ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠ)
ᠨᠡᠶ᠋ᠢᠲᠡᠯᠡᠭᠰᠡᠨ ᠴᠠᠭ᠄ 2020-08-12

      ᠮᠣᠩᠭᠤᠯ ᠦᠬᠡᠷ
      ᠮᠣᠩᠭᠤᠯ ᠦᠬᠡᠷ᠎ᠤᠨ ᠲᠦᠷᠦᠯ ᠬᠡᠯᠪᠡᠷᠢ᠎ᠳᠤ ᠬᠠᠷᠢᠶᠠᠯᠠᠭᠳᠠᠨ᠎ᠠ᠃ ᠦᠪᠦᠷ ᠮᠣᠩᠭᠤᠯ ᠪᠣᠯᠣᠨ ᠪᠠᠷᠠᠭᠤᠨ ᠬᠤᠢ᠌ᠲᠤ ᠤᠷᠤᠨ᠂ ᠤᠮᠠᠷᠠᠲᠤ ᠤᠷᠤᠨ᠎ᠤ ᠬᠤᠢ᠌ᠲᠤ ᠬᠡᠰᠡᠭ ᠵᠶ᠋ᠡᠷ ᠲᠠᠷᠬᠠᠵᠤ ᠪᠣᠢ᠃ ᠬᠢᠩᠭ᠋ᠠᠨ ᠳᠠᠪᠠᠭ᠋ᠠᠨ᠎ᠤ ᠵᠡᠭᠦᠨ ᠪᠠ ᠪᠠᠷᠠᠭᠤᠨ ᠬᠤᠷᠮᠤᠢ ᠪᠣᠯ ᠲᠡᠭᠦᠨ᠎ᠤ ᠭᠤᠤᠯ ᠡᠭᠦᠰᠦᠯᠲᠡ ᠵᠢᠨ ᠣᠷᠣᠨ ᠮᠦᠨ᠃
      ᠮᠣᠩᠭᠣᠯ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠰᠡᠷᠪᠡᠭᠡ᠎ᠨᠢ ᠳᠤᠤᠷ᠎ᠠ ᠪᠦᠭᠡᠳ ᠲᠡᠭᠰᠢᠬᠡᠨ ᠪᠠᠢ᠌ᠵᠤ᠂ ᠪᠠᠷᠤᠭ ᠨᠢᠷᠤᠭᠤ᠎ᠲᠠᠢ᠎ᠪᠠᠨ ᠠᠳᠠᠯᠢ ᠦᠨᠳᠦᠷ ᠪᠠᠢ᠌ᠳᠠᠭ᠃ ᠵᠣ᠋ ᠨᠢᠷᠤᠭᠤ᠎ᠨᠢ ᠠᠰᠬᠠᠨ ᠪᠦᠭᠡᠳ ᠲᠡᠭᠰᠢ᠂ ᠳᠡᠯᠡᠩ᠎ᠤᠨ ᠪᠣᠢ᠌ᠵᠢᠯᠲᠠ᠎ᠨᠢ ᠪᠤᠰᠤᠳ ᠰᠢᠷ᠎ᠠ ᠦᠬᠡᠷ᠎ᠤᠨ᠎ᠬᠢ᠎ᠠᠴᠠ ᠰᠠᠢ᠌ᠨ ᠪᠠᠢ᠌ᠳᠠᠭ᠃ ᠪᠡᠶ᠎ᠡ ᠵᠢᠨ ᠬᠡᠯᠪᠡᠷᠢ᠎ᠨᠢ ᠰᠦᠨ ᠬᠡᠷᠡᠭᠯᠡᠭᠦᠨᠲᠦ ᠦᠬᠡᠷ᠎ᠲᠠᠢ ᠤᠢ᠌ᠷᠠᠯᠴᠠᠭ᠎ᠠ ᠶᠣᠮ᠃ ᠡᠪᠡᠷ᠎ᠨᠢ ᠤᠷᠲᠤ ᠪᠦᠭᠡᠳ ᠱᠣᠪᠣᠭᠣᠷ᠂ ᠵᠢᠰᠦᠮ᠎ᠨᠢ ᠤᠯᠠᠩᠬᠢ᠎ᠨᠢ ᠰᠢᠷ᠎ᠠ ᠬᠦᠷᠡᠩ ᠪᠠᠢ᠌ᠵᠤ᠂ ᠬᠠᠷ᠎ᠠ᠂ ᠬᠠᠷ᠎ᠠ ᠠᠯᠠᠭ ᠴᠤ᠌ ᠪᠣᠢ᠃
      ᠰᠢᠯᠢᠳᠡᠭ ᠰᠠᠢ᠌ᠨ ᠪᠡᠯᠴᠢᠭᠡᠷ ᠤᠰᠤ᠎ᠲᠠᠢ ᠨᠦᠭᠦᠴᠡᠯ ᠳᠤᠤᠷ᠎ᠠ᠂ ᠰᠦ ᠱᠦᠭᠦᠷᠡᠯ᠎ᠤᠨ ᠬᠤᠭᠤᠴᠠᠭ᠎ᠠ᠎ᠨᠢ ᠵᠦᠪᠬᠡᠨ 160~165 ᠡᠳᠦᠷ ᠪᠠᠢ᠌ᠵᠤ᠂ ᠰᠦᠨ᠎ᠤ ᠵᠢᠯ᠎ᠤᠨ ᠭᠠᠷᠤᠯᠲᠠ᠎ᠨᠢ 500~700 ᠺᠢᠯᠦᠭᠷᠡᠮ᠂ ᠬᠠᠮᠤᠭ᠎ᠤᠨ ᠦᠨᠳᠦᠷ᠎ᠲᠡᠭᠡᠨ 1100 ᠺᠢᠯᠦᠭᠷᠡᠮ᠎ᠳᠤ ᠬᠦᠷᠴᠦ᠂ ᠰᠦᠨ᠎ᠤ ᠲᠤᠰᠤᠯᠢᠭ᠎ᠤᠨ ᠨᠤᠷᠮ᠎ᠠ᠎ᠨᠢ 5.22% ᠪᠠᠢ᠌ᠳᠠᠭ᠃
      ᠮᠤᠩᠭᠤᠯ ᠦᠬᠡᠷ᠎ᠤᠨ ᠪᠤᠬᠠᠨ᠎ᠤ ᠪᠡᠶ᠎ᠡ ᠵᠢᠨ ᠬᠦᠨᠳᠦ᠎ᠨᠢ 300~400 ᠺᠢᠯᠦᠭᠷᠡᠮ᠃ ᠦᠨᠢᠶᠡᠨ᠎ᠤ ᠬᠢᠨᠢ 250~350 ᠺᠢᠯᠦᠭᠷᠡᠮ ᠪᠣᠯᠣᠨ᠎ᠠ᠃   ᠮᠢᠬᠠᠨ᠎ᠤ ᠴᠢᠨᠠᠷ᠎ᠨᠢ ᠰᠠᠢ᠌ᠨ᠂ ᠨᠢᠲᠤᠯᠤᠯᠲᠠ ᠵᠢᠨ ᠨᠤᠷᠮ᠎ᠠ᠎ᠨᠢ ᠶᠡᠷᠦ᠎ᠳᠡᠭᠡᠨ 50%᠎ᠳᠤ ᠬᠦᠷᠴᠦ᠂ ᠪᠤᠷᠳᠤᠵᠤ ᠲᠠᠷᠭᠤᠯᠠᠭᠤᠯᠤᠭᠰᠠᠨ ᠦᠬᠡᠷ᠎ᠨᠢ ᠬᠠᠷᠢᠨ 56%᠎ᠳᠤ ᠬᠦᠷᠳᠡᠭ᠃
      ᠮᠣᠩᠭᠤᠯ ᠦᠬᠡᠷ᠎ᠤᠨ ᠪᠡᠶ᠎ᠡ ᠴᠤᠭᠴᠠ᠎ᠨᠢ ᠪᠦᠬᠡᠯᠢᠭ᠂ ᠬᠦᠯᠦᠰᠢᠨ᠎ᠤ ᠴᠢᠳᠠᠪᠤᠷᠢ᠎ᠨᠢ ᠴᠢᠩᠭ᠎ᠠ ᠮᠦᠷᠲᠡᠭᠡᠨ ᠳᠠᠭ᠋ᠠᠭ᠋ᠠᠮᠠᠭ᠋ᠠᠢ᠂ ᠡᠩ᠎ᠤᠨ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠᠲᠠᠢ ᠪᠦᠭᠡᠳ ᠮᠠᠨ᠎ᠤ ᠣᠯᠣᠰ᠎ᠤᠨ ᠤᠮᠠᠷᠠᠲᠤ ᠤᠷᠤᠨ᠎ᠤ ᠪᠠᠢ᠌ᠭ᠋ᠠᠯᠢ ᠵᠢᠨ ᠤᠷᠴᠢᠨ ᠨᠦᠭᠦᠴᠡᠯ᠎ᠳᠤ ᠵᠤᠬᠢᠴᠠᠬᠤ ᠴᠢᠨᠠᠷ ᠵᠶ᠋ᠠᠷ ᠰᠠᠢ᠌ᠨ ᠪᠠᠢ᠌ᠳᠠᠭ᠃ ᠭᠡᠪᠡᠴᠦ ᠪᠡᠶ᠎ᠡ ᠪᠢᠯᠳᠠᠷ᠎ᠨᠢ ᠪᠠᠭ᠎ᠠ ᠪᠦᠭᠡᠳ ᠪᠡᠶ᠎ᠡ ᠵᠢᠨ ᠬᠤᠢ᠌ᠲᠤ ᠬᠡᠰᠡᠭ᠎ᠤᠨ ᠪᠤᠢ᠌ᠵᠢᠯᠲᠠ᠎ᠨᠢ ᠪᠠᠷᠤᠭᠲᠠᠢ ᠶᠣᠮ᠃


     (ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)

ᠢᠷᠡᠯᠲᠡ᠄ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》
          
ᠬᠠᠮᠢᠶ᠎ᠡ ᠪᠦᠬᠦᠢ ᠰᠣᠨᠢᠨ
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠨᠢᠭᠡ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠬᠤᠶᠠᠷ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠭᠤᠷᠪᠠ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠲᠠᠪᠤ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠵᠢᠷᠭᠤᠭ᠎ᠠ)
 
            