ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠨᠡᠶ᠋ᠢᠲᠡᠯᠡᠭᠰᠡᠨ ᠴᠠᠭ᠄ 2021-06-21

      ᠫᠧᠩ ᠰᠢᠶᠠᠨ᠎ᠤ ᠰᠢᠷ᠎ᠠ ᠲᠠᠬᠢᠶ᠎ᠠ  (彭县黄鸡) ᠵᠢᠨ ᠤᠭ ᠭᠠᠷᠣᠯᠲᠠ ᠵᠢᠨ ᠤᠷᠤᠨ᠎ᠨᠢ ᠴᠧᠩᠳᠦ᠋ ᠵᠢᠨ ᠲᠠᠯ᠎ᠠ ᠭᠠᠵᠠᠷ᠃ ᠲᠤᠰ ᠤᠷᠤᠨ᠎ᠨᠢ ᠳ᠋ᠦ᠋ ᠵᠢᠶᠠᠩ ᠶᠠᠨ ᠤᠰᠤᠯᠠᠯᠲᠠ ᠵᠢᠨ ᠤᠷᠤᠨ᠎ᠳᠤ ᠬᠠᠷᠢᠶᠠᠯᠠᠭᠳᠠᠵᠤ᠂ ᠪᠠᠢ᠌ᠭ᠋ᠠᠯᠢ ᠵᠢᠨ ᠨᠦᠭᠦᠴᠡᠯ ᠰᠠᠢ᠌ᠨ᠂ ᠲᠠᠷᠢᠶᠠᠯᠠᠩ ᠦᠢ᠍ᠯᠡᠳᠪᠦᠷᠢᠯᠡᠯ ᠬᠦᠭᠵᠢᠵᠦ᠂ ᠲᠠᠷᠢᠮᠠᠯ ᠵᠢᠯ᠎ᠳᠤ ᠬᠤᠶᠠᠷ ᠤᠳᠠᠭ᠎ᠠ ᠪᠣᠯᠪᠠᠰᠤᠷᠠᠨ᠎ᠠ᠃ ᠬᠡᠰᠡᠭ ᠭᠠᠵᠠᠷ᠎ᠲᠤᠨᠢ 3 ᠤᠳᠠᠭ᠎ᠠ ᠪᠣᠯᠪᠠᠰᠤᠷᠠᠨ᠎ᠠ᠃ ᠲᠠᠷᠢᠮᠠᠯ᠎ᠤᠨ ᠲᠠᠯ᠎ᠠ᠎ᠪᠠᠷ ᠤᠰᠤᠨ ᠲᠤᠳᠤᠷᠭ᠎ᠠ᠂ ᠪᠤᠭᠤᠳᠠᠢ᠂ ᠪᠤᠷᠴᠠᠭ᠂ ᠲᠦᠮᠦᠰᠦ᠂ ᠠᠮᠲᠠᠲᠤ ᠲᠦᠮᠦᠰᠦ ᠵᠡᠷᠭᠡ ᠭᠤᠤᠯᠯᠠᠨ᠎ᠠ᠃ ᠲᠡᠵᠢᠭᠡᠪᠦᠷᠢ ᠵᠢᠨ ᠦᠢ᠍ᠯᠡᠰ ᠬᠦᠭᠵᠢᠵᠦ᠂ ᠡᠨᠳᠡᠬᠢ ᠬᠦᠮᠦᠰ ᠰᠢᠷ᠎ᠠ ᠡᠮᠡᠭᠴᠢᠨ ᠲᠠᠬᠢᠶ᠎ᠠ ᠪᠠ ᠤᠯᠠᠭ᠋ᠠᠨ ᠡᠷᠡᠭᠴᠢᠨ ᠲᠠᠬᠢᠶ᠎ᠠ ᠲᠡᠵᠢᠭᠡᠬᠦ ᠳᠤᠷᠠᠲᠠᠢ ᠪᠠᠢ᠌ᠳᠠᠭ᠃ ᠴᠧᠩᠳᠦ᠋ ᠬᠤᠲᠠ ᠪᠣᠯ ᠨᠡᠯᠢᠶᠡᠳ ᠲᠤᠮᠤ ᠬᠤᠲᠠ ᠪᠣᠯᠬᠣᠷ ᠦᠨᠳᠡᠭᠡ ᠮᠢᠬᠠᠨ᠎ᠤ ᠬᠡᠷᠡᠭᠰᠡᠬᠦ ᠬᠡᠮᠵᠢᠶ᠎ᠡ ᠶᠡᠬᠡ ᠪᠠᠢ᠌ᠳᠠᠭ᠃ ᠦᠨᠳᠡᠭᠡᠨ ᠲᠠᠬᠢᠶ᠎ᠠ ᠠᠮᠢᠳᠤ ᠵᠢᠭᠦᠷᠲᠡᠨ᠎ᠢ ᠪᠦᠭᠡᠮ ᠵᠶ᠋ᠡᠷ ᠬᠤᠳᠠᠯᠳᠣᠬᠣ ᠪᠠ ᠵᠢᠵᠢᠭᠯᠡᠨ ᠬᠤᠳᠠᠯᠳᠣᠬᠣ ᠵᠠᠬ᠎ᠠ ᠳᠡᠯᠭᠡᠭᠦᠷ ᠳᠡᠭᠡᠷ᠎ᠡ 《ᠰᠢ ᠯᠦ᠍ ᠦᠨᠳᠡᠭᠡ》 ᠪᠠ ᠫᠧᠩ ᠰᠢᠶᠠᠨ᠎ᠤ ᠰᠢᠷ᠎ᠠ ᠲᠠᠬᠢᠶ᠎ᠠ ᠨᠡᠷ᠎ᠡ ᠴᠤᠤᠲᠠᠢ᠃ ᠰᠢ ᠯᠦ᠍ ᠦᠨᠳᠡᠭᠡ ᠭᠡᠳᠡᠭ᠎ᠨᠢ ᠫᠧᠩ ᠰᠢᠶᠠᠨ᠎ᠤ ᠰᠢᠷ᠎ᠠ ᠲᠠᠬᠢᠶ᠎ᠠ ᠵᠢᠨ ᠦᠨᠳᠡᠭᠡ ᠵᠢ ᠵᠢᠭ᠋ᠠᠵᠤ ᠪᠤᠢ᠃ ᠦᠨᠳᠡᠭᠡ᠎ᠨᠢ ᠲᠤᠮᠤ ᠪᠦᠭᠡᠳ ᠦᠩᠭᠡ᠎ᠲᠠᠢ ᠰᠠᠢ᠌ᠬᠠᠨ ᠪᠠᠢ᠌ᠳᠠᠭ᠃ ᠫᠧᠩ ᠰᠢᠶᠠᠨ᠎ᠤ   ᠰᠢᠷ᠎ᠠ ᠲᠠᠬᠢᠶ᠎ᠠ ᠵᠢᠨ ᠪᠡᠶ᠎ᠡ᠎ᠨᠢ ᠨᠡᠯᠢᠶᠡᠳ ᠶᠡᠬᠡ᠂ ᠮᠢᠬᠠᠨ᠎ᠤ ᠴᠢᠨᠠᠷ᠎ᠨᠢ ᠨᠠᠷᠢᠨ ᠵᠦᠭᠡᠯᠡᠨ᠃ ᠬᠤᠳᠠᠯᠳᠣᠭ᠋ᠠᠴᠢᠨ 《ᠰᠢ ᠯᠦ᠍ ᠦᠨᠳᠡᠭᠡ》 ᠪᠠ ᠫᠧᠩ ᠰᠢᠶᠠᠨ ᠰᠢᠷ᠎ᠠ ᠲᠠᠬᠢᠶ᠎ᠠ᠎ᠪᠠᠷ ᠬᠤᠳᠠᠯᠳᠣᠨ ᠠᠪᠤᠭᠴᠢ ᠵᠢ ᠲᠠᠲᠠᠳᠠᠭ᠃ ᠬᠠᠳᠠᠯᠳᠣᠨ ᠠᠪᠤᠭᠴᠢ ᠴᠤ᠌ ᠲᠡᠭᠦᠨ᠎ᠢ ᠡᠷᠬᠢᠮ ᠡᠳ᠋ ᠪᠣᠯᠭ᠋ᠠᠨ ᠰᠣᠩᠭᠣᠨ ᠠᠪᠳᠠᠭ᠃ ᠡᠨᠡ᠎ᠨᠢ ᠫᠧᠩ ᠰᠢᠶᠠᠨ᠎ᠤ ᠰᠢᠷ᠎ᠠ ᠲᠠᠬᠢᠶ᠎ᠠ ᠵᠢᠨ ᠬᠦᠭᠵᠢᠯᠲᠡ ᠵᠢ ᠠᠬᠢᠭᠤᠯᠤᠭᠰᠠᠨ ᠪᠠᠢ᠌ᠨ᠎ᠠ᠃ ᠲᠠᠬᠢᠶ᠎ᠠ ᠲᠡᠵᠢᠭᠡᠵᠦ ᠪᠠᠢ᠌ᠭ᠎ᠠ ᠲᠠᠷᠢᠶᠠᠴᠢᠳ ᠪᠦᠳᠦᠭᠦᠨ ᠦᠨᠳᠡᠭᠡ᠎ᠲᠠᠢ᠂ ᠠᠷᠪᠢᠨ ᠦᠨᠳᠡᠭᠡᠯᠡᠬᠦ᠂ ᠦᠰᠦᠯᠲᠡ ᠬᠤᠷᠳᠣᠨ᠂ ᠠᠮᠠᠷᠬᠠᠨ ᠲᠠᠷᠭᠤᠯᠠᠬᠤ ᠲᠠᠬᠢᠶ᠎ᠠ ᠵᠢ ᠦᠷ᠎ᠡ ᠵᠢᠨ ᠲᠠᠬᠢᠶ᠎ᠠ ᠪᠤᠯᠭ᠋ᠠᠳᠠᠭ᠃ ᠡᠢ᠌ᠮᠦ᠎ᠠᠴᠠ ᠫᠧᠩ ᠰᠢᠶᠠᠨ᠎ᠤ ᠰᠢᠷ᠎ᠠ ᠲᠠᠬᠢᠶ᠎ᠠ᠎ᠨᠢ ᠰᠢᠨ᠎ᠡ ᠳᠣᠮᠳᠠᠳᠣ ᠣᠯᠣᠰ ᠪᠠᠢ᠌ᠭᠤᠯᠤᠭᠳᠠᠬᠤ᠎ᠠᠴᠠ ᠡᠮᠦᠨ᠎ᠡ ᠴᠧᠩᠳᠦ᠋ ᠵᠢᠨ ᠬᠤᠲᠤᠭᠤᠷ ᠳᠤᠪᠤᠷᠬᠠᠭ ᠭᠠᠵᠠᠷ᠎ᠤᠨ ᠰᠢᠷ᠎ᠠ ᠲᠠᠬᠢᠶ᠎ᠠ ᠵᠢ ᠲᠦᠯᠦᠭᠡᠯᠡᠬᠦ ᠲᠦᠷᠦᠯ ᠪᠣᠯᠣᠭᠰᠠᠨ ᠶᠣᠮ᠃ ᠰᠣᠩᠭᠣᠨ ᠪᠣᠢ᠌ᠵᠢᠭᠣᠯᠣᠭᠰᠠᠨ᠎ᠤ ᠳᠠᠷᠠᠭ᠎ᠠ ᠫᠧᠩ ᠰᠢᠶᠠᠨ᠎ᠤ ᠰᠢᠷ᠎ᠠ ᠲᠠᠬᠢᠶ᠎ᠠ᠎ᠨᠢ 65 ᠭᠠᠷᠠᠭ ᠪᠣᠯᠣᠮᠠᠭᠴᠠ ᠵᠢᠯ᠎ᠳᠤ 150.2~181.3 ᠦᠨᠳᠡᠭᠡ ᠦᠨᠳᠡᠭᠡᠯᠡᠵᠦ᠂ ᠦᠨᠳᠡᠭᠡᠨ᠎ᠤ ᠬᠦᠨᠳᠦ᠎ᠨᠢ ᠳᠣᠮᠳᠠᠴᠢ᠎ᠪᠠᠷ 57.2g ᠪᠠᠢ᠌ᠳᠠᠭ᠃
      (ᠨᠢᠭᠡ) ᠪᠡᠶ᠎ᠡ ᠭᠠᠯᠪᠢᠷ
     1. ᠭᠠᠳᠠᠷ ᠳᠦᠷᠰᠦ ᠵᠢᠨ ᠤᠨᠴᠠᠯᠢᠭ
      ᠫᠧᠩ ᠰᠢᠶᠠᠨ᠎ᠤ ᠰᠢᠷ᠎ᠠ ᠲᠠᠬᠢᠶ᠎ᠠ᠎ᠨᠢ ᠪᠡᠶ᠎ᠡ ᠪᠠᠢ᠌ᠳᠠᠯ᠎ᠨᠢ ᠪᠦᠮᠪᠦᠷᠢᠬᠡᠨ᠂ ᠪᠡᠶ᠎ᠡ ᠵᠢᠨ ᠬᠡᠮᠪᠡᠷᠢ᠎ᠨᠢ ᠳᠣᠮᠳᠠ ᠵᠢᠨ᠂ ᠳᠠᠩ ᠰᠡᠴᠢᠭ᠎ᠲᠠᠢ ᠪᠦᠭᠡᠳ ᠤᠯᠠᠭ᠋ᠠᠨ᠂ ᠤᠨᠴᠠ ᠵᠠᠷᠢᠮ᠎ᠨᠢ ᠪᠤᠷᠴᠠᠭ᠎ᠤᠨ ᠰᠡᠴᠢᠭ᠎ᠲᠠᠢ᠂ ᠴᠢᠬᠢ ᠵᠢᠨ ᠳᠡᠯᠪᠢ᠎ᠨᠢ ᠤᠯᠠᠭ᠋ᠠᠨ ᠦᠩᠭᠡ᠎ᠲᠠᠢ᠃ ᠨᠢᠳᠦᠨ᠎ᠤ ᠰᠣᠯᠣᠩᠭ᠋ᠠᠨ ᠪᠦᠷᠬᠦᠭᠦᠯ᠎ᠨᠢ ᠰᠢᠷ᠎ᠠ᠂ ᠬᠣᠰᠢᠭᠤ᠎ᠨᠢ ᠮᠢᠬᠠᠨ ᠦᠩᠭᠡ᠎ᠲᠠᠢ ᠪᠣᠶᠣ ᠭᠦᠢ᠍ᠬᠡᠨ ᠬᠦᠷᠡᠩ ᠦᠩᠭᠡ᠎ᠲᠠᠢ᠃ ᠠᠷᠠᠰᠤ᠂ ᠰᠢᠯᠪᠢ᠎ᠨᠢ ᠮᠢᠬᠠᠨ᠎ᠤ ᠦᠩᠭᠡ᠎ᠲᠠᠢ ᠪᠣᠶᠣ ᠴᠠᠭ᠋ᠠᠨ ᠦᠩᠭᠡ᠎ᠲᠠᠢ᠃ ᠴᠦᠬᠡᠩᠬᠢ᠎ᠨᠢ ᠬᠠᠷ᠎ᠠ ᠦᠩᠭᠡ᠎ᠲᠠᠢ᠂ ᠲᠦᠢ᠍ᠯ᠎ᠤᠨ ᠴᠦᠬᠡᠨ ᠲᠤᠭ᠋ᠠᠨ᠎ᠤ ᠬᠢᠨᠢ ᠰᠢᠯᠪᠢᠨ ᠦᠳᠦ᠎ᠲᠠᠢ᠃
      ᠡᠷᠡᠭᠴᠢᠨ ᠲᠠᠬᠢᠶ᠎ᠠ ᠵᠢᠨ ᠪᠡᠶ᠎ᠡ᠎ᠨᠢ ᠲᠤᠮᠤ ᠬᠦᠳᠡᠷ᠂ ᠲᠤᠯᠤᠭ᠋ᠠᠢ᠎ᠨᠢ ᠭᠡᠳᠡᠭᠡᠷ᠂ ᠰᠡᠭᠦᠯ᠎ᠨᠢ ᠡᠷᠲᠡᠭᠡᠷ᠂ ᠨᠢᠳᠦ᠎ᠨᠢ ᠲᠤᠮᠤ ᠭᠡᠷᠡᠯᠲᠡᠢ᠃ ᠰᠡᠴᠢᠭ᠎ᠨᠢ ᠲᠤᠮᠤ ᠪᠤᠰᠤᠭ᠎ᠠ᠂ ᠬᠤᠶᠠᠷ ᠬᠦᠯ᠎ᠨᠢ ᠠᠯᠴᠠᠭ᠋ᠠᠷ᠂ ᠵᠣᠭᠰᠣᠬᠣ᠎ᠳᠤ ᠢᠳᠡᠷᠡᠭᠦᠨ᠂ ᠭᠤᠤᠯ ᠵᠢᠭᠦᠷ᠎ᠤᠨ ᠬᠡᠰᠡᠭ᠎ᠲᠤ ᠬᠠᠷ᠎ᠠ ᠦᠳᠦ᠎ᠲᠠᠢ ᠪᠣᠶᠣ ᠦᠳᠦᠨ᠎ᠤ ᠬᠠᠭ᠋ᠠᠰ᠎ᠨᠢ ᠬᠠᠷ᠎ᠠ᠂ ᠬᠠᠳᠣᠭᠣᠷ ᠦᠳᠦ᠎ᠨᠢ ᠬᠠᠷ᠎ᠠ ᠪᠤᠶᠤ ᠬᠠᠷ᠎ᠠ ᠦᠳᠦ᠎ᠨᠢ ᠰᠢᠷ᠎ᠠ ᠠᠯᠠᠭ ᠦᠳᠦ ᠬᠣᠯᠢᠯᠳᠣᠵᠣ ᠪᠠᠢ᠌ᠬᠤ᠎ᠠᠴᠠ ᠭᠠᠳᠠᠨ᠎ᠠ᠂ ᠪᠦᠬᠦ ᠪᠡᠶ᠎ᠡ ᠵᠢᠨ ᠦᠳᠦ᠎ᠨᠢ ᠰᠢᠷᠠᠩᠭᠤᠢ ᠤᠯᠠᠭ᠋ᠠᠨ᠂ ᠬᠦᠵᠦᠭᠦᠦ᠂ ᠵᠢᠭᠦᠷ᠎ᠤᠨ ᠦᠳᠦᠨ᠎ᠤ ᠶᠡᠬᠡᠩᠬᠢ᠎ᠨᠢ ᠤᠯᠠᠭ᠋ᠠᠨ ᠪᠦᠭᠡᠳ ᠭᠢᠯᠠᠰᠣᠮ᠎ᠠ ᠪᠣᠯᠬᠣᠷ ᠬᠦᠮᠦᠰ ᠲᠤᠮᠤ ᠤᠯᠠᠭ᠋ᠠᠨ ᠡᠷᠡᠭᠴᠢᠨ ᠲᠠᠬᠢᠶ᠎ᠠ ᠭᠡᠵᠦ ᠨᠡᠷᠡᠯᠡᠳᠡᠭ᠃
      ᠡᠮᠡᠭᠴᠢᠨ ᠲᠠᠬᠢᠶᠠᠨ᠎ᠤ ᠦᠳᠦ᠎ᠨᠢ ᠰᠢᠷ᠎ᠠ᠂ ᠭᠦᠨ ᠰᠢᠷ᠎ᠠ᠂ ᠭᠦᠢ᠍ᠬᠡᠨ ᠰᠢᠷ᠎ᠠ ᠪᠠ ᠣᠯᠣᠰᠣᠨ ᠰᠢᠷ᠎ᠠ ᠵᠡᠷᠭᠡ ᠦᠩᠭᠡᠲᠡᠢ᠃ ᠫᠧᠩ ᠰᠢᠶᠠᠨ᠎ᠤ ᠰᠢᠷ᠎ᠠ ᠲᠠᠬᠢᠶ᠎ᠠ ᠵᠢᠨ ᠦᠷ᠎ᠡ ᠵᠢᠨ ᠲᠠᠬᠢᠶᠠᠨ ᠲᠠᠯᠠᠪᠠᠢ ᠵᠢᠨ ᠮᠠᠲ᠋ᠧᠷᠢᠶᠠᠯ᠎ᠢ ᠦᠨᠳᠦᠰᠦᠯᠡᠪᠡᠯ᠂ ᠭᠦᠨ ᠰᠢᠷ᠎ᠠ ᠦᠩᠭᠡ᠎ᠲᠠᠢ᠎ᠨᠢ 58.2%᠎ᠢ ᠡᠵᠡᠯᠡᠵᠦ᠂ ᠭᠦᠢ᠍ᠬᠡᠨ ᠰᠢᠷ᠎ᠠ ᠦᠩᠭᠡ᠎ᠲᠠᠢ᠎ᠨᠢ 12.7% ᠵᠢ ᠡᠵᠡᠯᠡᠨ᠂ ᠣᠯᠣᠰᠣᠨ ᠰᠢᠷ᠎ᠠ ᠦᠩᠭᠡ᠎ᠲᠠᠢ᠎ᠨᠢ 29.31% ᠵᠢ ᠡᠵᠡᠯᠡᠳᠡᠭ᠃
    ᠴᠤᠷᠪᠠᠭ᠎ᠠ ᠲᠠᠬᠢᠶᠠᠨ᠎ᠤ ᠦᠳᠦ᠎ᠨᠢ ᠶᠡᠬᠡᠩᠬᠢ᠎ᠨᠢ ᠰᠢᠷ᠎ᠠ᠂ ᠲᠡᠭᠦᠨ᠎ᠤ ᠦᠩᠭᠡ ᠵᠢᠨ ᠭᠦᠨ ᠭᠦᠢ᠍ᠬᠡᠨ ᠵᠶ᠋ᠡᠷ ᠢᠯᠭ᠋ᠠᠭᠳᠠᠵᠤ᠂ ᠦᠳᠦ ᠰᠣᠯᠢᠭᠰᠠᠨ᠎ᠤ ᠳᠠᠷᠠᠭ᠎ᠠ᠂ ᠭᠦᠨ ᠰᠢᠷ᠎ᠠ ᠪᠠ ᠭᠦᠢ᠍ᠬᠡᠨ ᠰᠢᠷ᠎ᠠ ᠦᠩᠭᠡ᠎ᠲᠠᠢ ᠲᠠᠬᠢᠶ᠎ᠠ ᠪᠣᠯᠳᠠᠭ᠂ ᠬᠡᠷᠪᠡ ᠪᠦᠬᠦ ᠪᠡᠶ᠎ᠡ ᠵᠢᠨ ᠦᠳᠦ᠎ᠨᠢ ᠰᠢᠷ᠎ᠠ ᠪᠦᠭᠡᠳ ᠲᠤᠯᠤᠭ᠋ᠠᠢ ᠨᠢᠷᠤᠭᠤᠨ᠎ᠤ ᠵᠣ᠋ ᠵᠢᠨ ᠬᠤᠶᠠᠷ ᠲᠠᠯ᠎ᠠ᠎ᠪᠠᠷ ᠬᠠᠷ᠎ᠠ ᠰᠤᠳᠠᠯ᠎ᠲᠠᠢ ᠪᠣᠯ ᠦᠰᠦᠭᠰᠡᠨ᠎ᠤ ᠳᠠᠷᠠᠭ᠎ᠠ ᠣᠯᠣᠰᠣᠨ ᠰᠢᠷ᠎ᠠ ᠦᠩᠭᠡᠲᠡᠢ ᠪᠣᠯᠳᠠᠭ᠃
     2. ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ (ᠬᠦᠰᠦᠨᠦᠭᠲᠦ 2- 8)
      ᠬᠦᠰᠦᠨᠦᠭᠲᠦ 2 - 8   ᠫᠧᠩ ᠰᠢᠶᠠᠨ᠎ᠤ ᠰᠢᠷ᠎ᠠ ᠲᠠᠬᠢᠶ᠎ᠠ ᠵᠢᠨ ᠪᠡᠶ᠎ᠡ ᠵᠢᠨ ᠵᠢᠯ᠂ ᠪᠡᠶ᠎ᠡ ᠵᠢᠨ ᠬᠡᠮᠵᠢᠶ᠎ᠡ



      ᠫᠧᠩ ᠰᠢᠶᠠᠨ᠎ᠤ ᠰᠢᠷ᠎ᠠ ᠲᠠᠬᠢᠶ᠎ᠠ᠎ᠨᠢ ᠳᠣᠮᠳᠠ ᠵᠡᠷᠭᠡ ᠵᠢᠨ ᠰᠢᠮ᠎ᠡ ᠲᠡᠵᠢᠭᠡᠯ᠎ᠤᠨ ᠨᠦᠭᠦᠴᠡᠯ ᠳᠣᠣᠷ᠎ᠠ᠂ 6 ᠰᠠᠷ᠎ᠠ ᠪᠣᠯᠣᠭᠰᠠᠨ ᠡᠷᠡᠭᠴᠢᠨ ᠲᠠᠬᠢᠶᠠᠨ᠎ᠤ ᠬᠦᠨᠳᠦ᠎ᠨᠢ 2.02kg᠂ ᠡᠮᠡᠭᠴᠢᠨ ᠲᠠᠬᠢᠶ᠎ᠠ᠎ᠨᠢ 1.48kg ᠪᠣᠯᠳᠠᠭ᠃ ᠨᠠᠰᠤ ᠭᠦᠢ᠍ᠴᠡᠭᠰᠡᠨ ᠡᠷᠡᠭᠴᠢᠨ ᠲᠠᠬᠢᠶᠠᠨ᠎ᠤ ᠬᠦᠨᠳᠦ᠎ᠨᠢ 2.43kg᠂ ᠡᠮᠡᠭᠴᠢᠨ ᠲᠠᠬᠢᠶ᠎ᠠ᠎ᠨᠢ 1.66.kg᠃ ᠫᠧᠩ ᠰᠢᠶᠠᠨ᠎ᠤ ᠰᠢᠷ᠎ᠠ ᠲᠠᠬᠢᠶ᠎ᠠ ᠵᠢᠨ ᠦᠷ᠎ᠡ ᠵᠢᠨ ᠲᠠᠬᠢᠶᠠᠨ ᠲᠠᠯᠠᠪᠠᠢ ᠵᠢᠨ ᠰᠣᠩᠭᠣᠨ ᠪᠣᠢ᠌ᠵᠢᠭᠣᠯᠣᠭᠰᠠᠨ ᠨᠠᠰᠤ ᠭᠦᠢ᠍ᠴᠡᠭᠰᠡᠨ ᠡᠷᠡᠭᠴᠢᠨ ᠲᠠᠬᠢᠶᠠᠨ᠎ᠤ ᠬᠦᠨᠳᠦ᠎ᠨᠢ ᠳᠣᠮᠳᠠᠴᠢ᠎ᠪᠠᠷ 3.95kg᠂ ᠡᠮᠡᠭᠴᠢᠨ ᠲᠠᠬᠢᠶᠠᠨ᠎ᠤ ᠬᠦᠨᠳᠦ᠎ᠨᠢ ᠲᠡᠭᠰᠢᠳᠭᠡᠭᠡᠳ 1.88kg ᠪᠠᠢ᠌ᠳᠠᠭ᠃
      (ᠬᠤᠶᠠᠷ) ᠦᠢ᠍ᠯᠡᠳᠪᠦᠷᠢᠯᠡᠯ᠎ᠤᠨ ᠴᠢᠳᠠᠪᠤᠷᠢ
     1. ᠦᠨᠳᠡᠭᠡᠯᠡᠬᠦ ᠴᠢᠳᠠᠪᠤᠷᠢ
      ᠫᠧᠩ ᠰᠢᠶᠠᠨ᠎ᠤ ᠰᠢᠷ᠎ᠠ ᠲᠠᠬᠢᠶ᠎ᠠ ᠵᠢᠨ ᠡᠬᠢᠯᠡᠵᠦ ᠦᠨᠳᠡᠭᠡᠯᠡᠬᠦ ᠬᠤᠭᠤᠴᠠᠭ᠎ᠠ᠎ᠨᠢ (ᠦᠨᠳᠡᠯᠡᠭᠡᠬᠦ ᠨᠤᠷᠮ᠎ᠡ ᠵᠢ 50%᠎ᠪᠠᠷ ᠪᠤᠳᠤᠨ᠎ᠠ) 216 ᠳ᠋ᠣᠭ᠋ᠠᠷ ᠡᠳᠦᠷ ᠳᠡᠭᠡᠷ᠎ᠡ᠎ᠪᠠᠨ ᠶᠤᠮ᠃ ᠰᠧᠴᠤᠸᠠᠨ᠎ᠤ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠮᠠᠯ ᠠᠵᠤ ᠠᠬᠤᠢ ᠮᠠᠯ ᠡᠮᠨᠡᠯᠭᠡ ᠵᠢᠨ ᠰᠤᠳᠤᠯᠭ᠋ᠠᠨ᠎ᠤ ᠭᠠᠵᠠᠷ᠎ᠤᠨ ᠬᠠᠢ᠌ᠨ ᠬᠡᠮᠵᠢᠭᠰᠡᠨ ᠵᠶ᠋ᠠᠷ ᠰᠢᠰᠲ᠋ᠧᠮ᠎ᠲᠠᠢ ᠪᠣᠢ᠌ᠵᠢᠭᠣᠯᠣᠭᠰᠠᠨ ᠦᠭᠡᠢ ᠲᠠᠬᠢᠶᠠᠨ ᠰᠦᠷᠦᠭ᠎ᠨᠢ ᠳᠣᠮᠳᠠ ᠵᠡᠷᠭᠡ ᠵᠢᠨ ᠰᠢᠮ᠎ᠡ ᠲᠡᠵᠢᠭᠡᠯ᠎ᠤᠨ ᠨᠦᠭᠦᠴᠡᠯ ᠳᠤᠤᠷ᠎ᠠ ᠵᠢᠯ᠎ᠳᠤ 150~160 ᠦᠨᠳᠡᠭᠡ ᠦᠨᠳᠡᠭᠡᠯᠡᠨ᠎ᠡ᠃ ᠦᠨᠳᠡᠭᠡᠨ᠎ᠤ ᠲᠡᠭᠰᠢᠳᠭᠡᠭᠰᠡᠨ ᠬᠦᠨᠳᠦ᠎ᠨᠢ 53.52g᠃ ᠦᠨᠳᠡᠭᠡᠨ ᠬᠠᠯᠢᠰᠤ᠎ᠨᠢ ᠭᠦᠢ᠍ᠬᠡᠨ ᠬᠦᠷᠡᠩ ᠦᠩᠭᠡ᠎ᠲᠠᠢ᠂ ᠬᠠᠯᠢᠰᠣᠨ᠎ᠤ ᠵᠤᠵᠠᠭ᠋ᠠᠨ᠎ᠨᠢ 0.33mm ᠤᠷᠴᠢᠮ᠃ ᠦᠨᠳᠡᠭᠡᠨ᠎ᠤ ᠬᠡᠯᠪᠡᠷᠢ ᠵᠢᠨ ᠢᠯᠡᠳᠭᠡᠮᠵᠢ ᠲᠤᠭ᠎ᠠ᠎ᠨᠢ 1.35᠃ ᠬᠡᠮᠵᠢᠯᠲᠡ ᠵᠢ ᠦᠨᠳᠦᠰᠦᠯᠡᠪᠡᠯ᠂ ᠦᠨᠳᠡᠭᠡᠨ ᠴᠠᠭ᠋ᠠᠨ᠎ᠨᠢ 57.26% ᠵᠢ ᠡᠵᠡᠯᠡᠵᠦ᠂ ᠦᠨᠳᠡᠭᠡᠨ ᠰᠢᠷ᠎ᠠ᠎ᠨᠢ 30.83% ᠵᠢ ᠡᠵᠡᠯᠡᠨ᠂ ᠦᠨᠳᠡᠭᠡᠨ ᠬᠠᠯᠢᠰᠤ᠎ᠨᠢ 11.91% ᠵᠢ ᠡᠵᠡᠯᠡᠳᠡᠭ᠃
     2. ᠮᠢᠬᠠᠨ᠎ᠤ ᠭᠠᠷᠴᠠ
     1982 ᠣᠨ᠎ᠤ ᠰᠧᠴᠣᠸᠠᠨ᠎ᠤ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠮᠠᠯ ᠠᠵᠤ ᠠᠬᠤᠢ ᠮᠠᠯ ᠡᠮᠨᠡᠯᠭᠡ ᠵᠢᠨ ᠰᠤᠳᠤᠯᠭ᠋ᠠᠨ᠎ᠤ ᠭᠠᠵᠠᠷ᠎ᠤᠨ ᠬᠠᠢ᠌ᠨ ᠬᠡᠮᠵᠢᠭᠰᠡᠨ᠎ᠢ ᠦᠨᠳᠦᠰᠦᠯᠡᠪᠡᠯ᠂ ᠫᠧᠩ ᠰᠢᠶᠠᠨ᠎ᠤ ᠰᠢᠷ᠎ᠠ ᠲᠠᠬᠢᠶ᠎ᠠ ᠵᠢᠨ ᠦᠰᠦᠯᠲᠡ ᠵᠢᠨ ᠡᠯ᠎ᠡ ᠱᠠᠲᠤᠨ᠎ᠤ ᠪᠡᠶ᠎ᠡ ᠵᠢᠨ ᠵᠢᠩ᠎ᠤᠨ ᠪᠠᠢ᠌ᠳᠠᠯ᠎ᠢ ᠬᠦᠰᠦᠨᠦᠭᠲᠦ 2 - 9᠎ᠳᠤ ᠦᠵᠡ᠃
      ᠬᠦᠰᠦᠨᠦᠭᠲᠦ 2 - 9     ᠫᠧᠩ ᠰᠢᠶᠠᠨ᠎ᠤ ᠰᠢᠷ᠎ᠠ ᠲᠠᠬᠢᠶ᠎ᠠ ᠵᠢᠨ ᠦᠰᠦᠯᠲᠡ ᠵᠢᠨ ᠱᠠᠲᠤᠨ᠎ᠤ ᠪᠡᠶ᠎ᠡ ᠵᠢᠨ ᠵᠢᠩ (ᠨᠢᠭᠡᠴᠢ᠄ g)

     1982 ᠣᠨ᠎ᠤ ᠰᠧᠴᠤᠸᠠᠨ᠎ᠤ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠮᠠᠯ ᠠᠵᠤ ᠠᠬᠤᠢ ᠮᠠᠯ ᠡᠮᠨᠡᠯᠭᠡ ᠵᠢᠨ ᠰᠤᠳᠤᠯᠭ᠋ᠠᠨ᠎ᠤ ᠭᠠᠵᠠᠷ᠎ᠤᠨ ᠫᠧᠩ ᠰᠢᠶᠠᠨ᠎ᠤ ᠰᠢᠷ᠎ᠠ ᠲᠠᠬᠢᠶ᠎ᠠ ᠵᠢᠨ ᠠᠯᠠᠰᠢᠨ᠎ᠤ ᠪᠠᠢ᠌ᠳᠠᠯ᠎ᠢ ᠬᠡᠮᠵᠢᠭᠰᠡᠨ ᠦᠷ᠎ᠡ ᠳ᠋ᠦᠩ᠎ᠢ ᠬᠦᠰᠦᠨᠦᠭᠲᠦ 2 - 10᠎ᠳᠤ ᠦᠵᠡ᠃
      ᠬᠦᠰᠦᠨᠦᠭᠲᠦ 2 - 10     ᠫᠧᠩ ᠰᠢᠶᠠᠨ ᠰᠢᠷ᠎ᠠ ᠲᠠᠬᠢᠶ᠎ᠠ ᠵᠢᠨ ᠠᠯᠠᠰᠢᠨ᠎ᠤ ᠪᠠᠢ᠌ᠳᠠᠯ


     3. ᠦᠷᠡᠵᠢᠯ᠎ᠤᠨ ᠴᠢᠳᠠᠪᠤᠷᠢ
      ᠡᠷᠡᠭᠴᠢᠨ ᠡᠮᠡᠭᠴᠢᠨ᠎ᠤ ᠬᠠᠷᠢᠴᠠᠯ᠎ᠨᠢ 1∶7~10᠂ ᠦᠷ᠎ᠡ ᠵᠢᠨ ᠦᠨᠳᠡᠭᠡᠨ᠎ᠤ ᠦᠷ᠎ᠡ ᠲᠤᠭᠲᠠᠬᠤ ᠨᠤᠷᠮ᠎ᠠ᠎ᠨᠢ 91.43%᠂ ᠦᠷ᠎ᠡ ᠲᠤᠭᠲᠠᠭᠰᠠᠨ ᠦᠨᠳᠡᠭᠡᠨ᠎ᠤ ᠨᠡᠪᠴᠢᠯᠲᠡ ᠵᠢᠨ ᠨᠤᠷᠮ᠎ᠠ᠎ᠨᠢ 83.62%᠂ ᠪᠣᠢ᠌ᠵᠢᠯᠲᠠ ᠵᠢᠨ ᠨᠤᠷᠮ᠎ᠠ᠎ᠨᠢ 95.63%᠃
      ᠲᠤᠰ ᠭᠠᠵᠠᠷ᠎ᠤᠨ ᠲᠠᠷᠢᠶᠠᠴᠢᠳ ᠡᠷᠡᠭᠴᠢᠨ ᠲᠠᠬᠢᠶ᠎ᠠ ᠰᠣᠩᠭᠣᠬᠣ ᠵᠢ ᠲᠤᠩ ᠠᠩᠬᠠᠷᠳᠠᠭ᠃ ᠪᠡᠶ᠎ᠡ ᠪᠦᠳᠦᠭᠦᠨ᠂ ᠬᠦᠯ ᠢᠳᠡᠷᠡᠭᠦᠨ᠂ ᠨᠢᠳᠦ ᠲᠤᠮᠤ᠂ ᠳᠤᠤᠭ᠋ᠠᠷᠬᠤ ᠳᠠᠭᠤ᠎ᠨᠢ ᠬᠦᠩᠭᠢᠨᠡᠮ᠎ᠡ᠂ ᠲᠤᠯᠤᠭ᠋ᠠᠢ᠂ ᠰᠡᠮ ᠤᠷᠲᠤ᠂ ᠨᠢᠷᠤᠭᠤᠨ ᠦᠳᠦ᠂ ᠰᠡᠭᠦᠯ᠎ᠤᠨ ᠦᠳᠦ᠎ᠨᠢ ᠭᠢᠯᠲᠦᠭᠡᠨᠡᠮ᠎ᠡ ᠤᠯᠠᠭ᠋ᠠᠨ᠎ᠢ᠎ᠨᠢ ᠦᠷ᠎ᠡ ᠵᠢᠨ ᠲᠠᠬᠢᠶ᠎ᠠ ᠪᠣᠯᠭ᠋ᠠᠳᠠᠭ᠃ ᠰᠢᠭ᠋ᠠᠷᠤᠨ ᠡᠷᠡᠭᠴᠢᠨ ᠲᠠᠬᠢᠶ᠎ᠠ ᠵᠢ ᠶᠡᠷᠦ᠎ᠳᠡᠭᠡᠨ 0.75~1kg᠎ᠤᠨ ᠦᠶ᠎ᠡ᠎ᠳᠤ ᠬᠦᠩᠭᠡᠯᠡᠵᠦ ᠪᠤᠷᠳᠤᠭ᠋ᠠᠳ ᠵᠠᠬ᠎ᠠ ᠳᠡᠯᠭᠡᠭᠦᠷ᠎ᠲᠤ ᠭᠠᠷᠭ᠋ᠠᠳᠠᠭ᠃
      ᠬᠠᠪᠤᠷ᠂ ᠨᠠᠮᠤᠷ᠎ᠤᠨ ᠤᠯᠠᠷᠢᠯ ᠪᠣᠯ ᠦᠷᠡᠵᠢᠬᠦ ᠤᠯᠠᠷᠢᠯ᠂ ᠲᠠᠷᠢᠶᠠᠴᠢᠨ ᠡᠷᠦᠬᠡ᠎ᠨᠢ ᠳᠠᠷᠣᠰᠢᠬᠤ᠎ᠳᠠᠭᠠᠨ ᠰᠠᠢ᠌ᠨ ᠨᠤᠮᠤᠬᠠᠨ ᠡᠮᠡᠭᠴᠢᠨ ᠲᠠᠬᠢᠶ᠎ᠠ ᠵᠢ ᠰᠣᠩᠭᠣᠵᠣ ᠳᠠᠷᠤᠰᠢᠭᠤᠯᠳᠠᠭ᠃ ᠡᠭᠦᠷ ᠪᠦᠷᠢ 20 ᠦᠨᠳᠡᠭᠡ ᠳᠠᠷᠣᠰᠢᠭᠤᠯᠳᠠᠭ᠃
      (ᠭᠤᠷᠪᠠ) ᠠᠷᠠᠴᠢᠯᠠᠵᠤ ᠬᠠᠮᠢᠶᠠᠷᠬᠤ ᠤᠨᠴᠠᠯᠢᠭ
     1. ᠫᠧᠩ ᠰᠢᠶᠠᠨ᠎ᠤ ᠰᠢᠷ᠎ᠠ ᠲᠠᠬᠢᠶ᠎ᠠ ᠠᠮᠠᠷᠬᠠᠨ ᠲᠠᠷᠭᠤᠯᠠᠳᠠᠭ
      ᠫᠧᠩ ᠰᠢᠶᠠᠨ᠎ᠤ ᠰᠢᠷ᠎ᠠ ᠲᠠᠬᠢᠶ᠎ᠠ ᠵᠢᠨ ᠡᠷᠡᠭᠴᠢᠨ ᠲᠠᠬᠢᠶᠠᠨ᠎ᠤ 6 ᠰᠠᠷ᠎ᠠ ᠵᠢᠨ ᠬᠦᠨᠳᠦ᠎ᠨᠢ 2.02kg᠂ ᠡᠮᠡᠭᠴᠢᠨ ᠲᠠᠬᠢᠶ᠎ᠠ᠎ᠨᠢ 1.48kg᠃ ᠦᠷ᠎ᠡ ᠵᠢᠨ ᠲᠠᠬᠢᠶ᠎ᠠ ᠵᠢ ᠠᠷᠠᠴᠢᠯᠠᠵᠤ ᠲᠡᠵᠢᠭᠡᠬᠦ ᠶᠠᠪᠤᠴᠠ ᠳᠣᠮᠳᠠ᠂ ᠪᠤᠷᠳᠤᠵᠤ ᠲᠡᠵᠢᠭᠡᠬᠦ ᠵᠢ ᠬᠢᠵᠠᠭ᠋ᠠᠷᠯᠠᠬᠤ ᠠᠷᠭ᠎ᠠ ᠵᠢ ᠠᠪᠴᠤ᠂ ᠵᠣᠬᠢᠰᠲᠠᠢ ᠪᠤᠷᠳᠤᠵᠤ ᠲᠡᠵᠢᠭᠡᠬᠦ ᠲᠦᠰᠦᠯ᠎ᠢ ᠲᠤᠭᠲᠠᠭ᠋ᠠᠨ᠂ ᠦᠷ᠎ᠡ ᠵᠢᠨ ᠲᠠᠬᠢᠶᠠᠨ᠎ᠤ ᠦᠨᠳᠡᠭᠡᠯᠡᠬᠦ ᠨᠤᠷᠮ᠎ᠠ ᠵᠢ ᠳᠡᠭᠡᠭᠰᠢᠯᠡᠭᠦᠯᠬᠦ ᠴᠢᠬᠤᠯᠠ᠎ᠲᠠᠢ᠃
     2. ᠫᠧᠩ ᠰᠢᠶᠠᠨ᠎ᠤ ᠰᠢᠷ᠎ᠠ ᠲᠠᠬᠢᠶ᠎ᠠ ᠵᠢᠨ ᠳᠠᠷᠣᠰᠢᠬᠤ ᠴᠢᠨᠠᠷ
      ᠰᠣᠩᠭᠣᠭᠰᠠᠨ ᠦᠭᠡᠢ ᠲᠠᠬᠢᠶᠠᠨ ᠰᠦᠷᠦᠭ ᠠᠳᠠᠯᠢ ᠪᠤᠰᠤ ᠳᠠᠷᠤᠰᠢᠬᠤ ᠴᠢᠨᠠᠷ᠎ᠲᠠᠢ ᠪᠠᠢ᠌ᠳᠠᠭ᠃ ᠡᠢ᠌ᠮᠦ᠎ᠠᠴᠠ ᠲᠠᠸᠠᠷ᠎ᠤᠨ ᠦᠢ᠍ᠯᠡᠳᠪᠦᠷᠢᠯᠡᠯ᠎ᠤᠨ ᠦᠷ᠎ᠡ ᠵᠢᠨ ᠲᠠᠬᠢᠶᠠᠨ᠎ᠤ ᠰᠦᠷᠦᠭ᠎ᠠᠴᠠ ᠳᠠᠷᠣᠰᠢᠬᠤ ᠴᠢᠨᠠᠷ ᠴᠢᠩᠭ᠎ᠠ ᠦᠷ᠎ᠡ ᠵᠢᠨ ᠲᠠᠬᠢᠶ᠎ᠠ ᠵᠢ ᠰᠢᠭ᠋ᠠᠷᠣᠯᠠᠵᠤ᠂ ᠲᠠᠸᠠᠷ᠎ᠤᠨ ᠦᠢ᠍ᠯᠡᠳᠪᠦᠷᠢᠯᠡᠯ᠎ᠤᠨ ᠦᠷ᠎ᠡ ᠵᠢᠨ ᠲᠠᠬᠢᠶᠠᠨ᠎ᠤ ᠦᠨᠳᠡᠭᠡᠯᠡᠬᠦ ᠨᠤᠷᠮ᠎ᠠ ᠵᠢ ᠳᠡᠭᠡᠭᠰᠢᠯᠡᠭᠦᠯᠪᠡᠯ ᠵᠤᠬᠢᠨ᠎ᠠ᠃

     (ᠢᠷᠡᠯᠲᠠ᠄ ᠤᠳᠬᠠᠨᠬᠦᠦ᠂ ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》 ᠭᠡᠬᠦ ᠨᠣᠮ᠎ᠠᠴᠠ ᠰᠣᠩᠭᠣᠨ ᠰᠡᠢ᠌ᠷᠡᠭᠦᠯᠪᠡ᠃)

ᠢᠷᠡᠯᠲᠡ᠄ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》
          
ᠬᠠᠮᠢᠶ᠎ᠡ ᠪᠦᠬᠦᠢ ᠰᠣᠨᠢᠨ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠤᠷᠤᠭᠤᠯᠵᠤ ᠢᠷᠡᠭᠰᠡᠨ ᠴᠡᠪᠡᠷ ᠡᠭᠦᠯᠳᠡᠷ᠎ᠤᠨ ᠭᠠᠬᠠᠢ
ᠲᠤᠮᠤ ᠴᠠᠭ᠋ᠠᠨ ᠭᠠᠬᠠᠢ
ᠳ᠋ᠤᠯᠤᠸᠸᠺᠧ ᠭᠠᠬᠠᠢ
 
            