ᠬᠤᠸᠠ ᠨᠦᠩ 887 ᠡᠷᠳᠡᠨᠢ ᠰᠢᠰᠢ ᠶᠢᠨ ᠡᠭᠦᠯᠳᠡᠷ ᠶᠠᠮᠠᠷ ᠵᠡᠷᠭᠡ ᠪᠤᠢ︖
ᠨᠡᠶᠢᠲᠡᠯᠡᠭᠰᠡᠨ ᠴᠠᠭ᠄
2022/4/11
      ᠨᠢᠭᠡ ᠂ ᠡᠭᠦᠯᠳᠡᠷ ᠤᠨ ᠨᠡᠷᠡᠶᠢᠳᠦᠯ ᠄ ᠬᠤᠸᠠ ᠨᠦᠩ 887      ᠬᠤᠶᠠᠷ᠂ ᠡᠭᠦᠯᠳᠡᠷ ᠤᠨ ᠲᠥᠷᠥᠯ ᠵᠦᠢᠯ ᠄ ᠡᠩ ᠤᠨ ᠡᠷᠳᠡᠨᠢ ᠰᠢᠰᠢ      ᠭᠤᠷᠪᠠ ᠂ ᠰᠣᠩᠭᠤᠨ ᠪᠣᠶᠢᠵᠢᠭᠤᠯᠬᠤ ᠨᠢᠭᠡᠴᠢ ᠄ ᠪᠡᠭᠡᠵᠢᠩ ᠤᠨ ᠬᠤᠸᠠ ᠨᠦᠩ ᠸᠧᠢ ᠶᠧ ᠦᠷ᠎ᠡ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠢᠵᠠᠭᠠᠷᠲᠤ ᠺᠣᠮᠫᠠᠨᠢ      ᠳᠥᠷᠪᠡ ᠂ ᠬᠢᠨᠠᠨ ᠲᠣᠭᠲᠠᠭᠠᠭᠰᠠᠨ ᠳ᠋ᠤᠭᠠᠷᠯᠠᠯ ᠄ ᠲᠦᠷᠦ  ᠬᠢᠨᠠᠨ ᠡᠷᠳᠡᠨᠢ 2014011      ᠲᠠᠪᠤ ᠂ ᠲᠠᠷᠢᠬᠤ ᠳᠤ ᠲᠣᠬᠢᠷᠠᠮᠵᠢᠲᠠᠢ ᠣᠷᠣᠨ ᠄ ᠯᠢᠶᠣᠤᠨᠢᠩ ᠤᠨ ᠵᠡᠭᠦᠨ ᠬᠡᠰᠡᠭ ᠤᠨ ᠠᠭᠤᠯᠠᠷᠬᠠᠭ ᠣᠷᠣᠨ ᠂ ᠭᠢᠷᠢᠨ ᠤ ᠳᠤᠮᠳᠠ ᠵᠡᠷᠭᠡ ᠶᠢᠨ ᠪᠣᠯᠪᠠᠰᠤᠷᠠᠯᠲᠠ ᠶᠢᠨ ᠣᠷᠣᠨ ᠂ ᠬᠠᠷᠠᠮᠥ᠋ᠷᠡᠨ ᠤ ᠨᠢᠭᠡᠳᠦᠭᠡᠷ ᠲᠤᠨᠤᠮᠠᠯ ᠰᠡᠷᠢᠭᠦᠨ ᠪᠦᠰᠡ ᠪᠠ ᠥᠪᠥᠷ ᠮᠣᠩᠭᠤᠯ ᠤᠨ ᠵᠡᠭᠦᠨ ᠬᠡᠰᠡᠭ ᠤᠨ ᠳᠤᠮᠳᠠ ᠵᠡᠷᠭᠡ ᠶᠢᠨ ᠪᠣᠯᠪᠠᠰᠤᠷᠠᠯᠲᠠ ᠶᠢᠨ ᠣᠷᠣᠨ ᠳᠤ ᠬᠠᠪᠤᠷ ᠤᠨ ᠲᠠᠷᠢᠶᠠᠯᠠᠭ᠎ᠠ ᠳᠤ ᠲᠣᠬᠢᠷᠠᠨ᠎ᠠ᠃      ᠵᠢᠷᠭᠤᠭ᠎ᠠ ᠂ ᠡᠭᠦᠯᠳᠡᠷ ᠤᠨ ᠢᠷᠡᠯᠲᠡ ᠄ B8 × ᠪᠡᠭᠡᠵᠢᠩ 66      ᠲᠤᠯᠤᠭ᠎ᠠ ᠂ ᠮᠦ ᠪᠦᠷᠢ ᠶᠢᠨ ᠤᠨᠠᠯᠲᠠ ᠄ 2012 ᠣᠨ ᠠᠴᠠ 2013 ᠣᠨ ᠳᠤ ᠵᠡᠭᠦᠨ ᠬᠤᠶᠢᠲᠤ ᠣᠷᠣᠨ ᠤ ᠡᠷᠲᠡ ᠪᠣᠯᠪᠠᠰᠤᠷᠠᠬᠤ ᠬᠠᠪᠤᠷ ᠤᠨ ᠡᠷᠳᠡᠨᠢ ᠰᠢᠰᠢ ᠶᠢᠨ ᠡᠭᠦᠯᠳᠡᠷ ᠤᠨ ᠣᠷᠣᠨ ᠪᠦᠰᠡ ᠶᠢᠨ ᠲᠤᠷᠰᠢᠯᠲᠠ ᠳᠤ ᠣᠷᠣᠯᠴᠠᠵᠤ ᠂ ᠬᠤᠶᠠᠷ ᠵᠢᠯ ᠤᠨ ᠮᠦ ᠪᠦᠷᠢ ᠶᠢᠨ ᠳᠤᠮᠳᠠᠴᠢ ᠤᠨᠠᠯᠲᠠ  ᠨᠢ 829.6 ᠺᠢᠯᠣᠭ᠍ᠷᠠᠮ ᠳᠤ ᠬᠦᠷᠴᠦ᠂ 2013 ᠣᠨ ᠤ ᠦᠢᠯᠡᠳᠪᠦᠷᠢᠯᠡᠯ ᠤᠨ ᠲᠤᠷᠰᠢᠯᠲᠠ ᠳᠤ ᠮᠦ ᠪᠦᠷᠢ ᠶᠢᠨ ᠳᠤᠮᠳᠠᠴᠢ ᠤᠨᠠᠯᠲᠠ  ᠨᠢ 821.8 ᠺᠢᠯᠣᠭ᠍ᠷᠠᠮ ᠳᠤ ᠬᠦᠷᠦᠭᠰᠡᠨ ᠪᠠᠶᠢᠨ᠎ᠠ᠃      ᠨᠠᠢᠮᠠ ᠂ ᠡᠭᠦᠯᠳᠡᠷ ᠤᠨ ᠣᠨᠴᠠᠯᠢᠭ      ᠬᠤᠸᠠ ᠨᠦᠩ 887 ᠡᠷᠳᠡᠨᠢ ᠰᠢᠰᠢ ᠶᠢᠨ ᠡᠭᠦᠯᠳᠡᠷ ᠵᠡᠭᠦᠨ ᠬᠤᠶᠢᠲᠤ ᠣᠷᠣᠨ ᠤ ᠡᠷᠲᠡ ᠪᠣᠯᠪᠠᠰᠤᠷᠠᠬᠤ ᠬᠠᠪᠤᠷ ᠤᠨ ᠡᠷᠳᠡᠨᠢ ᠰᠢᠰᠢ ᠶᠢᠨ ᠣᠷᠣᠨ ᠳᠤ ᠨᠠᠬᠢᠶᠠᠯᠠᠬᠤ ᠠᠴᠠ ᠪᠣᠯᠪᠠᠰᠤᠷᠠᠬᠤ 131 ᠡᠳᠦᠷ ᠳᠤ ᠂ ᠰᠢᠶᠠᠨ ᠢᠣᠢ 335 ᠲᠠᠢ ᠲᠡᠩᠴᠡᠨ᠎ᠡ᠃ ᠨᠢᠯᠬ᠎ᠠ ᠴᠢᠬᠢ ᠶᠢᠨ ᠨᠠᠪᠴᠢᠨ ᠤ ᠳᠤᠭᠲᠤᠢ ᠨᠢ ᠪᠣᠷᠣ ᠥᠩᠭᠡᠲᠡᠢ ᠂ ᠨᠠᠪᠴᠢᠨ ᠤ ᠬᠦᠪᠡᠭᠡ ᠨᠢ ᠪᠣᠷᠣ ᠥᠩᠭᠡᠲᠡᠢ ᠂ ᠴᠡᠴᠡᠭ ᠤᠨ ᠡᠮ ᠨᠢ ᠭᠦᠢᠬᠡᠨ ᠪᠣᠷᠣ ᠥᠩᠭᠡᠲᠡᠢ ᠂ ᠬᠠᠯᠢᠰᠤ ᠨᠢ ᠪᠣᠷᠣ ᠥᠩᠭᠡᠲᠡᠢ ᠪᠠᠶᠢᠳᠠᠭ᠃ ᠰᠠᠭᠤᠷᠢ ᠶᠢᠨ ᠬᠡᠯᠪᠡᠷᠢ ᠨᠢ ᠬᠠᠭᠠᠰ ᠨᠢᠭᠲᠠ᠂ ᠰᠠᠭᠤᠷᠢ ᠶᠢᠨ ᠥᠨᠳᠥᠷ ᠨᠢ 316 ᠰᠠᠨᠲ᠋ᠢᠮᠧᠲᠷ᠂ ᠲᠦᠷᠦᠭᠦᠦ ᠶᠢᠨ ᠦᠨᠳᠦᠷ  ᠨᠢ 117 ᠰᠠᠨᠲ᠋ᠢᠮᠧᠲᠷ᠂ ᠰᠠᠭᠤᠷᠢ ᠨᠠᠪᠴᠢᠨ ᠤ ᠲᠤᠭ᠎ᠠ ᠨᠢ 21 ᠬᠡᠰᠡᠭ ᠪᠠᠶᠢᠳᠠᠭ᠃ ᠴᠡᠴᠡᠭ ᠤᠨ ᠰᠢᠷᠬᠡᠭ ᠨᠢ ᠪᠣᠷᠣ ᠥᠩᠭᠡᠲᠡᠢ ᠂ ᠵᠢᠮᠢᠰ ᠤᠨ ᠲᠦᠷᠦᠭᠦᠦ ᠨᠢ ᠪᠣᠷᠲᠣᠭᠤᠨ ᠬᠡᠯᠪᠡᠷᠢᠲᠡᠢ ᠂ ᠲᠦᠷᠦᠭᠦᠦ ᠨᠢ 20 ᠰᠠᠨᠲ᠋ᠢᠮᠧᠲᠷ ᠂ ᠲᠦᠷᠦᠭᠦᠦ ᠨᠢ 16 ᠮᠥᠷ ᠲᠠᠢ ᠂ ᠲᠦᠷᠦᠭᠦᠦ ᠶᠢᠨ ᠲᠡᠩᠬᠡᠯᠢᠭ ᠨᠢ ᠤᠯᠠᠭᠠᠨ ᠥᠩᠭᠡᠲᠡᠢ ᠂ ᠮᠥᠬᠦᠯᠢᠭ ᠨᠢ ᠰᠢᠷ᠎ᠠ ᠥᠩᠭᠡᠲᠡᠢ ᠂ ᠬᠠᠭᠠᠰ ᠮᠣᠷᠢᠨ ᠰᠢᠳᠦᠨ ᠤ ᠬᠡᠯᠪᠡᠷᠢᠲᠠᠢ᠂ ᠵᠠᠭᠤᠨ ᠮᠥᠬᠦᠯᠢᠭ ᠨᠢ 38.7 ᠭᠷᠡᠮ ᠪᠠᠶᠢᠳᠠᠭ᠃ ᠲᠠᠷᠢᠯᠭ᠎ᠠ ᠶᠢᠨ ᠰᠢᠯᠭᠠᠨ ᠲᠣᠭᠲᠠᠭᠠᠯᠲᠠ ᠳᠤ᠂ ᠬᠠᠳᠤᠭᠤᠷ ᠰᠫᠣᠷ ᠤᠨ ᠡᠰᠢ ᠶᠢᠨ ᠢᠯᠵᠢᠷᠡᠬᠦ ᠡᠪᠡᠳᠴᠢᠨ ᠪᠠ ᠪᠣᠷᠣ ᠲᠣᠯᠪᠣᠲᠤ ᠡᠪᠡᠳᠴᠢᠨ᠂ ᠲᠣᠮᠣ ᠲᠣᠯᠪᠣᠲᠤ ᠡᠪᠡᠳᠴᠢᠨ᠂ ᠮᠤᠷᠤᠢ ᠰᠫᠣᠷᠲᠦ ᠪᠠᠺᠲ᠋ᠧᠷᠢ ᠶᠢᠨ ᠨᠠᠪᠴᠢᠨ ᠲᠣᠯᠪᠣᠲᠤ ᠡᠪᠡᠳᠴᠢᠨ ᠪᠠ ᠲᠣᠷᠭᠠᠨ ᠤ ᠬᠠᠷᠠᠤ ᠡᠪᠡᠳᠴᠢᠨ ᠢ ᠡᠰᠡᠷᠭᠦᠴᠡᠨ᠎ᠡ᠃ ᠮᠥᠬᠦᠯᠢᠭ ᠤᠨ ᠪᠠᠭᠲᠠᠭᠠᠮᠵᠢ ᠶᠢᠨ ᠬᠦᠨᠳᠦ  ᠨᠢ 726 ᠭᠷᠡᠮ/ ᠯᠢᠲᠷ ᠂ ᠪᠦᠳᠦᠭᠦᠯᠢᠭ ᠤᠭᠤᠷᠠᠭ ᠤᠨ ᠠᠭᠤᠯᠤᠭᠳᠠᠴᠠ  ᠨᠢ 8.8% ᠂ ᠪᠦᠳᠦᠭᠦᠯᠢᠭ ᠥᠭᠡᠬᠦ ᠶᠢᠨ ᠠᠭᠤᠯᠤᠭᠳᠠᠴᠠ  ᠨᠢ 4.0% ᠂ ᠪᠦᠳᠦᠭᠦᠯᠢᠭ ᠴᠠᠷᠳᠠᠭᠤᠯ ᠤᠨ ᠠᠭᠤᠯᠤᠭᠳᠠᠴᠠ  ᠨᠢ 74.0% ᠂ ᠯᠠᠶᠢᠰᠢᠨ ᠰᠢᠪᠲᠦᠷᠲᠦ ᠬᠦᠴᠢᠯ ᠤᠨ ᠠᠭᠤᠯᠤᠭᠳᠠᠴᠠ  ᠨᠢ 0.3% ᠪᠠᠶᠢᠳᠠᠭ᠃      ᠶᠢᠰᠦ ᠂ ᠲᠠᠷᠢᠮᠠᠯ ᠤᠨ ᠭᠤᠣᠯᠳᠠᠯᠭ᠎ᠠ      ᠳᠤᠮᠳᠠ ᠳᠡᠭᠡᠳᠦ ᠵᠡᠷᠭᠡ ᠶᠢᠨ ᠥᠩ ᠰᠢᠮᠡᠯᠢᠭ ᠭᠠᠵᠠᠷ ᠲᠤ ᠲᠠᠷᠢᠵᠤ ᠂ 4 ᠰᠠᠷ᠎ᠠ ᠶᠢᠨ ᠰᠡᠭᠦᠯᠴᠢ ᠠᠴᠠ 5 ᠰᠠᠷ᠎ᠠ ᠶᠢᠨ ᠰᠢᠨᠡᠳ ᠪᠣᠯᠲᠠᠯ᠎ᠠ ᠲᠠᠷᠢᠵᠤ ᠂ ᠮᠦ ᠪᠦᠷᠢ ᠶᠢᠨ ᠨᠢᠭᠲᠠᠴᠠ ᠨᠢ 3800~4200 ᠰᠠᠭᠤᠷᠢ ᠪᠠᠶᠢᠳᠠᠭ ᠃ ᠮᠦ ᠪᠦᠷᠢ ᠳᠤ 2000 ~ 3000 ᠺᠢᠯᠣᠭ᠍ᠷᠠᠮ ᠲᠠᠷᠢᠶᠠᠨ ᠪᠣᠷᠳᠤᠭᠤᠷ ᠪᠤᠶᠤ 30 ᠺᠢᠯᠣᠭ᠍ᠷᠠᠮ ᠰᠠᠨ ᠶᠤᠸᠠᠨ ᠨᠡᠶᠢᠯᠡᠮᠡᠯ ᠪᠣᠷᠳᠣᠭᠤᠷ ᠢᠶᠠᠷ ᠰᠠᠭᠤᠷᠢ ᠪᠣᠷᠳᠣᠭᠤᠷ ᠣᠷᠤᠭᠤᠯᠵᠤ᠂ ᠪᠦᠷᠢᠶᠡᠨ ᠤ ᠦᠶ᠎ᠡ ᠳᠤ ᠮᠦ ᠪᠦᠷᠢ ᠳᠤ 30 ᠺᠢᠯᠣᠭ᠍ᠷᠠᠮ ᠰᠢᠭᠡᠰᠦᠯᠢᠭ ᠡᠳ᠋ ᠢ ᠨᠡᠮᠡᠵᠦ ᠣᠷᠣᠭᠤᠯᠤᠨ᠎ᠠ ᠃ 
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号