ᠰᠧᠢ᠍ᠰᠤᠨ ᠬᠦᠷᠡᠩ ᠦᠬᠡᠷ
ᠣᠣᠯ᠎ᠨᠢ ᠰᠦ ᠮᠢᠬ᠎ᠠ ᠬᠦᠯᠦᠰᠢᠨ᠎ᠤ ᠬᠠᠮᠲᠤᠷᠠᠮᠠᠯ ᠬᠡᠷᠡᠭᠯᠡᠭᠦᠨᠲᠦ ᠡᠭᠦᠯᠳᠡᠷ᠎ᠤᠨ ᠦᠬᠡᠷ ᠪᠠᠢ᠌ᠵᠠᠢ᠂ ᠵᠠᠷᠢᠮ ᠭᠠᠵᠠᠷ ᠤᠷᠤᠨ᠎ᠨᠢ ᠬᠡᠷᠡᠭᠴᠡᠭᠡ᠎ᠪᠠᠨ ᠦᠨᠳᠦᠰᠦᠯᠡᠨ ᠰᠦᠨ ᠬᠡᠷᠡᠭᠯᠡᠭᠦᠨᠲᠦ ᠲᠡᠰᠢ ᠬᠦᠭᠵᠢᠭᠦᠯᠦᠭᠰᠡᠨ ᠪᠠᠢ᠌ᠨ᠎ᠠ᠃ ᠰᠧᠢ᠍ᠰᠤᠨ ᠬᠦᠷᠡᠩ ᠦᠬᠡᠷ ᠪᠣᠯ ᠰᠧᠢ᠍ᠰ ᠣᠯᠣᠰ᠎ᠤᠨ ᠠᠯᠫᠰᠤᠨ ᠡᠮᠦᠨᠡᠲᠦ ᠬᠡᠰᠡᠭ᠎ᠤᠨ ᠠᠭᠤᠯᠠᠷᠬᠠᠭ ᠣᠷᠣᠨ᠎ᠠᠴᠠ ᠤᠭ ᠭᠠᠷᠤᠯ᠎ᠲᠠᠢ ᠶᠤᠮ᠃
ᠰᠧᠢ᠍ᠰᠤᠨ ᠬᠦᠷᠡᠩ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠲᠤᠯᠤᠭ᠋ᠠᠢ᠎ᠨᠢ ᠲᠤᠮᠤ ᠪᠦᠳᠦᠭᠦᠨ᠂ ᠮᠠᠩᠨᠠᠢ᠎ᠨᠢ ᠪᠠᠭ᠎ᠠ ᠬᠦᠩᠬᠦᠷ᠂ ᠬᠤᠶᠠᠷ ᠨᠢᠳᠦ᠎ᠨᠢ ᠪᠦᠯᠲᠡᠭᠡᠷ ᠪᠦᠭᠡᠳ ᠡᠪᠡᠷᠲᠠᠢ᠃ ᠭᠦᠢ᠍ᠬᠡᠨ ᠬᠦᠷᠡᠩ᠂ ᠪᠣᠷᠣ ᠬᠦᠷᠡᠩ ᠪᠣᠶᠣ ᠭᠦᠨ ᠬᠦᠷᠡᠩ ᠵᠢᠰᠦᠮ᠎ᠲᠠᠢ᠃ ᠶᠡᠷᠦ᠎ᠳᠡᠭᠡᠨ ᠠᠮᠠ ᠤᠷᠴᠢᠮ᠎ᠨᠢ ᠴᠠᠭ᠋ᠠᠨ ᠪᠠᠢ᠌ᠵᠤ᠂ ᠲᠤᠭᠤᠷᠠᠢ᠂ ᠡᠪᠡᠷ᠎ᠤᠨ ᠦᠵᠦᠭᠦᠷ ᠵᠢᠴᠢ ᠰᠡᠭᠦᠯ᠎ᠤᠨ ᠦᠵᠦᠭᠦᠷ᠎ᠨᠢ ᠴᠦᠮ ᠬᠠᠷ᠎ᠠ ᠦᠩᠭᠡᠲᠡᠢ ᠶᠣᠮ᠃
ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠰᠦᠨ᠎ᠤ ᠭᠠᠷᠤᠯᠲᠠ᠎ᠨᠢ 3500~4000 ᠺᠢᠯᠦᠭᠷᠡᠮ᠂ ᠰᠦᠨ᠎ᠤ ᠲᠤᠰᠤᠯᠢᠭ᠎ᠤᠨ ᠨᠤᠷᠮ᠎ᠠ᠎ᠨᠢ 4% ᠪᠣᠯᠣᠨ᠎ᠠ᠃
ᠪᠤᠬᠠᠨ᠎ᠤ ᠪᠡᠶ᠎ᠡ ᠵᠢᠨ ᠬᠦᠨᠳᠦ᠎ᠨᠢ 900~1100 ᠺᠢᠯᠦᠭᠷᠡᠮ ᠪᠠᠢ᠌ᠵᠤ᠂ ᠦᠨᠢᠶᠡᠨ᠎ᠤ ᠬᠢᠨᠢ 500~550 ᠺᠢᠯᠦᠭᠷᠡᠮ ᠪᠠᠢ᠌ᠳᠠᠭ᠃ ᠨᠢᠲᠤᠯᠤᠯᠲᠠ ᠵᠢᠨ ᠨᠤᠷᠮ᠎ᠠ᠎ᠨᠢ 50%~60%᠎ᠳᠤ ᠬᠦᠷᠳᠡᠭ᠃
ᠰᠧᠢ᠍ᠰᠤᠨ ᠬᠦᠷᠡᠩ ᠦᠬᠡᠷ᠎ᠤᠨ ᠪᠡᠶ᠎ᠡ᠎ᠨᠢ ᠲᠤᠮᠤ ᠪᠦᠭᠡᠳ ᠪᠦᠬᠡᠯᠢᠭ᠂ ᠵᠠᠩ ᠠᠭ᠋ᠠᠯᠢ᠎ᠨᠢ ᠨᠤᠮᠤᠬᠠᠨ᠂ ᠡᠩ᠎ᠤᠨ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠ᠎ᠲᠠᠢ ᠪᠦᠭᠡᠳ ᠦᠷᠡᠵᠢᠬᠦ ᠴᠢᠳᠠᠪᠤᠷᠢ᠎ᠨᠢ ᠴᠢᠩᠭ᠎ᠠ ᠪᠠᠢ᠌ᠳᠠᠭ᠃ ᠭᠡᠪᠡᠴᠦ ᠪᠡᠯᠭᠡ ᠪᠣᠯᠪᠠᠰᠤᠷᠠᠬᠤ᠎ᠨᠢ ᠨᠡᠯᠢᠶᠡᠳ ᠤᠷᠤᠢ ᠪᠦᠭᠡᠳ ᠦᠬᠢᠨ ᠪᠢᠷᠠᠭᠤ᠎ᠨᠢ 24~28 ᠰᠠᠷ᠎ᠠ ᠪᠣᠯᠪᠠᠯ ᠰᠠᠶᠢ ᠲᠡᠭᠦᠨ᠎ᠢ ᠬᠡᠭᠡᠯᠳᠦᠭᠦᠯᠵᠦ ᠪᠤᠯᠳᠠᠭ᠃
(ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)