ᠦᠬᠡᠷ ᠤᠨ ᠤᠯᠠᠭᠠᠨ ᠬᠤᠭᠤᠯᠠᠢ ᠶᠢᠨ ᠲᠦᠭᠵᠢᠷᠡᠯ ᠢ ᠤᠷᠠᠨ ᠢᠶᠠᠷ ᠵᠠᠰᠠᠬᠤ
ᠨᠡᠶᠢᠲᠡᠯᠡᠭᠰᠡᠨ ᠴᠠᠭ᠄
2022/9/20
      ᠦᠬᠡᠷ ᠲᠥᠮᠥᠰᠥ ᠵᠡᠷᠭᠡ ᠲᠥᠮᠥᠰᠦᠯᠢᠭ ᠦᠨᠳᠦᠰᠦ ᠲᠠᠢ ᠲᠡᠵᠢᠭᠡᠯ ᠪᠣᠷᠳᠤᠭ᠎ᠠ ᠶᠢ ᠭᠦᠢᠴᠡᠳ ᠵᠠᠵᠢᠯᠬᠤ ᠦᠭᠡᠢ ᠪᠤᠶᠤ ᠬᠡᠲᠦ ᠲᠦᠷᠭᠡᠨ ᠵᠠᠯᠭᠢᠬᠤ ᠠᠴᠠ ᠪᠣᠯᠵᠤ ᠤᠯᠠᠭᠠᠨ ᠬᠤᠭᠤᠯᠠᠢ  ᠨᠢ ᠲᠦᠭᠵᠢᠬᠦ ᠠᠰᠠᠭᠤᠳᠠᠯ ᠭᠠᠷᠳᠠᠭ᠃ ᠵᠣᠬᠢᠶᠠᠭᠴᠢ ᠠᠴᠠ ᠡᠶᠢᠮᠦᠷᠬᠦᠦ ᠠᠰᠠᠭᠤᠳᠠᠯ ᠲᠠᠢ ᠦᠬᠡᠷ ᠢ ᠨᠡᠶᠢᠲᠡ 3 ᠤᠳᠠᠭ᠎ᠠ ᠵᠠᠰᠠᠵᠤ ᠦᠩᠭᠡᠷᠡᠵᠡᠢ ᠂ ᠪᠦᠷ ᠥᠪᠡᠷ ᠢᠶᠠᠨ ᠬᠢᠭᠰᠡᠨ ᠲᠡᠮᠦᠷ ᠭᠠᠷᠠᠬ᠎ᠠ ᠪᠠ ᠵᠢᠩ ᠰᠦᠩ ᠯᠢᠩ ︵静松灵︶ ᠲᠠᠢ ᠬᠠᠪᠰᠤᠷᠭᠠᠨ ᠵᠠᠰᠠᠵᠤ ᠡᠳᠡᠭᠡᠷᠡᠭᠦᠯᠦᠭᠰᠡᠨ ᠪᠠᠶᠢᠨ᠎ᠠ᠃ ᠲᠡᠭᠦᠨ ᠤ ᠠᠷᠭ᠎ᠠ ᠨᠢ ᠳᠥᠭᠦᠮ ᠳᠥᠲᠡ ᠂ ᠲᠦᠷᠭᠡᠨ ᠂ ᠬᠢᠬᠦ ᠳᠤ ᠬᠢᠯᠪᠠᠷ ᠮᠥᠷᠲᠡᠭᠡᠨ ᠦᠷ᠎ᠡ ᠪᠦᠲᠦᠮᠵᠢ ᠨᠢ ᠰᠠᠶᠢᠨ ᠲᠤᠯᠠ ᠳᠤᠤᠷ᠎ᠠ ᠲᠠᠨᠠᠷ ᠲᠤ ᠪᠠᠨ ᠲᠠᠨᠢᠯᠴᠠᠭᠤᠯᠤᠶ᠎ᠠ᠃      1. ᠡᠪᠡᠳᠴᠢᠨ ᠤ ᠢᠯᠡᠷᠡᠯ ᠄ ᠤᠯᠠᠭᠠᠨ ᠬᠤᠭᠤᠯᠠᠢ ᠶᠢᠨ ᠲᠦᠭᠵᠢᠷᠡᠯ  ᠲᠠᠢ ᠦᠬᠡᠷ ᠨᠢ ᠳᠤᠭᠳᠠᠪᠤᠷᠢ ᠠᠯᠳᠠᠨ ᠂ ᠲᠣᠯᠣᠭᠠᠢ ᠬᠦᠵᠦᠭᠦᠦ ᠪᠠᠨ ᠰᠤᠩᠭᠠᠨ ᠂ ᠪᠠᠶᠢᠨ ᠳᠠᠬᠢᠨ ᠵᠠᠯᠭᠢᠵᠤ ᠂ ᠤᠯᠠᠭᠠᠨ ᠬᠤᠭᠤᠯᠠᠢ ᠲᠠᠢ ᠬᠠᠷᠠᠭᠠᠯᠵᠠᠭᠰᠠᠨ ᠬᠦᠵᠦᠭᠦᠨ ᠤ ᠭᠠᠳᠠᠷ ᠲᠠᠯ᠎ᠠ ᠠᠴᠠ  ᠨᠢ ᠬᠠᠲᠠᠭᠤ ᠶᠠᠭᠤᠮ᠎ᠠ ᠲᠡᠮᠲᠡᠷᠢᠭᠳᠡᠨ᠎ᠡ ᠃ ᠠᠮᠠ ᠪᠠᠨ ᠠᠩᠭᠠᠶᠢᠨ ᠬᠡᠯᠡ ᠪᠠᠨ ᠭᠠᠷᠭᠠᠵᠤ᠂ ᠶᠡᠭᠡ ᠬᠡᠮᠵᠢᠶ᠎ᠡ ᠪᠠᠷ ᠰᠢᠯᠤᠰᠦ ᠭᠤᠭᠤᠵᠢᠭᠤᠯᠵᠤ᠂ ᠴᠢᠨᠠᠭᠰᠢᠯᠠᠪᠠᠯ ᠬᠠᠮᠠᠷ ᠤᠨ ᠨᠦᠬᠡ ᠪᠠᠷ ᠨᠢ ᠭᠤᠭᠤᠵᠢᠨ᠎ᠠ᠂ ᠭᠦᠵᠡᠭᠡ  ᠨᠢ ᠮᠠᠰᠢ ᠲᠦᠷᠭᠡᠨ ᠴᠢᠨᠦᠷᠡᠬᠦ ᠶᠢᠨ ᠬᠠᠮᠲᠤ ᠤᠯᠠᠭᠠᠨ ᠬᠤᠭᠤᠯᠠᠢ ᠪᠠ ᠬᠦᠵᠦᠭᠦᠨ ᠤ ᠬᠡᠰᠡᠭ ᠤᠨ ᠪᠤᠯᠴᠢᠩ ᠵᠠᠭᠤᠷᠠᠬᠤ ᠠᠴᠠ ᠪᠣᠯᠵᠤ ᠣᠶᠢᠯᠲᠠ ᠶᠢᠨ ᠴᠢᠨᠠᠷᠲᠠᠢ ᠬᠠᠨᠢᠶᠠᠬᠤ᠂ ᠠᠮᠢᠰᠬᠤᠯ ᠴᠢᠬᠤᠯᠠᠳᠠᠬᠤ ᠂ ᠠᠶᠤᠵᠤ ᠡᠮᠢᠶᠡᠬᠦ ᠵᠡᠷᠭᠡ ᠡᠮᠴᠢᠯᠡᠭᠡᠨ ᠤ ᠰᠢᠨᠵᠢ ᠲᠡᠮᠳᠡᠭ ᠢ  ᠨᠢ ᠦᠨᠳᠦᠰᠦᠯᠡᠨ ᠲᠦᠷᠭᠡᠨ ᠴᠢᠨᠠᠷᠲᠠᠢ ᠤᠯᠠᠭᠠᠨ ᠬᠤᠭᠤᠯᠠᠢ ᠶᠢᠨ ᠲᠦᠭᠵᠢᠷᠡᠯ ᠭᠡᠵᠦ ᠠᠩᠬ᠎ᠠ ᠠᠯᠬᠤᠮ ᠤᠨᠤᠰᠢᠯᠠᠵᠤ ᠪᠣᠯᠣᠨ᠎ᠠ᠃      2. ᠡᠮᠴᠢᠯᠡᠬᠦ ᠠᠷᠭ᠎ᠠ ᠄ 8-10 ᠨᠣᠮᠧᠷ ᠤᠨ ᠲᠡᠮᠦᠷ ᠤᠲᠠᠰᠤ ᠶᠢ ᠲᠦᠭᠵᠢᠷᠡᠭᠰᠡᠨ ᠪᠤᠳᠠᠰ ᠲᠤ ᠬᠦᠷᠬᠦ ᠬᠡᠮᠵᠢᠶ᠎ᠡ ᠪᠠᠷ ᠠᠪᠴᠤ ᠂ 5-10cm ᠶᠢᠨ ᠴᠠᠭᠠᠷᠢᠭ ᠪᠣᠯᠭᠠᠨ ᠨᠤᠭᠤᠯᠤᠭᠠᠳ ᠳᠠᠬᠢᠨ ᠰᠢᠨᠠᠭᠠᠨ ᠬᠡᠯᠪᠡᠷᠢᠲᠡᠢ ᠪᠠᠷᠢᠭᠤᠯ ᠲᠠᠢ ᠴᠠᠭᠠᠷᠢᠭ ᠪᠣᠯᠭᠠᠨ ᠡᠷᠭᠢᠭᠦᠯᠵᠦ ᠂ ᠬᠠᠪᠰᠤᠷᠤᠭᠴᠢ ᠠᠴᠠ ᠦᠬᠡᠷ ᠤᠨ ᠬᠦᠵᠦᠭᠦᠨ ᠤ ᠭᠠᠳᠠᠷ ᠲᠠᠯ᠎ᠠ ᠠᠴᠠ ᠲᠦᠭᠵᠢᠷᠡᠭᠰᠡᠨ ᠪᠤᠳᠠᠰ ᠢ ᠪᠠᠬᠢᠯᠡᠨ᠂ ᠮᠡᠰᠡ ᠵᠠᠰᠠᠯ ᠬᠢᠬᠦ ᠬᠥᠮᠥᠨ ᠠᠭᠠᠵᠢᠮ ᠢᠶᠠᠷ ᠲᠡᠮᠦᠷ ᠴᠠᠭᠠᠷᠢᠭ ᠢ ᠤᠯᠠᠭᠠᠨ ᠬᠤᠭᠤᠯᠠᠢ ᠳᠤ  ᠨᠢ ᠤᠷᠤᠭᠤᠯᠵᠤ᠂ ᠵᠠᠯᠭᠢᠬᠤ ᠬᠥᠳᠡᠯᠭᠡᠭᠡᠨ ᠢᠶᠠᠷ ᠲᠦᠭᠵᠢᠷᠡᠭᠰᠡᠨ ᠪᠤᠳᠠᠰ ᠢ ᠲᠦᠯᠬᠢᠨ ᠤᠷᠤᠭᠤᠯᠬᠤ ᠪᠤᠶᠤ ᠲᠡᠮᠦᠷ ᠴᠠᠭᠠᠷᠢᠭ ᠢᠶᠠᠷ ᠢᠶᠠᠨ ᠭᠤᠬᠤᠳᠠᠵᠤ ᠭᠠᠷᠭᠠᠨ᠎ᠠ ᠃ ᠬᠡᠷᠪᠡ ᠲᠦᠭᠵᠢᠷᠡᠭᠰᠡᠨ ᠪᠤᠳᠠᠰ  ᠨᠢ ᠬᠡᠲᠦᠷᠬᠡᠢ ᠶᠡᠭᠡ ᠠᠴᠠ ᠪᠣᠯᠵᠤ ᠲᠦᠯᠬᠢᠨ ᠣᠷᠣᠭᠤᠯᠬᠤ ᠶᠢᠨ ᠠᠷᠭ᠎ᠠ ᠦᠭᠡᠢ ᠪᠤᠶᠤ ᠭᠤᠬᠤᠲᠠᠵᠤ ᠠᠪᠬᠤ ᠶᠢᠨ ᠠᠷᠭ᠎ᠠ ᠦᠭᠡᠢ ᠪᠠᠶᠢᠬᠤ ᠦᠶ᠎ᠡ ᠳᠤ ᠂ ᠦᠬᠡᠷ ᠤᠨ ᠪᠤᠯᠴᠢᠩ ᠳᠤ ᠵᠢᠩ ᠰᠦᠩ ᠯᠢᠩ 3ml ᠲᠠᠷᠢᠵᠤ ᠂ 15 ᠮᠢᠨᠦ᠋ᠲ ᠤᠨ ᠳᠠᠷᠠᠭ᠎ᠠ ᠪᠤᠯᠴᠢᠩ  ᠨᠢ ᠰᠤᠯᠠᠷᠠᠬᠤ ᠦᠶ᠎ᠡ ᠳᠤ ᠳᠠᠬᠢᠨ ᠳᠡᠭᠡᠷᠡᠬᠢ ᠠᠷᠭ᠎ᠠ ᠪᠠᠷ ᠲᠦᠭᠵᠢᠷᠡᠭᠰᠡᠨ ᠪᠤᠳᠠᠰ ᠢ ᠲᠦᠯᠬᠢᠨ ᠣᠷᠣᠭᠤᠯᠬᠤ ᠪᠤᠶᠤ ᠲᠦᠭᠵᠢᠷᠡᠭᠰᠡᠨ ᠪᠤᠳᠠᠰ ᠢ ᠭᠤᠬᠤᠳᠠᠨ ᠠᠪᠤᠭᠰᠠᠨ ᠤ ᠳᠠᠷᠠᠭ᠎ᠠ ᠲᠣᠯᠣᠭᠠᠢ ᠶᠢ ᠨᠢ ᠳᠠᠷᠤᠵᠤ ᠭᠠᠳᠠᠭᠰᠢ ᠲᠠᠲᠠᠵᠤ ᠂ ᠲᠦᠭᠵᠢᠷᠡᠯ ᠪᠤᠳᠠᠰ ᠢ ᠠᠪᠴᠤ ᠭᠠᠷᠭᠠᠨ᠎ᠠ ᠃       ᠮᠡᠳᠡᠭᠡ ᠵᠠᠩᠭᠢ ᠶᠢᠨ ᠢᠷᠡᠯᠲᠡ᠄ ᠸᠠᠩ ᠰᠢᠶᠣᠣ ᠹᠧᠩ 
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号