ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠭᠤᠷᠪᠠ)
ᠨᠡᠶ᠋ᠢᠲᠡᠯᠡᠭᠰᠡᠨ ᠴᠠᠭ᠄ 2020-04-28

      ᠤᠷᠤᠭᠤᠯᠵᠤ ᠢᠷᠡᠭᠰᠡᠨ ᠦᠷᠡᠰ ᠭᠠᠬᠠᠢ ᠵᠢ ᠰᠢᠯᠢᠨ ᠰᠤᠩᠭᠤᠬᠤ
     (ᠨᠢᠭᠡ) ᠵᠠᠬ᠎ᠠ ᠳᠡᠯᠭᠡᠭᠦᠷ᠎ᠤᠨ ᠬᠡᠷᠡᠭᠴᠡᠭᠡ ᠪᠠ ᠦᠢ᠍ᠯᠡᠳᠪᠦᠷᠢᠯᠡᠯ᠎ᠤᠨ ᠨᠦᠭᠦᠴᠡᠯ ᠵᠶ᠋ᠡᠨ ᠦᠨᠳᠦᠰᠦᠯᠡᠵᠦ ᠦᠷᠡᠰ ᠭᠠᠬᠠᠢ ᠵᠢ ᠰᠢᠯᠢᠨ ᠰᠤᠩᠭᠤᠨ᠎ᠠ᠃
     1᠂ ᠵᠠᠬ᠎ᠠ ᠳᠡᠯᠭᠡᠭᠦᠷ᠎ᠤᠨ ᠬᠡᠷᠡᠭᠴᠡᠭᠡ᠎ᠳᠤ ᠵᠤᠬᠢᠴᠠᠭᠤᠯᠬᠤ
      ᠦᠷᠡᠵᠢᠭᠦᠯᠦᠭᠰᠡᠨ ᠦᠷᠡᠰ ᠭᠠᠬᠠᠢ᠎ᠨᠢ ᠡᠷᠬᠡᠪᠰᠢ ᠵᠠᠬ᠎ᠠ ᠳᠡᠯᠭᠡᠭᠦᠷ᠎ᠤᠨ ᠬᠡᠷᠡᠭᠴᠡᠭᠡ᠎ᠲᠠᠢ ᠵᠤᠬᠢᠴᠠᠵᠤ᠂ ᠵᠠᠬ᠎ᠠ ᠳᠡᠯᠭᠡᠭᠦᠷ᠎ᠲᠤ ᠶᠠᠮᠠᠷ ᠶᠠᠩᠵᠤ ᠵᠢᠨ ᠦᠷᠡᠰ ᠭᠠᠬᠠᠢ ᠪᠠ ᠲᠠᠸᠠᠷ᠎ᠤᠨ ᠬᠡᠷᠡᠭᠴᠡᠭᠡ᠎ᠲᠠᠢ ᠪᠣᠯ ᠲᠤᠬᠢᠷᠠᠯᠴᠠᠬᠤ ᠡᠭᠦᠯᠳᠡᠷ᠎ᠢ ᠰᠢᠯᠢᠨ ᠰᠤᠩᠭᠣᠬᠣ ᠬᠡᠷᠡᠭᠲᠡᠢ᠃ ᠢᠩᠭᠢᠪᠡᠯ ᠰᠠᠶᠢ ᠨᠡᠩ ᠰᠠᠢ᠌ᠨ ᠠᠵᠤ ᠠᠬᠤᠢ ᠵᠢᠨ ᠦᠷ᠎ᠡ ᠠᠰᠢᠭ ᠣᠯᠵᠣ ᠴᠢᠳᠠᠨ᠎ᠠ᠃ ᠶᠡᠷᠦ᠎ᠳᠡᠭᠡᠨ ᠦᠰᠦᠨ᠎ᠤ ᠦᠩᠭᠡ᠂ ᠪᠡᠶ᠎ᠡ ᠴᠤᠭᠴᠠ ᠵᠢᠨ ᠪᠦᠲᠦᠴᠡ᠂ ᠭᠠᠷᠭ᠋ᠠᠯᠲᠠ᠎ᠳᠤ ᠵᠤᠬᠢᠴᠠᠬᠤ ᠪᠡᠶ᠎ᠡ ᠵᠢᠨ ᠬᠦᠨᠳᠦ᠂ ᠬᠠᠷ᠎ᠠ ᠮᠢᠬᠠᠨ᠎ᠤ ᠨᠤᠷᠮ᠎ᠠ᠂ ᠮᠢᠬᠠᠨ᠎ᠤ ᠴᠢᠨᠠᠷ ᠵᠢᠴᠢ ᠵᠠᠬ᠎ᠠ ᠳᠡᠯᠭᠡᠭᠦᠷ᠎ᠤᠨ ᠬᠡᠯᠪᠡᠢ᠌ᠯᠲᠡ ᠵᠢᠨ ᠬᠡᠷᠡᠭᠴᠡᠭᠡ᠎ᠳᠤ ᠵᠤᠬᠢᠴᠠᠭᠤᠯᠤᠨ᠎ᠠ᠃
     2᠂ ᠲᠤᠬᠠᠢ ᠵᠢᠨ ᠭᠠᠵᠠᠷ᠎ᠤᠨ ᠪᠠᠢ᠌ᠭ᠋ᠠᠯᠢ ᠵᠢᠨ ᠨᠦᠭᠦᠴᠡᠯ ᠪᠠ ᠲᠡᠵᠢᠭᠡᠯᠭᠡ ᠠᠷᠠᠴᠢᠯᠠᠭ᠎ᠠ ᠵᠢᠨ ᠨᠦᠭᠦᠴᠡᠯ᠎ᠳᠤ ᠵᠤᠬᠢᠴᠠᠭᠣᠯᠬᠣ
      ᠪᠠᠢ᠌ᠭ᠋ᠠᠯᠢ ᠵᠢᠨ ᠨᠦᠭᠦᠴᠡᠯ᠎ᠨᠢ ᠭᠤᠤᠯᠳᠠᠭᠤ ᠠᠭᠤᠷ ᠠᠮᠢᠰᠬᠤᠯ᠎ᠤᠨ ᠪᠠᠢ᠌ᠳᠠᠯ᠎ᠢ ᠵᠢᠭ᠋ᠠᠵᠤ ᠪᠠᠢ᠌ᠨ᠎ᠠ᠃ ᠤᠨᠴᠠᠭ᠋ᠠᠢ᠌ᠯᠠᠨ ᠲᠤᠷᠤᠢ ᠵᠢᠨ ᠡᠭᠦᠷ ᠪᠠ ᠲᠤᠷᠤᠢ ᠪᠣᠢ᠌ᠵᠢᠭᠣᠯᠬᠣ ᠲᠠᠰᠤᠭ᠎ᠤᠨ ᠳᠤᠯᠠᠭ᠋ᠠᠨ᠎ᠤ ᠬᠡᠮᠵᠢᠶ᠎ᠡ᠂ ᠭᠡᠷᠡᠯ᠎ᠤᠨ ᠳᠤᠰᠤᠴᠠ᠂ ᠭᠠᠬᠠᠢ ᠵᠢᠨ ᠲᠠᠯᠠᠪᠠᠢ ᠵᠢᠨ ᠲᠡᠵᠢᠭᠡᠯ᠎ᠤᠨ ᠨᠦᠭᠦᠴᠡᠯ᠂ ᠪᠠᠭ᠋ᠠᠵᠢ ᠲᠦᠬᠦᠭᠡᠷᠦᠮᠵᠢ ᠵᠢᠴᠢ ᠮᠡᠷᠭᠡᠵᠢᠯ᠎ᠤᠨ ᠬᠠᠮᠢᠶᠠᠷᠤᠯᠲᠠ ᠵᠢᠨ ᠬᠢᠷᠢ ᠬᠡᠮᠵᠢᠶ᠎ᠡ ᠵᠡᠷᠭᠡ ᠪᠠᠭᠲᠠᠨ᠎ᠠ᠃ ᠨᠦᠭᠦᠴᠡᠯ᠎ᠨᠢ ᠰᠠᠢ᠌ᠨ ᠦᠶᠡᠰ᠎ᠲᠤ ᠰᠢᠯᠢᠳᠡᠭ ᠡᠭᠦᠯᠳᠡᠷ᠎ᠤᠨ ᠳᠠᠪᠠᠭᠤᠯᠢᠭ ᠲᠠᠯ᠎ᠠ ᠵᠢ ᠭᠦᠢ᠍ᠴᠡᠳ ᠪᠠᠳᠠᠷᠠᠭᠤᠯᠵᠤ ᠴᠢᠳᠠᠳᠠᠭ᠃ ᠨᠦᠭᠦᠴᠡᠯ᠎ᠨᠢ ᠪᠠᠷᠤᠭᠲᠠᠢ ᠦᠶᠡᠰ᠎ᠲᠤ ᠶᠠᠮᠠᠷᠴᠤ ᠡᠭᠦᠯᠳᠡᠷ᠎ᠤᠨ ᠦᠷᠡᠰ ᠭᠠᠬᠠᠢ ᠵᠢ ᠦᠷᠡᠵᠢᠭᠦᠯᠵᠦ ᠪᠣᠯᠬᠣ ᠦᠭᠡᠢ᠃
     3᠂ ᠠᠵᠤ ᠠᠬᠤᠢ ᠵᠢᠨ ᠬᠦᠴᠦᠨ ᠴᠢᠳᠠᠯ ᠵᠶ᠋ᠡᠨ ᠦᠨᠳᠦᠰᠦᠯᠡᠬᠦ
      ᠡᠨᠡ᠎ᠨᠢ ᠭᠤᠤᠯᠳᠠᠭᠤ ᠪᠡᠯᠡ ᠮᠦᠩᠭᠦᠨ᠎ᠤ ᠬᠦᠴᠦᠨ ᠵᠦᠢ᠍ᠯ ᠪᠠ ᠵᠠᠬ᠎ᠠ ᠳᠡᠯᠭᠡᠭᠦᠷ᠎ᠤᠨ ᠴᠢᠳᠠᠪᠬᠢ ᠵᠢ ᠵᠢᠭ᠋ᠠᠵᠤ ᠪᠠᠢ᠌ᠨ᠎ᠠ᠃ ᠪᠡᠯᠡ ᠮᠦᠩᠭᠦᠨ᠎ᠤ ᠬᠦᠴᠦᠨ ᠵᠦᠢ᠍ᠯ᠎ᠨᠢ ᠭᠤᠤᠯ ᠪᠠᠢ᠌ᠷᠢ ᠵᠢ ᠡᠵᠡᠯᠡᠨ᠎ᠡ᠃ ᠭᠠᠬᠠᠢ ᠲᠡᠵᠢᠭᠡᠬᠦ ᠦᠢ᠍ᠯᠡᠳᠪᠦᠷᠢᠯᠡᠯ᠎ᠤᠨ ᠡᠷᠭᠢᠯᠲᠡ ᠵᠢᠨ ᠬᠤᠭᠤᠴᠠᠭ᠎ᠠ᠎ᠨᠢ ᠬᠠᠷᠢᠴᠠᠩᠭᠤᠢ᠎ᠪᠠᠷ ᠨᠡᠯᠢᠶᠡᠳ ᠤᠷᠲᠤ᠂ ᠦᠢ᠍ᠯᠡᠳᠪᠦᠷᠢᠯᠡᠯ ᠳᠤᠮᠳᠠ ᠪᠡᠯᠡ ᠮᠦᠩᠭᠦᠨ᠎ᠤ ᠵᠠᠷᠤᠴᠠᠭᠤᠯᠭ᠎ᠠ᠎ᠨᠢ ᠶᠡᠬᠡ ᠤᠴᠢᠷ᠎ᠠᠴᠠ ᠳᠠᠩᠰᠠ ᠵᠢ ᠨᠠᠷᠢᠯᠢᠭ ᠪᠤᠳᠤᠵᠤ᠂ ᠠᠶᠤᠯ ᠲᠦᠭᠰᠢᠭᠦᠷᠢ ᠵᠢᠨ ᠲᠠᠨᠢᠯᠲᠠ ᠪᠠ ᠠᠶᠤᠯ᠎ᠠᠴᠠ ᠰᠡᠷᠭᠡᠢ᠌ᠯᠡᠬᠦ ᠪᠡᠯᠡᠳᠭᠡᠯ᠎ᠲᠠᠢ ᠪᠠᠢ᠌ᠬᠤ ᠬᠡᠷᠡᠭᠲᠡᠢ᠃ ᠪᠡᠯᠡ ᠮᠦᠩᠭᠦ ᠭᠦᠢ᠍ᠴᠡᠳ ᠦᠶᠡᠰ᠎ᠲᠤ ᠰᠢᠯᠢᠳᠡᠭ ᠲᠤᠰᠬᠠᠢ᠌ᠵᠢᠭᠰᠠᠨ ᠡᠭᠦᠯᠳᠡᠷ ᠪᠣᠶᠣ ᠪᠦᠲᠦᠨ ᠤᠳᠤᠮ᠎ᠤᠨ ᠭᠠᠬᠠᠢ ᠵᠢ ᠲᠡᠵᠢᠭᠡᠵᠦ ᠪᠣᠯᠣᠨ᠎ᠠ᠃ ᠡᠰᠡᠪᠡᠯ ᠴᠢᠳᠠᠯ᠎ᠤᠨ ᠬᠢᠷᠢ᠎ᠪᠠᠷ ᠵᠶ᠋ᠡᠨ ᠲᠤᠰᠬᠠᠢ ᠪᠤᠰᠣ ᠡᠭᠦᠯᠳᠡᠷ᠎ᠤᠨ ᠭᠠᠬᠠᠢ ᠵᠢ ᠰᠣᠩᠭᠣᠨ ᠲᠡᠵᠢᠭᠡᠨ᠎ᠡ᠃ ᠵᠢᠱ᠌ᠢᠶᠡᠯᠡᠪᠡᠯ᠄ ᠤᠷᠤᠨ᠎ᠤ ᠡᠭᠦᠯᠳᠡᠷ᠎ᠤᠨ ᠪᠣᠶᠣ ᠤᠷᠤᠨ᠎ᠤ ᠡᠭᠦᠯᠳᠡᠷ᠎ᠢ ᠰᠠᠢ᠌ᠵᠢᠷᠠᠭᠤᠯᠤᠭᠰᠠᠨ ᠤᠯᠠᠨ ᠡᠭᠦᠯᠳᠡᠷ᠎ᠤᠨ ᠦᠷᠡᠰ ᠭᠠᠬᠠᠢ ᠵᠢ ᠲᠡᠵᠢᠭᠡᠨ᠎ᠡ᠃
     (ᠬᠤᠶᠠᠷ) ᠡᠭᠦᠯᠳᠡᠷ᠎ᠤᠨ ᠤᠨᠴᠠᠯᠢᠭ ᠪᠠ ᠦᠢ᠍ᠯᠡᠳᠪᠦᠷᠢᠯᠡᠯ᠎ᠤᠨ ᠴᠢᠳᠠᠪᠤᠷᠢ ᠵᠢ᠎ᠨᠢ ᠦᠨᠳᠦᠰᠦᠯᠡᠵᠦ ᠦᠷᠡᠰ ᠭᠠᠬᠠᠢ ᠰᠤᠩᠭᠤᠨ᠎ᠠ᠃
     1᠂ ᠪᠡᠶ᠎ᠡ ᠵᠢᠨ ᠬᠡᠯᠪᠡᠷᠢ ᠪᠠ ᠭᠠᠳᠠᠷ ᠳᠦᠷᠰᠦ᠎ᠪᠠᠷ ᠰᠢᠯᠢᠨ ᠰᠤᠩᠭᠤᠬᠤ
      ᠪᠡᠶ᠎ᠡ ᠵᠢᠨ ᠬᠡᠯᠪᠡᠷᠢ ᠭᠠᠳᠠᠷ ᠳᠦᠷᠰᠦ ᠪᠠ ᠦᠢ᠍ᠯᠡᠳᠪᠦᠷᠢᠯᠡᠯ᠎ᠤᠨ ᠴᠢᠳᠠᠪᠤᠷᠢ ᠨᠢᠭᠲᠠ ᠬᠠᠷᠢᠴᠠᠭ᠎ᠠ᠎ᠲᠠᠢ ᠶᠣᠮ᠃ ᠬᠦᠵᠦᠭᠦᠦ ᠲᠤᠯᠤᠭ᠋ᠠᠢ ᠵᠢᠨ ᠠᠪᠴᠢᠯᠲᠠ᠎ᠨᠢ ᠲᠤᠬᠢᠷᠠᠮᠵᠢᠲᠠᠢ᠂ ᠵᠤ ᠨᠢᠷᠤᠭᠤ᠎ᠨᠢ ᠲᠡᠭᠰᠢ᠂ ᠭᠡᠪᠡᠯᠢ ᠵᠢᠨ ᠬᠡᠰᠡᠭ᠎ᠤᠨ ᠬᠦᠭᠵᠢᠯᠲᠡ᠎ᠨᠢ ᠭᠦᠢ᠍ᠴᠡᠳ ᠭᠡᠪᠡᠴᠦ ᠳᠡᠭᠦᠵᠢᠯᠡᠭᠳᠡᠬᠦ ᠦᠭᠡᠢ᠂ ᠤᠨᠴᠠᠭ᠋ᠠᠢ ᠳᠤᠲᠠᠭᠳᠠᠯ (ᠬᠦᠢ᠍ᠰᠦᠨ᠎ᠤ ᠢᠪᠡᠷᠬᠡᠢ ᠪᠣᠶᠣ ᠬᠤᠰᠬᠢᠨᠠᠭ᠎ᠤᠨ ᠢᠪᠡᠷᠬᠡᠢ) ᠦᠭᠡᠢ ᠪᠣᠯ ᠰᠠᠢ᠌ᠨ᠃ ᠳᠦᠷᠪᠡᠨ ᠮᠦᠴᠢ᠎ᠨᠢ ᠴᠢᠬᠢᠷᠠᠭ᠂ ᠵᠤᠭᠰᠤᠯᠲᠠ᠎ᠨᠢ ᠲᠡᠭᠰᠢ ᠪᠠᠢ᠌ᠬᠤ ᠬᠡᠷᠡᠭᠲᠡᠢ᠃ ᠦᠷᠡᠰ ᠭᠠᠬᠠᠢ ᠤᠷᠤᠭᠤᠯᠬᠤ᠎ᠳᠤ ᠪᠡᠶ᠎ᠡ ᠵᠢᠨ ᠬᠦᠨᠳᠦ᠎ᠨᠢ 50~60 ᠺᠢᠯᠤᠭ᠌ᠷᠡᠮ᠎ᠤᠨ ᠦᠶᠡᠰ᠎ᠲᠤ ᠬᠠᠮᠤᠭ᠎ᠤᠨ ᠲᠤᠬᠢᠷᠠᠮᠵᠢᠲᠠᠢ᠃ ᠬᠡᠲᠦᠷᠬᠡᠢ ᠲᠠᠷᠭᠤᠨ ᠪᠣᠯ ᠬᠡᠭᠡᠯᠳᠦᠯᠭᠡ ᠬᠢᠬᠦ᠎ᠳᠤ ᠲᠤᠬᠢᠷᠠᠬᠤ ᠦᠭᠡᠢ᠃ ᠵᠠᠷᠢᠮ ᠬᠡᠲᠦᠷᠬᠡᠢ ᠲᠠᠷᠭᠤᠨ ᠮᠡᠭᠡᠵᠢ ᠤᠷᠤᠭ᠎ᠠ ᠤᠷᠤᠬᠤ᠎ᠪᠠᠷ ᠪᠠᠷᠤᠭᠲᠠᠢ ᠪᠤᠶᠤ ᠤᠷᠤᠭ᠎ᠠ ᠤᠷᠤᠬᠤ ᠦᠭᠡᠢ ᠪᠠᠢ᠌ᠳᠠᠭ᠃ ᠦᠰᠦᠨ᠎ᠤ ᠦᠩᠭᠡ᠎ᠨᠢ ᠬᠡᠲᠦᠷᠬᠡᠢ ᠬᠤᠯᠢᠮᠠᠭ ᠪᠣᠯ ᠤᠳᠤᠮᠰᠢᠯ᠎ᠨᠢ ᠪᠤᠳᠤᠯᠢᠶᠠᠨᠲᠠᠢ ᠶᠤᠮ᠃
     2᠂ ᠡᠷᠡᠭᠦᠯ ᠴᠢᠬᠢᠷᠠᠭ᠎ᠤᠨ ᠪᠠᠢ᠌ᠳᠠᠯ
      ᠡᠷᠡᠭᠦᠯ ᠴᠢᠬᠢᠷᠠᠭ᠎ᠤᠨ ᠪᠠᠢ᠌ᠴᠠᠭ᠋ᠠᠯᠲᠠ᠎ᠳᠤ ᠤᠷᠢᠳᠠᠪᠡᠷ ᠮᠠᠯ ᠡᠮᠨᠡᠯᠭᠡ ᠵᠢᠨ ᠡᠷᠡᠭᠦᠯ ᠬᠠᠮᠠᠭ᠋ᠠᠯᠠᠯ᠎ᠤᠨ ᠳᠦᠷᠢᠮ᠎ᠨᠢ ᠪᠦᠷᠢᠨ ᠡᠰᠡᠬᠦ᠂ ᠭᠠᠬᠠᠢ ᠵᠢᠨ ᠲᠠᠯᠠᠪᠠᠢ ᠵᠢᠨ ᠬᠠᠮᠢᠶᠠᠷᠤᠯᠲᠠ᠎ᠨᠢ ᠡᠮᠬᠢ ᠲᠢᠭᠯᠢᠮ᠎ᠲᠠᠢ ᠡᠰᠡᠬᠦ ᠵᠢ ᠪᠠᠢ᠌ᠴᠠᠭ᠋ᠠᠵᠤ᠂ ᠭᠤᠤᠯ ᠪᠣᠯᠬᠣ ᠬᠢᠵᠢᠭ ᠡᠪᠡᠳᠴᠢᠨ᠎ᠤ ᠦᠯᠦ ᠬᠠᠯᠳᠠᠭ᠋ᠠᠬᠤ ᠪᠠᠲᠤᠯᠠᠪᠤᠷᠢ ᠣᠯᠭᠣᠭᠰᠠᠨ ᠪᠠᠢ᠌ᠳᠠᠯ᠎ᠢ ᠠᠰᠠᠭᠤᠨ ᠯᠠᠪᠯᠠᠵᠤ᠂ ᠰᠤᠩᠭᠤᠬᠤ ᠭᠠᠬᠠᠢ ᠵᠢᠨ ᠵᠶ᠋ᠡᠨ ᠡᠷᠡᠭᠦᠯ᠎ᠤᠨ ᠪᠠᠢ᠌ᠳᠠᠯ᠎ᠳᠤ ᠨᠠᠷᠢᠯᠢᠭ ᠪᠠᠢ᠌ᠴᠠᠭ᠋ᠠᠯᠲᠠ ᠬᠢᠨ᠎ᠡ᠃ ᠴᠤᠭ ᠰᠦᠯᠳᠡ᠎ᠨᠢ ᠰᠠᠢ᠌ᠨ ᠡᠰᠡᠬᠦ᠂ ᠦᠰᠦ᠎ᠨᠢ ᠭᠢᠯᠠᠭ᠋ᠠᠷ ᠡᠰᠡᠬᠦ᠂ ᠨᠢᠳᠦ ᠬᠠᠮᠠᠷ᠂ ᠬᠤᠰᠬᠢᠨᠠᠭ᠎ᠤᠨ ᠠᠮᠠᠰᠠᠷ ᠪᠠ ᠪᠡᠶ᠎ᠡ ᠵᠢᠨ ᠡᠷᠡᠭᠦᠯ ᠪᠤᠰᠤ ᠪᠠᠢ᠌ᠳᠠᠯ᠎ᠢ ᠠᠩᠬᠠᠷᠴᠤ᠂ ᠪᠡᠶ᠎ᠡ ᠵᠢᠨ ᠭᠠᠳᠠᠷᠭᠤ ᠵᠢᠨ ᠡᠯ᠎ᠡ ᠬᠡᠰᠡᠭ᠎ᠲᠤ ᠢᠳᠡᠭᠡᠲᠦ ᠰᠢᠷᠬ᠎ᠠ᠎ᠲᠠᠢ ᠡᠰᠡᠬᠦ ᠵᠢ ᠦᠵᠡᠨ᠎ᠡ᠃ ᠳᠠᠷᠠᠭ᠎ᠠ᠎ᠨᠢ ᠲᠤᠭᠲᠠᠭ᠋ᠠᠯ ᠶᠤᠰᠤᠭ᠋ᠠᠷ ᠲᠤᠷᠰᠢᠯᠲᠠ ᠵᠢᠨ ᠲᠠᠰᠤᠭ᠎ᠤᠨ ᠪᠠᠢ᠌ᠴᠠᠭ᠋ᠠᠯᠲᠠ ᠬᠢᠵᠦ᠂ ᠲᠤᠷᠰᠢᠯᠲᠠ ᠵᠢᠨ ᠲᠠᠰᠤᠭ᠎ᠤᠨ ᠪᠠᠢ᠌ᠴᠠᠭ᠋ᠠᠯᠲᠠ ᠵᠢᠨ ᠦᠷ᠎ᠡ ᠳ᠋ᠦᠩ ᠵᠶ᠋ᠡᠷ ᠲᠤᠷᠰᠢᠯᠭ᠎ᠠ᠎ᠲᠠᠢ ᠮᠡᠷᠭᠡᠵᠢᠯᠲᠡᠨ᠎ᠢ ᠤᠷᠢᠵᠤ᠂ ᠭᠠᠬᠠᠢ ᠵᠢᠨ ᠲᠠᠯᠠᠪᠠᠢ ᠵᠢᠨ ᠪᠣᠳᠠᠲᠠᠢ ᠪᠠᠢ᠌ᠳᠠᠯ᠎ᠳᠤ ᠦᠨᠡᠯᠡᠯᠲᠡ ᠪᠠ ᠨᠤᠲᠠᠯᠠᠯᠲᠠ ᠬᠢᠯᠭᠡᠨ᠎ᠡ᠃
     3᠂ ᠦᠢ᠍ᠯᠡᠳᠪᠦᠷᠢᠯᠡᠯ᠎ᠤᠨ ᠴᠢᠳᠠᠪᠤᠷᠢ᠎ᠪᠠᠷ ᠰᠢᠯᠢᠨ ᠰᠤᠩᠭᠤᠯᠲᠠ ᠬᠢᠬᠦ
      ᠦᠢ᠍ᠯᠡᠳᠪᠦᠷᠢᠯᠡᠯ᠎ᠤᠨ ᠴᠢᠳᠠᠪᠤᠷᠢ ᠰᠠᠢ᠌ᠨ ᠦᠷᠡᠰ ᠭᠠᠬᠠᠢ ᠵᠢ ᠰᠤᠩᠭᠤᠬᠤ ᠪᠣᠯ ᠮᠠᠰᠢ ᠴᠢᠬᠤᠯᠠ ᠶᠤᠮ᠃ ᠦᠷᠡᠰ ᠭᠠᠬᠠᠢ ᠵᠢ ᠬᠤᠳᠠᠯᠳᠣᠨ ᠠᠪᠬᠤ ᠦᠶᠡᠰ᠎ᠲᠤ ᠲᠡᠭᠦᠨ᠎ᠤ ᠦᠢ᠍ᠯᠡᠳᠪᠦᠷᠢᠯᠡᠯ᠎ᠤᠨ ᠴᠢᠳᠠᠪᠤᠷᠢ ᠪᠦᠷ ᠢᠯᠡᠷᠡᠵᠦ ᠳᠡᠢ᠌ᠯᠦᠭᠡᠳᠦᠢ ᠪᠣᠯᠬᠣᠷ ᠲᠤᠷᠰᠢᠯᠭ᠎ᠠ ᠰᠠᠢ᠌ᠲᠠᠢ ᠲᠤᠰᠬᠠᠢ ᠮᠡᠷᠭᠡᠵᠢᠯᠲᠡᠨ ᠵᠶ᠋ᠡᠷ ᠦᠷᠡᠰ ᠭᠠᠬᠠᠢ ᠵᠢᠨ ᠪᠡᠶ᠎ᠡ ᠪᠠᠢ᠌ᠳᠠᠯ᠂ ᠭᠠᠳᠠᠷ ᠳᠦᠷᠰᠦ ᠵᠢ ᠦᠨᠳᠦᠰᠦᠯᠡᠵᠦ ᠠᠩᠬ᠎ᠠ ᠠᠯᠬᠤᠮ᠎ᠤᠨ ᠦᠢ᠍ᠯᠡᠳᠪᠦᠷᠢᠯᠡᠯ᠎ᠤᠨ ᠴᠢᠳᠠᠪᠦᠷᠢ ᠵᠢᠨ ᠦᠨᠡᠯᠡᠯᠲᠡ ᠬᠢᠯᠭᠡᠨ᠎ᠡ᠃ ᠭᠡᠪᠡᠴᠦ ᠪᠠᠲᠤᠲᠠᠢ ᠪᠠᠷᠢᠮᠲᠠ ᠵᠢ ᠣᠯᠬᠣ᠎ᠳᠤ ᠡᠴᠢᠭᠡ ᠡᠬᠡ ᠵᠢᠨ ᠬᠢᠨᠢ ᠦᠢ᠍ᠯᠡᠳᠪᠦᠷᠢᠯᠡᠯ᠎ᠤᠨ ᠴᠢᠳᠠᠪᠤᠷᠢ᠎ᠪᠠᠷ ᠦᠨᠳᠦᠰᠦᠯᠡᠯ ᠪᠣᠯᠭ᠋ᠠᠬᠤ ᠬᠡᠷᠡᠭᠲᠡᠢ᠃ ᠨᠡᠯᠢᠶᠡᠳ ᠵᠢᠩᠬᠢᠨᠢᠴᠢᠯᠡᠭᠰᠡᠨ ᠦᠷᠡᠰ ᠭᠠᠬᠠᠢ ᠵᠢᠨ ᠲᠠᠯᠠᠪᠠᠢ᠎ᠳᠤ ᠡᠴᠢᠭᠡ ᠡᠬᠡ ᠵᠢᠨ ᠬᠢᠨᠢ ᠦᠢ᠍ᠯᠡᠳᠪᠦᠷᠢᠯᠡᠯ᠎ᠤᠨ ᠴᠢᠳᠠᠪᠤᠷᠢ ᠵᠢᠨ ᠳᠠᠩᠰᠠ ᠡᠪᠬᠡᠮᠡᠯ ᠪᠠᠢ᠌ᠬᠤ ᠪᠣᠯᠬᠣᠷ ᠡᠴᠢᠭᠡ ᠡᠬᠡ ᠵᠢᠨ ᠬᠢᠨᠢ ᠬᠢᠨᠠᠨ ᠲᠤᠭᠲᠠᠭ᠋ᠠᠯ᠎ᠤᠨ ᠬᠢᠷᠢ ᠬᠡᠮᠵᠢᠶ᠎ᠡ᠎ᠪᠠᠷ ᠦᠷᠡᠰ ᠭᠠᠬᠠᠢ ᠵᠢ ᠰᠢᠯᠢᠵᠦ ᠰᠤᠩᠭᠤᠨ᠎ᠠ᠃
     4᠂ ᠠᠵᠢᠷᠭ᠋ᠠᠨ ᠭᠠᠬᠠᠢ (ᠬᠠᠪᠠᠨ) ᠵᠢ ᠰᠤᠩᠭᠤᠬᠤ
      ᠠᠵᠢᠷᠭ᠋ᠠᠨ ᠭᠠᠬᠠᠢ ᠵᠢᠨ ᠳᠦᠷᠪᠡᠨ ᠮᠦᠴᠢ᠎ᠨᠢ ᠪᠦᠳᠦᠭᠦᠨ᠂ ᠪᠦᠷᠭᠦᠭᠦᠯ ᠦᠰᠦ᠎ᠨᠢ ᠪᠦᠳᠦᠭᠦᠨ ᠮᠦᠷᠲᠡᠭᠡᠨ ᠬᠠᠲᠠᠭᠤ᠂ ᠪᠡᠶ᠎ᠡ ᠵᠢᠨ ᠡᠮᠦᠨ᠎ᠡ ᠬᠡᠰᠡᠭ᠎ᠤᠨ ᠬᠦᠭᠵᠢᠯᠲᠡ᠎ᠨᠢ ᠰᠠᠢ᠌ᠨ᠂ ᠵᠠᠩ ᠠᠭ᠋ᠠᠰᠢ᠎ᠨᠢ ᠴᠤᠪᠤᠭᠤᠯᠢᠭ᠂ ᠡᠷᠡᠭᠴᠢᠨ ᠴᠢᠨᠠᠷ᠎ᠨᠢ ᠲᠤᠳᠤᠷᠬᠠᠢ ᠪᠠᠢ᠌ᠬᠤ ᠬᠡᠷᠡᠭᠲᠡᠢ᠃ ᠲᠦᠮᠦᠰᠦ ᠵᠢᠨ ᠪᠣᠢ᠌ᠵᠢᠯᠲᠠ᠎ᠨᠢ ᠵᠢᠭᠲᠡ ᠰᠠᠢ᠌ᠨ ᠪᠠᠢ᠌ᠬᠤ ᠬᠡᠷᠡᠭᠲᠡᠢ᠂ ᠭᠠᠷ ᠵᠶ᠋ᠠᠷ ᠲᠡᠮᠲᠡᠷᠢᠬᠦ᠎ᠳᠤ ᠵᠤᠬᠢᠬᠤ ᠬᠠᠯᠠᠭᠤᠨ ᠪᠠ ᠬᠦᠳᠡᠯᠭᠡᠭᠡᠨ᠎ᠲᠠᠢ᠃
     5᠂ ᠦᠷ᠎ᠡ᠎ᠳᠤ ᠬᠡᠷᠡᠭᠯᠡᠬᠦ ᠮᠡᠭᠡᠵᠢ ᠵᠢ ᠰᠢᠯᠢᠵᠦ ᠰᠤᠩᠭᠤᠬᠤ
      ᠦᠢ᠍ᠯᠡᠳᠪᠦᠷᠢᠯᠡᠯ᠎ᠤᠨ ᠴᠢᠳᠠᠪᠤᠷᠢ ᠵᠢᠨ ᠰᠤᠩᠭᠤᠯᠲᠠ᠎ᠨᠢ ᠬᠢᠷᠢ ᠲᠡᠩᠴᠡᠭᠰᠡᠨ᠎ᠤ ᠳᠠᠷᠠᠭ᠎ᠠ᠂ ᠭᠠᠳᠠᠷ ᠳᠦᠷᠰᠦ᠎ᠪᠠᠷ᠎ᠨᠢ ᠰᠢᠯᠢᠨ ᠰᠤᠩᠭᠤᠯᠲᠠ ᠬᠢᠨ᠎ᠡ᠃ ᠳᠦᠷᠪᠡᠨ ᠮᠦᠴᠢ ᠵᠢᠨ ᠵᠤᠭᠰᠤᠯᠲᠠ᠎ᠨᠢ ᠲᠡᠭᠰᠢ᠂ ᠪᠡᠶ᠎ᠡ ᠴᠤᠭᠴᠠ᠎ᠨᠢ ᠴᠢᠬᠢᠷᠠᠭ᠂ ᠲᠤᠯᠤᠭ᠋ᠠᠢ ᠵᠢᠨ ᠶᠡᠬᠡ ᠪᠠᠭ᠎ᠠ᠎ᠨᠢ ᠲᠤᠬᠢᠷᠠᠮᠵᠢᠲᠠᠢ᠃ ᠵᠤ ᠨᠢᠷᠤᠭᠤ᠎ᠨᠢ ᠨᠡᠯᠢᠶᠡᠳ ᠦᠷᠭᠡᠨ ᠲᠡᠭᠰᠢ᠂ ᠴᠡᠭᠡᠵᠢ ᠠᠭᠤᠵᠢᠭᠤ ᠪᠤᠢ᠌ᠵᠢᠯᠲᠠ᠎ᠨᠢ ᠰᠠᠢ᠌ᠨ᠂ ᠬᠡᠪᠡᠯᠢ ᠵᠢᠨ ᠬᠡᠰᠡᠭ᠎ᠨᠢ ᠦᠷᠭᠡᠨ᠂ ᠳᠤᠷᠤᠭᠰᠢ ᠳᠡᠭᠦᠵᠢᠯᠡᠭᠳᠡᠬᠦ ᠦᠭᠡᠢ᠂ ᠬᠦᠬᠦᠨ ᠲᠤᠪᠴᠢ ᠵᠢᠨ ᠬᠢᠨᠢ ᠪᠤᠢ᠌ᠵᠢᠯᠲᠠ᠎ᠨᠢ ᠲᠤᠳᠤᠷᠬᠠᠢ᠂ ᠵᠢᠭᠰᠠᠭ᠋ᠠᠯᠲᠠ᠎ᠨᠢ ᠵᠢᠭᠲᠡ᠂ 6 ᠬᠤᠤᠰ᠎ᠠᠴᠠ ᠴᠦᠬᠡᠨ ᠦᠭᠡᠢ᠂ ᠭᠠᠷ ᠵᠶ᠋ᠠᠷ ᠲᠡᠮᠲᠡᠷᠢᠬᠦ᠎ᠳᠤ ᠬᠠᠷᠢᠮᠠᠬᠠᠢ ᠴᠢᠨᠠᠷ ᠵᠶ᠋ᠠᠷ ᠰᠠᠢ᠌ᠨ᠂ ᠤᠮᠠᠢ ᠵᠢᠨ ᠠᠮᠠᠰᠠᠷ᠎ᠤᠨ ᠪᠤᠢ᠌ᠵᠢᠯᠲᠠ᠎ᠨᠢ ᠭᠦᠢ᠍ᠴᠡᠳ᠂ ᠶᠡᠬᠡ ᠪᠠᠭ᠎ᠠ᠎ᠨᠢ ᠲᠤᠬᠢᠷᠠᠮᠵᠢᠲᠠᠢ ᠪᠠᠢ᠌ᠬᠤ ᠬᠡᠷᠡᠭᠲᠡᠢ᠃


     (ᠢᠷᠡᠯᠲᠡ᠄ ᠦ᠊· ᠪᠤᠶᠠᠨᠳᠡᠯᠭᠡᠷ ᠨᠠᠷ᠎ᠤᠨ ᠨᠠᠢ᠌ᠷᠠᠭᠤᠯᠤᠭᠰᠠᠨ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)



ᠢᠷᠡᠯᠲᠡ᠄ 《ᠭᠠᠬᠠᠢ ᠵᠢᠨ ᠰᠠᠢ᠌ᠨ ᠡᠭᠦᠯᠳᠡᠷ ᠰᠤᠩᠭᠤᠬᠤ ᠮᠡᠷᠭᠡᠵᠢᠯ》
          
ᠬᠠᠮᠢᠶ᠎ᠡ ᠪᠦᠬᠦᠢ ᠰᠣᠨᠢᠨ
ᠦᠷᠡᠰ ᠭᠠᠬᠠᠢ ᠤᠷᠤᠭᠤᠯᠵᠤ ᠢᠷᠡᠬᠦ ᠵᠠᠷᠴᠢᠮ ᠪᠠ ᠠᠷᠭ᠎ᠠ ᠬᠡᠮᠵᠢᠶ᠎ᠡ (ᠬᠤᠶᠠᠷ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠬᠤᠶᠠᠷ)
ᠲᠠᠬᠢᠶᠠᠨ᠎ᠤ ᠣᠷᠣᠨ ᠨᠤᠲᠤᠭ᠎ᠤᠨ ᠡᠭᠦᠯᠳᠡᠷ (ᠭᠣᠷᠪᠠ)
ᠰᠦᠨ᠎ᠤ ᠦᠨᠢᠶᠡᠨ᠎ᠤ ᠡᠭᠦᠯᠳᠡᠷ ᠪᠠ ᠪᠡᠶ᠎ᠡ ᠪᠠᠢ᠌ᠳᠠᠯ᠎ᠤᠨ ᠤᠨᠴᠠᠯᠢᠭ (ᠭᠤᠷᠪᠠ)
【ᠭᠠᠬᠠᠢ ᠵᠢᠨ ᠡᠭᠦᠯᠳᠡᠷ】 ᠵᠢᠨ ᠬᠣᠸᠠ ᠭᠠᠬᠠᠢ
 
            