ᠦᠲᠦᠷᠮ᠎ᠡ ᠶᠢᠨ ᠨᠠᠶᠢᠷ
ᠨᠡᠶᠢᠲᠡᠯᠡᠭᠰᠡᠨ ᠴᠠᠭ᠄
2020/6/1
     ᠨᠠᠮᠤᠷ ᠦᠲᠦᠷᠮ᠎ᠡ ᠪᠠᠨ ᠠᠪᠴᠤ ᠪᠠᠷᠠᠭᠰᠠᠨ ᠤ ᠳᠠᠷᠠᠭ᠎ᠠ ᠨᠢᠭᠡ ᠪᠡᠯᠭᠡ ᠳᠡᠮᠪᠡᠷᠡᠯ ᠲᠠᠢ ᠰᠠᠶᠢᠨ ᠡᠳᠦᠷ ᠢ ᠰᠤᠩᠭᠤᠨ ᠦᠲᠦᠷᠮ᠎ᠡ ᠶᠢᠨ ᠨᠠᠶᠢᠷ ᠬᠢᠳᠡᠭ᠃ ᠦᠲᠦᠷᠮ᠎ᠡ ᠶᠢᠨ ᠨᠠᠶᠢᠷ ᠲᠤ ᠠᠷᠴᠢᠭᠤᠷ᠂ ᠬᠠᠳᠤᠭᠤᠷ᠂ ᠠᠴᠠ᠂ ᠱᠦᠬᠦᠷ᠂ ᠬᠦᠷᠵᠡ᠂ ᠪᠣᠯᠣ᠂ ᠠᠨᠵᠢᠰᠤ᠂ ᠬᠤᠯᠤ ᠵᠡᠷᠭᠡ ᠠᠯᠢᠪᠠ ᠲᠠᠷᠢᠶᠠᠯᠠᠩ ᠤᠨ ᠪᠠᠭᠠᠵᠢ ᠬᠡᠷᠡᠭᠰᠡᠯ ᠢᠶᠠᠨ ᠦᠲᠦᠷᠮ᠎ᠡ ᠶᠢᠨ ᠳᠤᠮᠳᠠ ᠪᠠᠨ ᠲᠠᠯᠪᠢᠭᠠᠳ ᠨᠢᠭᠡᠳ ᠨᠢᠭᠡ ᠪᠠᠷ ᠮᠢᠯᠢᠶᠠᠵᠤ ᠢᠷᠦᠭᠡᠨ᠎ᠡ᠃ ᠢᠷᠦᠭᠡᠯ ᠤᠨ ᠠᠭᠤᠯᠭ᠎ᠠ ᠨᠢ ᠭᠤᠤᠯᠳᠠᠭᠤ ᠲᠠᠷᠢᠵᠤ᠂ ᠠᠷᠴᠢᠵᠤ᠂ ᠬᠠᠳᠣᠵᠣ᠂ ᠬᠤᠷᠢᠶᠠᠬᠤ ᠳᠤ ᠬᠡᠷᠡᠭᠯᠡᠭᠰᠡᠨ ᠲᠡᠳᠡᠭᠡᠷ ᠡᠳ᠋ ᠬᠡᠷᠡᠭᠰᠡᠯ ᠢᠶᠠᠨ ᠮᠠᠭᠲᠠᠨ ᠰᠢᠯᠦᠭᠯᠡᠭᠰᠡᠨ ᠪᠠᠶᠢᠳᠠᠭ᠃ ᠵᠢᠱᠢᠶ᠎ᠠ ᠨᠢ᠄ ︽ᠬᠦᠴᠦ ᠪᠠᠨ ᠦᠭᠭᠦᠭᠰᠡᠨ ᠬᠦᠷᠵᠡ ᠴᠢᠮᠠᠶᠢ ᠪᠠᠨ/ ᠬᠦᠷᠳᠦᠨ ᠴᠢᠨᠡᠭᠡ ᠪᠣᠣᠪᠤ ᠪᠠᠷ ᠮᠢᠯᠢᠶᠠᠮᠤ︕/ ᠠᠴᠢ ᠪᠠᠨ ᠦᠭᠭᠦᠭᠰᠡᠨ ᠠᠨᠵᠢᠰᠤ ᠴᠢᠮᠠᠶᠢ ᠪᠠᠨ/ ᠠᠶᠠᠭᠠᠨ ᠴᠢᠨᠡᠭᠡ ᠪᠣᠣᠪᠤ ᠪᠠᠷ ᠮᠢᠯᠢᠶᠠᠮᠤ︕︾᠂ ︽ᠪᠦᠮᠪᠦᠷ ᠪᠦᠮᠪᠦᠷ ᠡᠷᠭᠢᠵᠦ/ ᠪᠣᠮᠠᠨ ᠳ᠋ᠠᠨ ᠠᠮᠤ ᠬᠤᠷᠢᠶᠠᠯᠭᠠᠭᠰᠠᠨ/ ᠮᠣᠯᠣᠷ ᠡᠷᠳᠡᠨᠢ ᠶᠢᠨ ᠪᠤᠯᠤ ᠪᠠᠨ/ ᠮᠦᠩᠭᠦ ᠠᠯᠲᠠ ᠪᠠᠷ ᠮᠢᠯᠢᠶᠠᠶ᠎ᠠ︕︾ ᠭᠡᠬᠦ ᠮᠡᠲᠦ᠃      ︵ᠢᠷᠡᠯᠲᠡ᠄ ᠱᠠᠭᠠᠯᠠᠢ᠂ ᠠᠯᠳᠠᠷᠠᠢ ᠶᠢᠨ ᠨᠠᠶᠢᠷᠠᠭᠤᠯᠤᠭᠰᠠᠨ ︽ᠮᠣᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号