤᠷ᠂ ᠪᠦᠬᠦ ᠪᠡᠶ᠎ᠡ ᠵᠢᠨ ᠪᠤᠯᠴᠢᠩ᠎ᠨᠢ ᠳᠦᠭᠦᠷᠡᠩ ᠪᠠᠢ᠌ᠳᠠᠭ᠃ ᠪᠤᠬᠠᠨ᠎ᠤ ᠬᠦᠵᠦᠭᠦᠨ ᠬᠡᠰᠡᠭ᠎ᠲᠤᠨᠢ ᠪᠤᠷᠵᠢᠭᠢᠷ ᠤᠷᠲᠤ ᠦᠰᠦ᠎ᠲᠠᠢ ᠶᠤᠮ᠃ ᠪᠤᠬᠠᠨ᠎ᠤ ᠪᠡᠶ᠎ᠡ ᠵᠢᠨ ᠬᠦᠨᠳᠦ᠎ᠨᠢ 800~1200 ᠺᠢᠯᠤᠭ᠌ᠷᠡᠮ᠂ ᠦᠨᠢᠶᠡᠨ᠎ᠤ ᠬᠢᠨᠢ 500~800 ᠺᠢᠯᠤᠭ᠌ᠷᠡᠮ᠂ ᠠᠩᠬ᠎ᠠ ᠲᠤᠭᠤᠯᠯᠠᠭᠰᠠᠨ ᠲᠤᠭᠤᠯ᠎ᠤᠨ ᠬᠢᠨᠢ 32~40 ᠺᠢᠯᠤᠭ᠌ᠷᠡᠮ ᠬᠦᠨᠳᠦ ᠪᠠᠢ᠌ᠳᠠᠭ᠃ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠰᠦᠨ᠎ᠤ ᠭᠠᠷᠤᠯᠲᠠ᠎ᠨᠢ 2500~3500 ᠺᠢᠯᠤᠭ᠌ᠷᠡᠮ᠂ ᠰᠦᠨ᠎ᠤ ᠲᠤᠰᠤᠯᠢᠭ᠎ᠤᠨ ᠨᠤᠷᠮ᠎ᠠ᠎ᠨᠢ 3.8%~4.2% ᠪᠤᠯᠤᠨ᠎ᠠ᠃
      ᠮᠢᠬᠠᠨ᠎ᠤ ᠬᠡᠷᠡᠭᠯᠡᠭᠦᠨᠲᠦ ᠬᠡᠯᠪᠡᠷᠢ ᠵᠢᠨ ᠤᠬᠤᠷ ᠡᠪᠡᠷᠲᠦ ᠦᠬᠡᠷ᠎ᠤᠨ ᠴᠡᠭᠡᠵᠢᠨ᠎ᠤ ᠡᠮᠦᠨ᠎ᠡ ᠬᠡᠰᠡᠭ᠎ᠨᠢ ᠭᠦᠨ ᠪᠦᠭᠡᠳ ᠦᠷᠭᠡᠨ᠂ ᠬᠡᠪᠡᠯᠢ᠎ᠨᠢ ᠪᠦᠭᠡᠷᠡᠩᠬᠡᠢ ᠬᠡᠯᠪᠡᠷᠢᠲᠡᠢ᠂ ᠪᠡᠶ᠎ᠡ ᠵᠢᠨ ᠬᠡᠯᠪᠡᠷᠢ᠎ᠨᠢ ᠤᠷᠲᠤ ᠳᠦᠷᠪᠡᠯᠵᠢᠨ ᠮᠦᠷᠲᠡᠭᠡᠨ ᠪᠦᠬᠦ ᠪᠡᠶ᠎ᠡ ᠵᠢᠨ ᠪᠤᠯᠴᠢᠩ᠎ᠨᠢ ᠬᠤᠤᠰ ᠬᠡᠷᠡᠭᠯᠡᠭᠦᠨᠲᠦ ᠬᠡᠯᠪᠡᠷᠢ ᠵᠢᠨ᠎ᠬᠢ᠎ᠠᠴᠠ ᠨᠡᠩ ᠳᠦᠭᠦᠷᠡᠩ ᠪᠠᠢ᠌ᠳᠠᠭ᠃ ᠪᠤᠬᠠᠨ᠎ᠤ ᠪᠡᠶ᠎ᠡ ᠵᠢᠨ ᠬᠦᠨᠳᠦ᠎ᠨᠢ 1200~1400 ᠺᠢᠯᠤᠭ᠌ᠷᠡᠮ᠂ ᠦᠨᠢᠶᠡᠨ᠎ᠤ ᠬᠢᠨᠢ 650~900 ᠺᠢᠯᠤᠭ᠌ᠷᠡᠮ ᠪᠠᠢ᠌ᠳᠠᠭ᠃ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠰᠦᠨ᠎ᠤ ᠭᠠᠷᠤᠯᠲᠠ᠎ᠨᠢ 1500~3500 ᠺᠢᠯᠤᠭ᠌ᠷᠡᠮ ᠪᠤᠯᠤᠨ᠎ᠠ᠃
      ᠡᠨᠡ ᠬᠤᠶᠠᠷ ᠲᠦᠷᠦᠯ ᠬᠡᠯᠪᠡᠷᠢ ᠵᠢᠨ ᠤᠬᠤᠷ ᠡᠪᠡᠷᠲᠦ ᠦᠬᠡᠷ᠎ᠤᠨ ᠵᠢᠰᠦᠮ᠎ᠤᠨ ᠤᠯᠠᠩᠬᠢ᠎ᠨᠢ ᠪᠠᠷᠠᠭ᠋ᠠᠨ ᠤᠯᠠᠭ᠋ᠠᠨ ᠪᠤᠶᠤ ᠤᠯᠠᠪᠤᠷ ᠬᠦᠷᠡᠩ ᠵᠢᠴᠢ ᠴᠠᠭ᠋ᠠᠨ ᠠᠯᠠᠭ ᠵᠡᠷᠭᠡ ᠪᠠᠢ᠌ᠵᠤ᠂ ᠴᠢᠬᠢᠨ᠎ᠤ ᠦᠵᠦᠭᠦᠷ᠎ᠨᠢ ᠶᠡᠷᠦ᠎ᠳᠡᠭᠡᠨ ᠬᠠᠷ᠎ᠠ ᠪᠠᠢ᠌ᠳᠠᠭ᠃ ᠰᠠᠷᠢᠰᠤᠨ ᠬᠠᠮᠠᠷ᠎ᠨᠢ ᠶᠠᠭ᠋ᠠᠪᠲᠤᠷ ᠦᠩᠭᠡᠲᠡᠢ᠂ ᠡᠪᠡᠷ᠎ᠨᠢ ᠰᠢᠷᠠᠪᠲᠤᠷ ᠪᠤᠶᠤ ᠴᠠᠭ᠋ᠠᠨ ᠦᠩᠭᠡᠲᠡᠢ ᠶᠤᠮ᠃
      ᠤᠬᠤᠷ ᠡᠪᠡᠷᠲᠦ ᠦᠬᠡᠷ᠎ᠤᠨ ᠪᠡᠯᠭᠡ ᠵᠢᠨ ᠪᠤᠯᠪᠠᠰᠤᠷᠠᠯᠲᠠ᠎ᠨᠢ ᠡᠷᠲᠡ᠂ ᠪᠡᠯᠴᠢᠭᠡᠷ᠎ᠤᠨ ᠠᠷᠠᠴᠢᠯᠠᠭ᠎ᠠ ᠮᠠᠯᠯᠠᠭ᠎ᠠ᠎ᠳᠤ ᠵᠤᠬᠢᠴᠠᠬᠤ᠎ᠪᠠᠷ ᠪᠠᠷᠠᠬᠤ ᠦᠭᠡᠢ ᠪᠠᠰᠠ ᠦᠰᠦᠯᠲᠡ ᠪᠤᠢ᠌ᠵᠢᠯᠲᠠ᠎ᠨᠢ ᠲᠦᠷᠭᠡᠨ᠂ ᠮᠢᠬᠠᠨ᠎ᠤ ᠴᠢᠨᠠᠷ᠎ᠨᠢ ᠰᠠᠢ᠌ᠨ᠂ ᠬᠠᠷ᠎ᠠ ᠮᠢᠬ᠎ᠠ ᠶᠡᠬᠡᠲᠡᠢ ᠪᠦᠭᠡᠳ ᠮᠢᠬᠠᠨ᠎ᠤ ᠭᠠᠷᠤᠯᠲᠠ᠎ᠨᠢ ᠨᠡᠯᠢᠶᠡᠳ ᠦᠨᠳᠦᠷ ᠪᠠᠢ᠌ᠳᠠᠭ᠃ ᠡᠳᠦᠷ᠎ᠤᠨ ᠬᠦᠨᠳᠦ ᠵᠢᠨ ᠳᠤᠮᠳᠠᠴᠢ ᠨᠡᠮᠡᠭᠳᠡᠯ᠎ᠨᠢ 1 ᠺᠢᠯᠤᠭ᠌ᠷᠡᠮ ᠭᠠᠷᠤᠢ ᠪᠠᠢ᠌ᠵᠤ᠂ ᠨᠢᠳᠤᠯᠤᠯᠲᠠ ᠵᠢᠨ ᠨᠤᠷᠮ᠎ᠠ᠎ᠨᠢ 65%~70%᠎ᠳᠤ ᠬᠦᠷᠳᠡᠭ᠃
     (ᠢᠷᠡᠯᠲᠡ᠄ ᠴᠸᠨ ᠪᠠᠭ᠋ᠠᠲᠤᠷ᠂ ᠢ᠊· ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ ᠨᠠᠢ᠌ᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》
          
ᠬᠠᠮᠢᠶ᠎ᠡ ᠪᠦᠬᠦᠢ ᠰᠣᠨᠢᠨ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠶᠢᠰᠦ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠨᠢᠭᠡ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠬᠤᠶᠠᠷ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠭᠤᠷᠪᠠ)
 
            