ᠾᠧᠨᠠᠨ᠎ᠤ ᠭᠦ᠋ ᠱ᠌ᠢ ᠲᠠᠬᠢᠶ᠎ᠠ
ᠮᠢᠬ᠎ᠠ ᠦᠨᠳᠡᠭᠡᠨ᠎ᠤ ᠬᠣᠣᠰ ᠬᠡᠷᠡᠭᠴᠡᠭᠡᠲᠦ ᠨᠤᠲᠤᠭ᠎ᠤᠨ ᠰᠢᠯᠢᠳᠡᠭ ᠡᠭᠦᠯᠳᠡᠷ᠃ ᠳᠠᠩ ᠪᠠ ᠳᠠᠪᠬᠤᠷ ᠰᠡᠴᠢᠭ᠎ᠲᠠᠢ᠂ ᠰᠡᠭᠦᠯ᠎ᠨᠢ ᠲᠡᠭᠰᠢᠬᠡᠨ᠂ ᠦᠳᠦ᠎ᠨᠢ ᠰᠢᠷᠭ᠋ᠠᠯ᠂ ᠰᠢᠷ᠎ᠠ ᠴᠤᠬᠤᠷ ᠭᠣᠣᠯᠯᠠᠵᠤ᠂ ᠬᠠᠷ᠎ᠠ ᠴᠠᠭ᠋ᠠᠨ ᠦᠩᠭᠡᠲᠡᠢ᠎ᠨᠢ ᠴᠦᠬᠡᠨ᠂ ᠬᠤᠰᠢᠭᠤ᠎ᠨᠢ ᠰᠢᠷ᠎ᠠ ᠦᠩᠭᠡᠲᠡᠢ᠃ ᠡᠷᠡᠭᠴᠢᠨ ᠲᠠᠬᠢᠶᠠᠨ᠎ᠤ ᠪᠡᠶ᠎ᠡ ᠵᠢᠨ ᠬᠦᠨᠳᠦ᠎ᠨᠢ 2.2~2.6 ᠺᠢᠯᠤᠭ᠌ᠷᠡᠮ; ᠡᠮᠡᠭᠴᠢᠨ ᠲᠠᠬᠢᠶᠠᠨ᠎ᠤ ᠪᠡᠶ᠎ᠡ ᠵᠢᠨ ᠬᠦᠨᠳᠦ᠎ᠨᠢ 1.6~1.9 ᠺᠢᠯᠤᠭ᠌ᠷᠡᠮ᠃ ᠡᠬᠢᠯᠡᠵᠦ ᠦᠨᠳᠡᠭᠡᠯᠡᠬᠦ ᠬᠤᠨᠤᠭ᠎ᠤᠨ ᠨᠠᠰᠤ᠎ᠨᠢ 180~210 ᠡᠳᠦᠷ᠂ ᠵᠢᠯ᠎ᠤᠨ ᠦᠨᠳᠡᠭᠡᠨ᠎ᠤ ᠭᠠᠷᠤᠯᠲᠠ᠎ᠨᠢ
130~150 (ᠦᠨᠳᠡᠭᠡ)᠂ ᠦᠨᠳᠡᠭᠡᠨ᠎ᠤ ᠬᠦᠨᠳᠦ ᠵᠢᠨ ᠬᠡᠮᠵᠢᠶ᠎ᠡ᠎ᠨᠢ 56~65 ᠬᠷᠡᠮ᠃
(ᠢᠷᠡᠯᠲᠡ᠄ ᠵᠢᠷᠭ᠋ᠠᠯ ᠡᠷᠬᠢᠯᠡᠨ ᠨᠠᠢ᠌ᠷᠠᠭᠤᠯᠤᠭᠰᠠᠨ 《ᠭᠠᠬᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ》 ᠭᠡᠬᠦ ᠨᠣᠮ᠎ᠠᠴᠠ ᠰᠤᠩᠭᠤᠨ ᠰᠡᠢ᠌ᠷᠡᠭᠦᠯᠪᠠ᠃)