ᠬᠠᠢ ᠰᠠᠢ ᠺᠸ ᠱ᠌ᠢ ᠲᠠᠬᠢᠶ᠎ᠠ
ᠬᠤᠯᠠᠨᠳ᠋ ᠨᠤᠲᠤᠭ᠎ᠲᠠᠢ᠃ ᠦᠩᠭᠡ ᠵᠢᠰᠤᠮ ᠵᠶ᠋ᠠᠷ᠎ᠨᠢ ᠡᠷᠡᠭᠴᠢᠨ ᠡᠮᠡᠭᠴᠢᠨᠢ ᠢᠯᠭ᠋ᠠᠳᠠᠭ᠃ ᠡᠷᠡᠭᠴᠢᠨ ᠲᠠᠬᠢᠶ᠎ᠠ᠎ᠨᠢ ᠴᠠᠭ᠋ᠠᠨ ᠦᠳᠦ᠎ᠲᠠᠢ᠂ ᠡᠮᠡᠭᠴᠢᠨ ᠲᠠᠬᠢᠶ᠎ᠠ᠎ᠨᠢ ᠤᠯᠠᠭ᠋ᠠᠨ ᠦᠳᠦ᠎ᠲᠠᠢ᠃ ᠡᠮᠡᠭᠴᠢᠨ ᠲᠠᠬᠢᠶᠠᠨ᠎ᠤ ᠪᠡᠶ᠎ᠡ ᠵᠢᠨ ᠬᠦᠨᠳᠦ᠎ᠨᠢ 2 ~ 2.2 ᠺᠢᠯᠤᠭ᠌ᠷᠡᠮ᠃ ᠡᠬᠢᠯᠡᠵᠦ ᠦᠨᠳᠡᠭᠡᠯᠡᠬᠦ ᠬᠤᠨᠤᠭ᠎ᠤᠨ ᠨᠠᠰᠤ᠎ᠨᠢ 161~1 68 ᠡᠳᠦᠷ᠂ ᠵᠢᠯ᠎ᠤᠨ ᠦᠨᠳᠡᠭᠡᠨ᠎ᠤ ᠭᠠᠷᠤᠯᠲᠠ᠎ᠨᠢ 280 ~ 290 (ᠦᠨᠳᠡᠭᠡ)᠂ ᠦᠨᠳᠡᠭᠡᠨ᠎ᠤ ᠬᠦᠨᠳᠦ ᠵᠢᠨ ᠬᠡᠮᠵᠢᠶ᠎ᠡ᠎ᠨᠢ 60.5 ~ 62.8 ᠭ᠋ᠷᠡᠮ᠃ ᠦᠨᠳᠡᠭᠡ ᠪᠤᠷᠳᠤᠭ᠋ᠠᠨ᠎ᠤ ᠬᠠᠷᠢᠴᠠᠯ᠎ᠨᠢ 1᠄ 2.44᠃
(ᠢᠷᠡᠯᠲᠡ᠄ ᠵᠢᠷᠭ᠋ᠠᠯ ᠡᠷᠬᠢᠯᠡᠨ ᠨᠠᠢ᠌ᠷᠠᠭᠤᠯᠤᠭᠰᠠᠨ 《ᠭᠠᠬᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ》᠎ᠠᠴᠠ ᠰᠡᠢ᠌ᠷᠡᠭᠦᠯᠪᠡ)