ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠᠨ ᠨᠢᠭᠡ)
ᠨᠡᠶ᠋ᠢᠲᠡᠯᠡᠭᠰᠡᠨ ᠴᠠᠭ᠄ 2020-08-14

      ᠭᠤᠷᠪᠠᠨ ᠭᠤᠤᠯ᠎ᠤᠨ ᠦᠬᠡᠷ
      ᠲᠤᠰ ᠡᠭᠦᠯᠳᠡᠷ᠎ᠤᠨ ᠦᠬᠡᠷ ᠪᠣᠯ ᠰᠦ ᠮᠢᠬᠠᠨ᠎ᠤ ᠬᠤᠤᠰ ᠬᠡᠷᠡᠭᠯᠡᠭᠦᠨᠲᠦ ᠡᠭᠦᠯᠳᠡᠷ᠎ᠤᠨ ᠦᠬᠡᠷ ᠪᠣᠯᠣᠨ᠎ᠠ᠃ ᠣᠣᠯ᠎ᠨᠢ ᠬᠦᠯᠦᠨ ᠪᠣᠢ᠌ᠷ᠎ᠤᠨ ᠲᠠᠯ᠎ᠠ ᠨᠤᠲᠤᠭ᠎ᠠᠴᠠ ᠣᠭ ᠭᠠᠷᠤᠯ᠎ᠲᠠᠢ ᠪᠦᠭᠡᠳ ᠡᠷᠭᠦᠨ᠎ᠡ ᠪᠠᠷᠠᠭᠤᠨ ᠬᠤᠰᠢᠭᠤᠨ᠎ᠤ ᠭᠣᠷᠪᠠᠨ ᠭᠤᠤᠯ᠎ᠤᠨ ᠣᠷᠣᠨ ᠵᠶ᠋ᠠᠷ ᠨᠡᠯᠢᠶᠡᠳ ᠲᠦᠪᠯᠡᠷᠡᠵᠦ ᠪᠠᠢ᠌ᠭᠰᠠᠨ ᠤᠴᠢᠷ᠎ᠠᠴᠠ ᠡᠨᠡ ᠨᠡᠷ᠎ᠡ ᠵᠢ ᠤᠯᠵᠠᠢ᠃ 19 ᠳ᠋ᠦ᠍ᠭᠡᠷ ᠵᠠᠭᠤᠨ᠎ᠤ ᠰᠡᠭᠦᠯᠴᠢ᠎ᠠᠴᠠ ᠡᠬᠢᠯᠡᠨ ᠲᠤᠬᠠᠢ ᠵᠢᠨ ᠭᠠᠵᠠᠷ᠎ᠤᠨ ᠮᠣᠩᠭᠣᠯ ᠦᠬᠡᠷ ᠬᠢᠭᠡᠳ ᠭᠠᠳᠠᠭ᠋ᠠᠳᠤ ᠵᠢᠨ ᠨᠡᠯᠢᠶᠡᠳ ᠤᠯᠠᠨ ᠡᠭᠦᠯᠳᠡᠷ᠎ᠤᠨ ᠦᠬᠡᠷ (ᠵᠢᠱ᠌ᠢᠶᠡᠯᠡᠪᠡᠯ ᠰᠢᠪᠧᠷᠢᠶ᠎ᠠ ᠦᠬᠡᠷ᠂ ᠰᠢᠮᠧᠨ᠋ᠲᠠᠷ ᠦᠬᠡᠷ᠂ ᠶᠡᠷᠦᠰᠯᠠᠹ ᠦᠬᠡᠷ ᠵᠡᠷᠭᠡ)᠎ᠢ ᠬᠠᠮᠲᠤᠷᠠᠭᠤᠯᠤᠨ ᠬᠡᠷᠡᠭᠯᠡᠵᠦ ᠬᠠᠷᠢᠯᠴᠠᠨ ᠡᠷᠯᠢᠰᠡᠵᠢᠭᠦᠯᠵᠦ ᠪᠠᠢ᠌ᠭ᠋ᠠᠳ ᠪᠣᠢ᠌ᠵᠢᠭᠣᠯᠵᠣ ᠭᠠᠷᠭ᠋ᠠᠭᠰᠠᠨ ᠶᠤᠮ᠃ ᠭᠤᠷᠪᠠᠨ ᠭᠤᠤᠯ᠎ᠤᠨ ᠦᠬᠡᠷ᠎ᠨᠢ ᠭᠤᠤᠯᠳᠠᠭᠤ ᠦᠪᠦᠷ ᠮᠣᠩᠭᠣᠯ ᠪᠣᠯᠣᠨ ᠵᠡᠭᠦᠨ ᠬᠤᠢ᠌ᠲᠤ ᠤᠷᠤᠨ᠎ᠳᠤ ᠲᠠᠷᠬᠠᠵᠤ ᠪᠣᠢ᠃
      ᠭᠤᠷᠪᠠᠨ ᠭᠤᠤᠯ᠎ᠤᠨ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠲᠤᠯᠤᠭ᠋ᠠᠢ᠎ᠨᠢ ᠴᠡᠪᠡᠷ ᠭᠤᠸᠠᠯᠢᠭ᠂ ᠬᠦᠵᠦᠭᠦᠦ᠎ᠨᠢ ᠪᠦᠳᠦᠭᠦᠪᠲᠦᠷ ᠪᠦᠭᠡᠳ ᠤᠷᠲᠤ ᠪᠣᠭᠣᠨᠢ᠎ᠨᠢ ᠲᠡᠩᠴᠡᠭᠦᠷᠢᠲᠡᠢ᠂ ᠳᠠᠯᠤ ᠵᠢᠨ ᠬᠡᠰᠡᠭ᠎ᠨᠢ ᠦᠷᠭᠡᠨ᠂ ᠵᠣ᠋ ᠨᠢᠷᠤᠭᠤ᠎ᠨᠢ ᠲᠡᠭᠰᠢᠬᠡᠨ᠂ ᠪᠡᠶ᠎ᠡ ᠵᠢᠨ ᠬᠤᠢ᠌ᠲᠤ ᠬᠡᠰᠡᠭ᠎ᠨᠢ ᠪᠣᠢ᠌ᠵᠢᠯᠲᠠ᠎ᠪᠠᠷ ᠪᠠᠷᠤᠭᠲᠠᠢ᠂ ᠳᠡᠯᠡᠩ᠎ᠤᠨ ᠪᠣᠢ᠌ᠵᠢᠯᠲᠠ᠎ᠨᠢ ᠳᠤᠮᠳᠠ ᠵᠡᠷᠭᠡ ᠪᠣᠯᠣᠨ᠎ᠠ᠃ ᠵᠢᠰᠦᠮ᠎ᠨᠢ ᠤᠯᠠᠭ᠋ᠠᠨ (ᠰᠢᠷ᠎ᠠ) ᠠᠯᠠᠭ ᠵᠶ᠋ᠠᠷ ᠭᠤᠤᠯᠯᠠᠵᠤ᠂ ᠪᠣᠰᠣᠳ ᠬᠣᠯᠢᠮᠠᠭ ᠵᠢᠰᠦᠮ ᠴᠤ᠌ ᠪᠠᠢ᠌ᠳᠠᠭ᠃
      ᠡᠨᠡ ᠬᠦ᠌ ᠡᠭᠦᠯᠳᠡᠷ᠎ᠤᠨ ᠦᠨᠢᠶᠡᠨ᠎ᠤ ᠰᠦ ᠱᠦᠭᠦᠷᠡᠭᠦᠯᠬᠦ ᠴᠢᠳᠠᠪᠤᠷᠢ᠎ᠨᠢ ᠲᠤᠰ ᠭᠠᠵᠠᠷ ᠤᠷᠤᠨ᠎ᠤ ᠪᠠᠢ᠌ᠭ᠋ᠠᠯᠢ ᠵᠢᠨ ᠨᠦᠭᠦᠴᠡᠯ᠎ᠤᠨ ᠠᠳᠠᠯᠢ ᠪᠣᠰᠤ᠎ᠠᠴᠠ ᠪᠣᠯᠵᠣ ᠬᠤᠭᠤᠷᠤᠨᠲᠤ᠎ᠪᠠᠨ ᠨᠡᠯᠢᠶᠡᠳ ᠶᠡᠬᠡ ᠵᠦᠷᠢᠶᠡᠨ᠎ᠲᠠᠢ ᠪᠠᠢ᠌ᠳᠠᠭ᠃ ᠲᠤᠬᠠᠢ᠌ᠯᠠᠪᠠᠯ ᠰᠦ ᠱᠦᠭᠦᠷᠡᠯ᠎ᠤᠨ ᠬᠤᠭᠤᠴᠠᠭ᠎ᠠ᠎ᠨᠢ ᠶᠡᠷᠦ᠎ᠳᠡᠭᠡᠨ 270~300 ᠡᠳᠦᠷ ᠪᠠᠢ᠌ᠵᠤ᠂ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ 3000~4000 ᠺᠢᠯᠦᠭᠷᠡᠮ᠂ ᠰᠦᠨ᠎ᠤ ᠲᠤᠰᠤᠯᠢᠭ᠎ᠤᠨ ᠨᠤᠷᠮ᠎ᠠ᠎ᠨᠢ 4% ᠤᠷᠴᠢᠮ ᠪᠣᠯᠣᠨ᠎ᠠ᠃ ᠡᠭᠦᠨ᠎ᠳᠤ ᠵᠢᠯ᠎ᠤᠨ ᠰᠦᠨ᠎ᠤ ᠭᠠᠷᠤᠯᠲᠠ᠎ᠪᠠᠷ ᠬᠠᠮᠤᠭ ᠦᠨᠳᠦᠷ᠎ᠨᠢ ᠬᠠᠷᠢᠨ 7000~8000 ᠺᠢᠯᠦᠭᠷᠡᠮ ᠪᠠᠢ᠌ᠳᠠᠭ᠃
      ᠭᠤᠷᠪᠠᠨ ᠭᠤᠤᠯ᠎ᠤᠨ ᠦᠬᠡᠷ᠎ᠤᠨ ᠪᠤᠬᠠᠨ᠎ᠤ ᠪᠡᠶ᠎ᠡ ᠵᠢᠨ ᠬᠦᠨᠳᠦ᠎ᠨᠢ 1050 ᠺᠢᠯᠦᠭᠷᠡᠮ ᠤᠷᠴᠢᠮ᠂ ᠪᠡᠶ᠎ᠡ ᠵᠢᠨ ᠦᠨᠳᠦᠷ᠎ᠨᠢ ᠪᠠᠷᠤᠭ160 ᠰᠡᠨᠲ᠋ᠢᠮᠧᠲᠷ ᠪᠠᠢ᠌ᠵᠤ᠂ ᠦᠨᠢᠶᠡᠨ᠎ᠤ ᠬᠢᠨᠢ ᠪᠡᠶ᠎ᠡ ᠵᠢᠨ ᠬᠦᠨᠳᠦ᠎ᠨᠢ 550 ᠺᠢᠯᠦᠭᠷᠡᠮ ᠤᠷᠴᠢᠮ᠂ ᠪᠡᠶ᠎ᠡ ᠵᠢᠨ ᠦᠨᠳᠦᠷ᠎ᠨᠢ 130 ᠰᠡᠨᠲ᠋ᠢᠮᠧᠲᠷ ᠪᠠᠢ᠌ᠳᠠᠭ᠃ ᠰᠠᠶᠢᠬᠠᠨ ᠲᠤᠭᠤᠯᠯᠠᠭᠰᠠᠨ ᠲᠤᠭᠤᠯ᠎ᠤᠨ ᠪᠡᠶ᠎ᠡ ᠵᠢᠨ ᠬᠦᠨᠳᠦ᠎ᠨᠢ 35 ᠺᠢᠯᠦᠭᠷᠡᠮ ᠪᠠᠢ᠌ᠵᠤ᠂ ᠡᠷ᠎ᠡ ᠲᠤᠭᠤᠯ᠎ᠨᠢ 6 ᠰᠠᠷ᠎ᠠ ᠪᠣᠯᠪᠠᠯ 178 ᠺᠢᠯᠦᠭᠷᠡᠮ ᠬᠦᠷᠴᠦ᠂ ᠡᠮ᠎ᠡ ᠲᠤᠭᠤᠯ᠎ᠨᠢ 6 ᠰᠠᠷ᠎ᠠ ᠪᠣᠯᠪᠠᠯ 169 ᠺᠢᠯᠦᠭᠷᠡᠮ᠎ᠳᠤ ᠬᠦᠷᠳᠡᠭ᠂ 2~3 ᠨᠠᠰᠤᠲᠠᠢ ᠡᠷ᠎ᠡ ᠦᠬᠡᠷ᠎ᠤᠨ ᠨᠢᠲᠤᠯᠤᠯᠲᠠ ᠵᠢᠨ ᠨᠤᠷᠮ᠎ᠠ᠎ᠨᠢ 50%~55%᠂ ᠴᠡᠪᠡᠷ ᠮᠢᠬᠠᠨ᠎ᠤ ᠨᠤᠷᠮ᠎ᠠ᠎ᠨᠢ 45%~48%᠎ᠳᠤ ᠬᠦᠷᠳᠡᠭ᠃ ᠭᠤᠷᠪᠠᠨ ᠭᠤᠤᠯ᠎ᠤᠨ ᠡᠭᠦᠯᠳᠡᠷ᠎ᠤᠨ ᠦᠨᠢᠶ᠎ᠡ᠎ᠨᠢ 20~24 ᠰᠠᠷ᠎ᠠ ᠪᠣᠯᠪᠠᠯ᠂ ᠲᠡᠭᠦᠨ᠎ᠢ ᠬᠡᠭᠡᠯᠳᠦᠭᠦᠯᠵᠦ ᠪᠣᠯᠬᠣ ᠪᠦᠭᠡᠳ ᠦᠷᠡᠵᠢᠯᠲᠡ ᠵᠢᠨ ᠨᠤᠷᠮ᠎ᠠ᠎ᠨᠢ 60%~75%᠎ᠳᠤ ᠬᠦᠷᠴᠦ᠂ ᠭᠡᠭᠡᠯ᠎ᠤᠨ ᠬᠤᠭᠤᠴᠠᠭ᠎ᠠ᠎ᠨᠢ 283~285 ᠡᠳᠦᠷ ᠪᠣᠯᠣᠨ᠎ᠠ᠃
      ᠭᠤᠷᠪᠠᠨ ᠭᠤᠤᠯ᠎ᠤᠨ ᠦᠬᠡᠷ᠎ᠨᠢ ᠬᠦᠢ᠍ᠲᠡᠨ᠎ᠳᠤ ᠲᠡᠰᠪᠦᠷᠢᠲᠡᠢ᠂ ᠡᠩ᠎ᠤᠨ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠᠲᠠᠢ᠂ ᠮᠠᠯᠵᠢᠬᠤ᠎ᠳᠤ ᠬᠢᠯᠪᠡᠷ᠂ ᠵᠤᠬᠢᠴᠠᠬᠤ ᠴᠢᠨᠠᠷ ᠵᠶ᠋ᠠᠷ ᠰᠠᠢ᠌ᠨ ᠪᠠᠢ᠌ᠳᠠᠭ᠃ ᠭᠡᠪᠡᠴᠦ ᠪᠡᠶ᠎ᠡ ᠵᠢᠨ ᠬᠡᠯᠪᠡᠷᠢ᠎ᠨᠢ ᠵᠢᠭᠲᠡ ᠪᠣᠰᠣ᠂ ᠣᠳᠣᠮᠯᠠᠯ᠎ᠤᠨ ᠴᠢᠨᠠᠷ᠎ᠨᠢ ᠲᠤᠭᠲᠠᠪᠤᠷᠢᠵᠢᠭ᠋ᠠᠳᠤᠢ ᠪᠦᠭᠡᠳ ᠬᠤᠳᠤᠯᠠᠢ᠎ᠨᠢ ᠲᠠᠰᠢᠭᠤ ᠵᠡᠷᠭᠡ ᠳᠤᠲᠠᠭᠳᠠᠯ ᠶᠤᠮ᠃


     (ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)

ᠢᠷᠡᠯᠲᠡ᠄ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》
          
ᠬᠠᠮᠢᠶ᠎ᠡ ᠪᠦᠬᠦᠢ ᠰᠣᠨᠢᠨ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠᠨ ᠬᠤᠶᠠᠷ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠳᠦᠷᠪᠡ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠶᠢᠰᠦ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠ)
ᠭᠠᠳᠠᠨ᠎ᠠ᠎ᠠᠴᠠ ᠤᠷᠤᠭᠤᠯᠤᠭᠰᠠᠨ ᠡᠭᠦᠯᠳᠡᠷ (ᠨᠢᠭᠡ)
 
            