ᠠᠢ᠌ᠷ ᠵᠢᠶᠦ᠋ᠨ ᠦᠬᠡᠷ
ᠰᠦᠨ ᠬᠡᠷᠡᠭᠯᠡᠭᠦᠨᠲᠦ ᠦᠬᠡᠷ᠎ᠤᠨ ᠡᠭᠦᠯᠳᠡᠷ ᠮᠦᠨ᠃ ᠠᠢ᠌ᠷ ᠵᠢᠶᠦ᠋ᠨ ᠦᠬᠡᠷ ᠪᠣᠯ ᠠᠩᠭ᠍ᠯᠢ ᠵᠢᠨ ᠰᠺᠦ᠍ᠲᠯᠠᠨᠲ ᠠᠷᠠᠯ᠎ᠤᠨ ᠠᠢ᠌ᠷ ᠵᠢᠶᠦ᠋ᠨ᠎ᠠᠴᠠ ᠤᠭ ᠭᠠᠷᠤᠯ᠎ᠲᠠᠢ ᠶᠤᠮ᠃
ᠲᠤᠰ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠰᠦᠨ ᠬᠡᠷᠡᠭᠯᠡᠭᠦᠨᠲᠦ ᠪᠡᠶ᠎ᠡ ᠵᠢᠨ ᠬᠡᠯᠪᠡᠷᠢ᠎ᠨᠢ ᠲᠤᠳᠤ ᠪᠠᠢ᠌ᠵᠤ᠂ ᠪᠡᠶ᠎ᠡ᠎ᠨᠢ ᠭᠦᠨ ᠤᠷᠲᠤ᠂ ᠠᠷᠠᠭ ᠶᠠᠰᠤ᠎ᠨᠢ ᠪᠦᠬᠡᠯᠢᠭ᠂ ᠪᠣᠯᠴᠢᠩ ᠮᠢᠬ᠎ᠠ᠎ᠨᠢ ᠨᠡᠯᠢᠶᠡᠳ ᠳᠦᠭᠦᠷᠡᠩ ᠪᠠᠢ᠌ᠳᠠᠭ᠃ ᠡᠪᠡᠷ᠎ᠨᠢ ᠨᠠᠷᠢᠨ ᠪᠦᠭᠡᠳ ᠴᠠᠭ᠋ᠠᠨ ᠦᠩᠭᠡᠲᠡᠢ᠂ ᠡᠪᠡᠷ᠎ᠤᠨ ᠦᠵᠦᠭᠦᠷ᠎ᠨᠢ ᠬᠠᠷ᠎ᠠ ᠦᠩᠭᠡᠲᠡᠢ ᠶᠤᠮ᠃ ᠵᠢᠰᠦᠮ᠎ᠨᠢ ᠤᠯᠠᠭ᠋ᠠᠨ᠂ ᠴᠠᠭ᠋ᠠᠨ ᠲᠤᠯᠪᠤ᠎ᠲᠠᠢ ᠪᠦᠭᠡᠳ ᠤᠯᠠᠭ᠋ᠠᠨ ᠦᠩᠭᠡ ᠵᠢᠨ ᠭᠦᠨ ᠭᠦᠢ᠍ᠬᠡᠨᠤ ᠵᠦᠷᠢᠶ᠎ᠡ᠎ᠨᠢ ᠨᠢᠯᠢᠶᠡᠳ ᠶᠡᠬᠡ ᠪᠠᠢ᠌ᠵᠤ᠂ ᠭᠦᠢ᠍ᠬᠡᠨ ᠤᠯᠠᠪᠤᠷ ᠰᠢᠷ᠎ᠠ᠎ᠠᠴᠠ ᠲᠠᠣᠯᠠᠢ ᠵᠢᠨ ᠪᠦᠭᠡᠷ᠎ᠡ ᠵᠢᠨ ᠬᠠᠯᠢᠰᠤ ᠵᠢᠨ᠎ᠬᠢ ᠰᠢᠭ᠋ ᠬᠠᠷᠠᠪᠲᠤᠷ ᠤᠯᠠᠭ᠋ᠠᠨ ᠴᠤ᠌ ᠪᠠᠢ᠌ᠳᠠᠭ᠃
ᠠᠢ᠌ᠷ ᠵᠢᠶᠦ᠋ᠨ ᠦᠬᠡᠷ᠎ᠤᠨ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠳᠤᠮᠳᠠᠴᠢ ᠰᠦᠨ᠎ᠤ ᠭᠠᠷᠤᠯᠲᠠ᠎ᠨᠢ 3500~4000 ᠺᠢᠯᠦᠭᠷᠡᠮ ᠪᠠᠢ᠌ᠵᠤ᠂ ᠰᠦᠨ᠎ᠤ ᠲᠤᠰᠤᠯᠢᠭ᠎ᠤᠨ ᠨᠤᠷᠮ᠎ᠠ᠎ᠨᠢ 3.8%~4% ᠶᠣᠮ᠃
ᠲᠤᠰ ᠡᠭᠦᠯᠳᠡᠷ᠎ᠤᠨ ᠦᠬᠡᠷ᠎ᠤᠨ ᠪᠤᠬᠠᠨ᠎ᠤ ᠪᠡᠶ᠎ᠡ ᠵᠢᠨ ᠬᠦᠨᠳᠦ᠎ᠨᠢ 800 ᠺᠢᠯᠦᠭᠷᠡᠮ᠂ ᠦᠨᠢᠶᠡᠨ᠎ᠤ ᠬᠢᠨᠢ 550 ᠺᠢᠯᠦᠭᠷᠡᠮ ᠪᠣᠯᠣᠨ᠎ᠠ᠃ ᠪᠡᠶ᠎ᠡ ᠴᠤᠭᠴᠠ᠎ᠨᠢ ᠬᠦᠳᠡᠷ ᠴᠢᠬᠢᠷᠠᠭ᠂ ᠵᠣᠬᠢᠴᠠᠬᠤ ᠴᠢᠨᠠᠷ ᠵᠶ᠋ᠠᠷ ᠴᠢᠩᠭ᠎ᠠ᠂ ᠡᠩ᠎ᠤᠨ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠ᠎ᠲᠠᠢ᠂ ᠦᠰᠦᠯᠲᠡ ᠪᠣᠢ᠌ᠵᠢᠯᠲᠠ᠎ᠨᠢ ᠲᠦᠷᠭᠡᠨ ᠮᠦᠷᠲᠡᠭᠡᠨ ᠲᠠᠷᠭᠤᠯᠠᠬᠤ ᠴᠢᠳᠠᠪᠤᠷᠢ᠎ᠨᠢ ᠴᠤ᠌ ᠨᠡᠯᠢᠶᠡᠳ ᠰᠠᠢ᠌ᠨ ᠪᠠᠢ᠌ᠳᠠᠭ᠂ ᠭᠡᠪᠡᠴᠦ ᠵᠠᠩ ᠠᠭ᠋ᠠᠯᠢ᠎ᠨᠢ ᠨᠡᠯᠢᠶᠡᠳ ᠳᠤᠭᠰᠢᠨ ᠶᠣᠮ᠃
(ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)