ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
【ᠭᠠᠬᠠᠢ ᠵᠢᠨ ᠡᠭᠦᠯᠳᠡᠷ】 ᠵᠡᠭᠦᠨ ᠬᠤᠢ᠌ᠲᠤ ᠵᠢᠨ ᠠᠷᠠᠳ᠎ᠤᠨ ᠭᠠᠬᠠᠢ
ᠨᠡᠶ᠋ᠢᠲᠡᠯᠡᠭᠰᠡᠨ ᠴᠠᠭ᠄ 2020-05-27

      ᠤᠷᠤᠨ᠎ᠤ ᠭᠠᠬᠠᠢ ᠵᠢᠨ ᠡᠭᠦᠯᠳᠡᠷ

      ᠵᠡᠭᠦᠨ ᠬᠤᠢ᠌ᠲᠤ ᠵᠢᠨ ᠠᠷᠠᠳ᠎ᠤᠨ ᠭᠠᠬᠠᠢ (东北民猪)

     1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ
      ᠪᠡᠶ᠎ᠡ ᠵᠢᠨ ᠬᠡᠯᠪᠡᠷᠢ᠎ᠨᠢ ᠳᠤᠮᠳᠠ ᠵᠢᠨ᠂ ᠪᠦᠬᠦ ᠪᠡᠶ᠎ᠡ ᠵᠢᠨ ᠦᠰᠦ᠎ᠨᠢ ᠬᠠᠷ᠎ᠠ ᠦᠩᠭᠡ᠎ᠲᠠᠢ᠂ ᠵᠤᠭᠳᠤᠷ᠎ᠲᠠᠢ᠂ ᠲᠤᠯᠤᠭ᠋ᠠᠢ ᠵᠢᠨ ᠶᠡᠬᠡ ᠪᠠᠭ᠎ᠠ᠎ᠨᠢ ᠳᠤᠮᠳᠠ ᠵᠢᠨ᠂ ᠬᠠᠴᠠᠷ᠎ᠨᠢ ᠰᠢᠯᠤᠭᠤᠨ ᠤᠷᠲᠤ᠂ ᠴᠢᠬᠢ᠎ᠨᠢ ᠲᠤᠮᠤ᠂ ᠶᠡᠬᠡ ᠪᠡᠶ᠎ᠡ᠎ᠨᠢ ᠵᠢᠭ᠋ᠠᠬᠠᠨ ᠳᠤᠷᠤᠭᠰᠢ ᠳᠡᠭᠦᠵᠢᠯᠡᠭᠳᠡᠨ᠎ᠡ᠃ 7 ᠬᠣᠣᠰ ᠬᠦᠬᠦ᠎ᠲᠠᠢ᠂ ᠵᠤ ᠨᠢᠷᠤᠭᠤ᠎ᠨᠢ ᠠᠪᠴᠢᠭᠤ᠂ ᠬᠤᠨᠳᠤᠯᠠᠢ᠎ᠨᠢ ᠲᠠᠰᠢᠭᠤ᠂ ᠰᠡᠭᠦᠯ᠎ᠨᠢ ᠤᠷᠲᠤ᠂ ᠳᠦᠷᠪᠡᠨ ᠮᠦᠴᠢ ᠲᠤᠮᠤ ᠴᠢᠬᠢᠷᠠᠭ᠂ ᠡᠪᠦᠯ᠎ᠳᠡᠭᠡᠨ ᠨᠤᠯᠤᠤᠷ ᠤᠷᠭᠤᠨ᠎ᠠ᠃
     2. ᠦᠢ᠍ᠯᠡᠳᠪᠦᠷᠢᠯᠡᠯ᠎ᠤᠨ ᠴᠢᠳᠠᠪᠤᠷᠢ
      ᠠᠷᠠᠳ᠎ᠤᠨ ᠭᠠᠬᠠᠢ ᠵᠢᠨ ᠪᠡᠯᠭᠡ ᠪᠤᠯᠪᠠᠰᠤᠷᠠᠬᠤ᠎ᠨᠢ ᠡᠷᠲᠡ᠂ ᠦᠷᠡᠵᠢᠯᠲᠡ᠎ᠨᠢ ᠰᠠᠢ᠌ᠨ᠂ 121 ᠡᠳᠦᠷ ᠪᠣᠯᠪᠠᠯ ᠠᠩᠬ᠎ᠠ ᠤᠷᠤᠭ᠎ᠠ ᠤᠷᠤᠨ᠎ᠠ᠃ ᠪᠡᠶ᠎ᠡ ᠵᠢᠨ ᠬᠦᠨᠳᠦ᠎ᠨᠢ 70 ᠺᠢᠯᠤᠭ᠌ᠷᠡᠮ ᠪᠣᠯᠪᠠᠯ ᠬᠡᠭᠡᠯᠳᠦᠭᠦᠯᠵᠦ ᠪᠣᠯᠣᠨ᠎ᠠ᠃ ᠬᠡᠭᠡᠯ ᠲᠤᠭᠲᠠᠬᠤ ᠨᠤᠷᠮ᠎ᠠ᠎ᠨᠢ 90%᠎ᠠᠴᠠ ᠳᠡᠭᠡᠭᠰᠢ᠂ ᠠᠷᠠᠳ᠎ᠤᠨ ᠭᠠᠬᠠᠢ ᠵᠢᠨ ᠦᠷᠡᠵᠢᠭᠦᠯᠦᠯᠭᠡ᠎ᠳᠤ ᠬᠡᠷᠡᠭᠯᠡᠬᠦ ᠣᠨ ᠵᠢᠯ᠎ᠨᠢ ᠤᠷᠲᠤ᠂ ᠰᠢᠭ᠋ᠠᠷᠣᠯᠠᠬᠤ ᠳᠤᠮᠳᠠᠴᠢ ᠨᠠᠰᠤ᠎ᠨᠢ 4.3 ᠪᠦᠬᠦᠯᠢ ᠨᠠᠰᠤ᠂ ᠠᠩᠬ᠎ᠠ ᠤᠳᠠᠭ᠎ᠠ ᠲᠡᠭᠰᠢᠳᠭᠡᠭᠡᠳ 12.2 ᠲᠤᠷᠤᠢ ᠲᠤᠷᠤᠢ᠌ᠯᠠᠵᠤ᠂ ᠰᠡᠭᠦᠯᠡᠷ᠎ᠨᠢ ᠲᠡᠭᠰᠢᠳᠭᠡᠭᠡᠳ 14.6 ᠲᠤᠷᠤᠢ᠌ᠯᠠᠨ᠎ᠠ᠃ ᠨᠠᠰᠤ ᠭᠦᠢ᠍ᠴᠡᠭᠰᠡᠨ ᠠᠵᠢᠷᠭ᠋ᠠᠨ ᠭᠠᠬᠠᠢ ᠵᠢᠨ ᠪᠡᠶ᠎ᠡ ᠵᠢᠨ ᠬᠦᠨᠳᠦ᠎ᠨᠢ ᠲᠡᠭᠰᠢᠳᠭᠡᠭᠡᠳ 195 ᠺᠢᠯᠤᠭ᠌ᠷᠡᠮ᠂ ᠨᠠᠰᠤ ᠭᠦᠢ᠍ᠴᠡᠭᠰᠡᠨ ᠮᠡᠭᠡᠵᠢ᠎ᠨᠢ ᠲᠡᠭᠰᠢᠳᠭᠡᠭᠡᠳ157 ᠺᠢᠯᠤᠭ᠌ᠷᠡᠮ ᠪᠠᠢ᠌ᠳᠠᠭ᠃
      ᠪᠤᠷᠳᠤᠯᠭ᠎ᠠ ᠵᠢᠨ ᠬᠤᠭᠤᠴᠠᠭ᠋ᠠᠨ᠎ᠳᠤ ᠡᠳᠦᠷ᠎ᠤᠨ ᠨᠡᠮᠡᠭᠳᠡᠬᠦ ᠬᠦᠨᠳᠦ᠎ᠨᠢ 458 ᠬᠷᠡᠮ᠂ ᠠᠯᠠᠰᠢᠨ ᠨᠤᠷᠮ᠎ᠠ᠎ᠨᠢ 72.5%᠂ ᠪᠡᠶ᠎ᠡ ᠵᠢᠨ ᠬᠦᠨᠳᠦ᠎ᠨᠢ 90 ᠺᠢᠯᠤᠭ᠌ᠷᠡᠮ ᠬᠦᠷᠦᠭᠰᠡᠨ᠎ᠤ ᠳᠠᠷᠠᠭ᠎ᠠ ᠬᠠᠷ᠎ᠠ ᠮᠢᠬᠠᠨ᠎ᠤ ᠨᠤᠷᠮ᠎ᠠ᠎ᠨᠢ ᠳᠤᠷᠤᠭᠰᠢᠯᠠᠨ᠎ᠠ᠃
      ᠠᠷᠠᠳ᠎ᠤᠨ ᠭᠠᠬᠠᠢ ᠵᠢᠨ ᠡᠷᠯᠢᠰᠡᠵᠢᠭᠦᠯᠬᠦ ᠦᠷ᠎ᠡ ᠳ᠋ᠦᠩ᠎ᠨᠢ ᠰᠠᠢ᠌ᠨ᠂ ᠬᠠᠷ᠎ᠠ ᠮᠢᠬᠠᠨ ᠬᠡᠷᠡᠭᠴᠡᠭᠡᠲᠦ ᠭᠠᠬᠠᠢ᠎ᠲᠠᠢ ᠡᠷᠯᠢᠰᠡᠵᠢᠭᠦᠯᠦᠭᠡᠳ ᠭᠠᠷᠤᠭᠰᠠᠨ ᠲᠠᠸᠠᠷ᠎ᠤᠨ ᠭᠠᠬᠠᠢ ᠵᠢᠨ ᠵᠣᠬᠢᠴᠠᠯᠳᠤᠬᠤ ᠴᠢᠨᠠᠷ᠎ᠨᠢ ᠴᠢᠩᠭ᠎ᠠ᠂ ᠮᠢᠬᠠᠨ᠎ᠤ ᠴᠢᠨᠠᠷ᠎ᠨᠢ ᠰᠠᠢ᠌ᠨ᠂ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ ᠦᠨᠳᠦᠷ᠂ ᠬᠠᠷ᠎ᠠ ᠮᠢᠬᠠᠨ᠎ᠤ ᠨᠤᠷᠮ᠎ᠠ᠎ᠨᠢ ᠦᠨᠳᠦᠷ ᠵᠡᠷᠭᠡ ᠳᠠᠪᠠᠭᠤᠯᠢᠭ ᠲᠠᠯ᠎ᠠ᠎ᠲᠠᠢ᠂ ᠪᠡᠶ᠎ᠡ ᠵᠢᠨ ᠬᠦᠨᠳᠦ ᠵᠢᠨ ᠨᠡᠮᠡᠭᠳᠡᠯ᠎ᠨᠢ ᠡᠳᠦᠷ ᠪᠦᠷᠢ 490 ᠭ᠋ᠷᠡᠮ᠎ᠠᠴᠠ ᠳᠡᠭᠡᠭᠰᠢᠯᠡᠭᠡᠳ 760 ᠭ᠋ᠷᠡᠮ᠎ᠳᠤ ᠬᠦᠷᠴᠦ᠂ ᠲᠡᠵᠢᠭᠡᠯ᠎ᠤᠨ ᠠᠰᠢᠭᠯᠠᠯᠲᠠ ᠵᠢᠨ ᠨᠤᠷᠮ᠎ᠠ᠎ᠨᠢ 1∶ 4.2᠎ᠠᠴᠠ 1∶ 3 ᠪᠣᠯᠣᠨ ᠳᠡᠭᠡᠭᠰᠢᠯᠡᠵᠦ᠂ ᠬᠠᠷ᠎ᠠ ᠮᠢᠬᠠᠨ᠎ᠤ ᠨᠤᠷᠮ᠎ᠠ᠎ᠨᠢ 49%᠎ᠠᠴᠠ 58% ᠣᠷᠴᠢᠮ ᠪᠣᠯᠵᠣ ᠨᠡᠮᠡᠭᠳᠡᠪᠡ᠃

     (ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》
          
ᠬᠠᠮᠢᠶ᠎ᠡ ᠪᠦᠬᠦᠢ ᠰᠣᠨᠢᠨ
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠨᠠᠢ᠍ᠮᠠ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠᠨ ᠨᠢᠭᠡ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠠᠷᠪᠠᠨ ᠬᠤᠶᠠᠷ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠳᠦᠷᠪᠡ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠶᠢᠰᠦ)
 
            