ᠮᠠᠰᠢ ᠤᠯᠠᠨ ᠲᠠᠷᠢᠶᠠᠴᠢᠨ ᠡᠷᠦᠭᠡ ᠴᠥᠮ ᠡᠪᠦᠯ ᠤᠨ ᠤᠯᠠᠷᠢᠯ ᠳᠤ ᠬᠢᠮᠢ ᠶᠢᠨ ᠪᠣᠷᠳᠣᠭᠤᠷ ᠬᠠᠳᠠᠭᠠᠯᠠᠬᠤ | ᠵᠠᠩᠰᠢᠯ ᠲᠠᠢ ᠂ ᠡᠪᠦᠯ ᠤᠨ ᠤᠯᠠᠷᠢᠯ ᠳᠤ ᠬᠢᠮᠢ ᠶᠢᠨ ᠪᠣᠷᠳᠣᠭᠤᠷ ᠬᠠᠳᠠᠭᠠᠯᠠᠬᠤ ᠳᠤ ︽ ᠲᠠᠪᠤ ᠶᠢ ᠰᠡᠷᠭᠡᠶᠢᠯᠡᠬᠦ ︾ ᠶᠢ | ᠪᠡᠶᠡᠯᠡᠭᠦᠯᠪᠡᠯ ᠪᠣᠷᠳᠣᠭᠤᠷ ᠤᠨ ᠰᠦᠢᠳᠦᠯ ᠪᠦᠷᠢᠯᠭᠡᠯᠲᠡ ᠶᠢ ᠪᠠᠭᠠᠰᠬᠠᠵᠤ ᠴᠢᠳᠠᠨ᠎ᠠ ᠃ | 1. ᠨᠢᠭᠡ ᠳᠤ ᠠᠭᠤᠷᠰᠢᠬᠤ ᠶᠢ ᠰᠡᠷᠭᠡᠶᠢᠯᠡᠬᠦ | ᠰᠢᠪᠲᠦᠷ ᠤᠨ ᠤᠰᠤ ᠂ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠠᠮᠮᠤᠨᠢ ᠨᠢ ᠡᠩ ᠤᠨ ᠳᠤᠯᠠᠭᠠᠨ ᠤ | ᠳᠣᠣᠷ᠎ᠠ ᠲᠠᠰᠤᠷᠠᠯᠲᠠ ᠦᠭᠡᠢ ᠵᠠᠳᠠᠷᠠᠳᠠᠭ ᠂ ᠳᠤᠯᠠᠭᠠᠨ ᠤ ᠬᠡᠮᠵᠢᠶ᠎ᠡ ᠨᠢ ᠬᠡᠳᠦᠢ ᠥᠨᠳᠥᠷ ᠪᠣᠯ ᠵᠠᠳᠠᠷᠠᠯᠲᠠ ᠨᠢ ᠲᠡᠳᠦᠢ | ᠬᠤᠷᠳᠤᠨ ᠪᠠᠶᠢᠳᠠᠭ ᠃ ᠲᠠᠷᠢᠶᠠᠴᠢᠨ ᠡᠷᠦᠭᠡ ᠬᠢᠮᠢ ᠶᠢᠨ ᠪᠣᠷᠳᠣᠭᠤᠷ ᠢ ᠬᠠᠳᠠᠭᠠᠯᠠᠬᠤ ᠳᠤ ᠪᠠᠨ ᠪᠣᠭᠤᠳᠠᠯ ᠪᠠᠭᠯᠠᠭ᠎ᠠ ᠶᠢ | ᠨᠢ ᠡᠷᠬᠡᠪᠰᠢ ᠨᠢᠭᠲᠠ ᠪᠢᠲᠡᠭᠦᠮᠵᠢᠯᠡᠬᠦ ᠬᠡᠷᠡᠭᠲᠡᠢ ᠃ ᠠᠽᠣᠲ ᠡᠳ᠋ ᠤᠨ ᠬᠢᠮᠢ ᠶᠢᠨ ᠪᠣᠷᠳᠣᠭᠤᠷ ᠂ ᠬᠡᠳᠦ ᠹᠣᠰᠹᠣᠷ | ᠬᠦᠴᠢᠯ ᠤᠨ ᠺᠠᠯᠼ ᠢ ᠱᠦᠯᠲᠦᠯᠢᠭ ᠪᠣᠳᠠᠰ ︵ ᠵᠢᠱᠢᠶᠡᠯᠡᠪᠡᠯ ᠴᠣᠬᠤᠢ ᠂ ᠡᠪᠡᠰᠦ ᠮᠣᠳᠣᠨ ᠤ ᠦᠨᠡᠰᠦ ᠂ ᠺᠠᠯᠼ ᠮᠠᠭᠨᠢ | ᠹᠣᠰᠹᠣᠷ ᠪᠣᠷᠳᠣᠭᠤᠷ ᠵᠡᠷᠭᠡ ︶ ᠲᠠᠢ ᠬᠤᠯᠢᠵᠤ ᠣᠪᠣᠭᠠᠯᠠᠬᠤ ᠶᠢ ᠴᠢᠩᠭ᠎ᠠ ᠴᠠᠭᠠᠵᠠᠯᠠᠵᠤ ᠂ ᠠᠽᠣᠲ ᠡᠳ᠋ ᠤᠨ | ᠬᠢᠮᠢ ᠶᠢᠨ ᠪᠣᠷᠳᠣᠭᠤᠷ ᠤᠨ ᠠᠭᠤᠷᠰᠢᠨ ᠰᠦᠢᠳᠬᠦ ᠪᠠ ᠹᠣᠰᠹᠣᠷ ᠪᠣᠷᠳᠣᠭᠤᠷ ᠤᠨ ᠠᠰᠢᠭᠯᠠᠮᠵᠢ ᠶᠢ ᠪᠠᠭᠤᠷᠠᠭᠤᠯᠬᠤ | ᠠᠴᠠ ᠰᠡᠷᠭᠡᠶᠢᠯᠡᠬᠦ ᠬᠡᠷᠡᠭᠲᠡᠢ ᠃ | 2. ᠬᠤᠶᠠᠷ ᠲᠤ ᠴᠢᠭᠢᠭᠲᠦᠵᠦ ᠴᠢᠨᠠᠷ ᠬᠤᠪᠢᠷᠠᠬᠤ ᠶᠢ ᠰᠡᠷᠭᠡᠶᠢᠯᠡᠬᠦ | ᠣᠯᠠᠩᠬᠢ ᠬᠢᠮᠢ ᠶᠢᠨ ᠪᠣᠷᠳᠣᠭᠤᠷ ᠨᠢ ᠴᠥᠮ ᠴᠢᠬᠢᠭ ᠢ ᠰᠢᠩᠭᠡᠭᠡᠬᠦ ᠴᠢᠨᠠᠷᠲᠠᠢ ᠂ ᠣᠨᠴᠠᠭᠠᠶᠢᠯᠠᠨ ᠪᠣᠷᠣᠭᠠᠨ ᠳᠤ | ᠨᠣᠷᠣᠭᠳᠠᠭᠰᠠᠨ ᠤ ᠳᠠᠷᠠᠭ᠎ᠠ ᠂ ᠬᠢᠮᠢ ᠶᠢᠨ ᠪᠣᠷᠳᠣᠭᠤᠷ ᠤᠨ ᠰᠢᠮ᠎ᠡ ᠲᠡᠵᠢᠭᠡᠯ ᠨᠢ ᠤᠰᠤ ᠶᠢ ᠲᠠᠭᠠᠨ ᠤᠷᠤᠰᠳᠠᠭ ᠃ | ᠵᠠᠷᠢᠮ ᠬᠢᠮᠢ ᠶᠢᠨ ᠪᠣᠷᠳᠣᠭᠤᠷ ᠨᠢ ᠴᠢᠭᠢᠭᠲᠦᠭᠰᠡᠨ ᠤ ᠳᠠᠷᠠᠭ᠎ᠠ ᠭᠡᠰᠡᠭᠳᠡᠵᠦ ᠬᠠᠳᠠᠭᠤᠷᠠᠨ ᠴᠢᠨᠠᠷ ᠬᠤᠪᠢᠷᠠᠵᠤ ᠂ | ᠴᠢᠭᠢᠭᠲᠦᠵᠦ ᠵᠠᠳᠠᠷᠠᠳᠠᠭ ᠂ ᠵᠢᠱᠢᠶᠡᠯᠡᠪᠡᠯ ᠠᠽᠣᠲ ᠬᠦᠴᠢᠯ ᠤᠨ ᠠᠮᠮᠤᠨᠢ ᠨᠢ ᠴᠢᠭᠢᠭᠲᠦᠪᠡᠯ ᠠᠮᠠᠷᠬᠠᠨ ᠬᠡᠰᠡᠭᠯᠡᠨ᠂ | ᠴᠢᠭᠢᠭᠲᠦᠵᠦ ᠵᠠᠳᠠᠷᠠᠳᠠᠭ ᠂ ᠬᠡᠳᠦ ᠹᠣᠰᠹᠣᠷ ᠬᠦᠴᠢᠯ ᠤᠨ ᠺᠠᠯᠼ ᠨᠢ ᠴᠢᠭᠢᠭᠲᠦᠪᠡᠯ ᠠᠮᠠᠷᠬᠠᠨ ᠭᠡᠰᠡᠭᠳᠡᠵᠦ ᠬᠠᠳᠠᠭᠤᠷᠠᠳᠠᠭ ᠃ | ᠡᠨᠡ ᠲᠦᠷᠦᠯ ᠤᠨ ᠬᠢᠮᠢ ᠶᠢᠨ ᠪᠣᠷᠳᠣᠭᠤᠷ ᠢ ᠵᠠᠪᠠᠯ ᠬᠠᠭᠤᠷᠠᠢ ᠂ ᠰᠡᠷᠢᠭᠦᠨ ᠪᠥᠭᠡᠳ ᠰᠠᠯᠬᠢ ᠨᠡᠪᠲᠡᠷᠡᠬᠦ ᠭᠠᠵᠠᠷ ᠲᠤ | ᠬᠠᠳᠠᠭᠠᠯᠠᠬᠤ ᠬᠡᠷᠡᠭᠲᠡᠢ ᠃ | 3. ᠭᠤᠷᠪᠠ ᠳᠤ ᠢᠳᠡᠭᠳᠡᠬᠦ ᠬᠤᠤᠷᠳᠠᠬᠤ ᠶᠢ ᠰᠡᠷᠭᠡᠶᠢᠯᠡᠬᠦ | ᠵᠠᠷᠢᠮ ᠬᠢᠮᠢ ᠶᠢᠨ ᠪᠣᠷᠳᠣᠭᠤᠷ ᠲᠤ ᠵᠣᠬᠢᠬᠤ ᠬᠡᠮᠵᠢᠶᠡᠨ ᠤ ᠢᠳᠡᠭᠳᠡᠭᠦᠯᠬᠦ ᠪᠣᠳᠠᠰ ᠪᠤᠶᠤ ᠬᠤᠣᠷᠲᠤ ᠪᠣᠳᠠᠰ | ᠠᠭᠤᠯᠵᠤ ᠪᠠᠶᠢᠳᠠᠭ ᠂ ᠵᠢᠱᠢᠶᠡᠯᠡᠪᠡᠯ ᠬᠡᠳᠦ ᠹᠣᠰᠹᠣᠷ ᠬᠦᠴᠢᠯ ᠤᠨ ᠺᠠᠯᠼ ᠲᠤ ᠴᠢᠯᠦᠭᠡᠲᠦ ᠬᠦᠴᠢᠯ ᠠᠭᠤᠯᠵᠤ ᠂ | ᠢᠳᠡᠭᠳᠡᠭᠦᠯᠬᠦ ᠴᠢᠨᠠᠷ ᠢᠶᠠᠷ ᠴᠢᠩᠭ᠎ᠠ ᠪᠠᠶᠢᠳᠠᠭ ᠃ ᠬᠡᠷᠪᠡ ᠡᠨᠡ ᠲᠦᠷᠦᠯ ᠤᠨ ᠪᠣᠷᠳᠣᠭᠤᠷ ᠢ ᠦᠷ᠎ᠡ ᠲᠠᠢ ᠬᠠᠮᠲᠤ | ᠬᠠᠳᠠᠭᠠᠯᠠᠪᠠᠯ ᠦᠷ᠎ᠡ ᠶᠢᠨ ᠨᠠᠬᠢᠶᠠᠯᠠᠬᠤ ᠨᠤᠷᠮ᠎ᠠ ᠶᠢ ᠳᠣᠷᠣᠭᠰᠢᠯᠠᠭᠤᠯᠤᠨ᠎ᠠ ᠃ ᠡᠨᠡ ᠲᠦᠷᠦᠯ ᠤᠨ ᠬᠢᠮᠢ ᠶᠢᠨ | ᠪᠣᠷᠳᠣᠭᠤᠷ ᠢ ᠲᠡᠮᠦᠷ ᠰᠠᠪᠠ ᠪᠤᠶᠤ ᠮᠣᠳᠣᠨ ᠰᠠᠭᠤᠯᠠᠭ᠎ᠠ ᠳᠤ ᠤᠷᠳᠤ ᠬᠤᠭᠤᠴᠠᠭ᠎ᠠ ᠪᠠᠷ ᠬᠠᠳᠠᠭᠠᠯᠠᠵᠤ ᠪᠣᠯᠬᠤ ᠦᠭᠡᠢ ᠂ | ᠨᠡᠩ ᠴᠤ ᠦᠷ᠎ᠡ ᠂ ᠲᠠᠷᠢᠶᠠᠯᠠᠩ ᠤᠨ ᠮᠠᠰᠢᠨ ᠪᠠᠭᠠᠵᠢ ᠵᠡᠷᠭᠡ ᠲᠠᠢ ᠬᠠᠮᠲᠤ ᠲᠠᠯᠪᠢᠵᠤ ᠪᠣᠯᠬᠤ ᠦᠭᠡᠢ ᠃ | 4. ᠳᠥᠷᠪᠡ ᠳᠤ ᠲᠠᠷᠢᠶᠠᠨ ᠡᠮ ᠲᠠᠢ ᠬᠤᠯᠢᠯᠳᠤᠭᠤᠯᠤᠨ ᠲᠠᠯᠪᠢᠬᠤ ᠶᠢ ᠰᠡᠷᠭᠡᠶᠢᠯᠡᠬᠦ | ᠬᠢᠮᠢ ᠶᠢᠨ ᠪᠣᠷᠳᠣᠭᠤᠷ ᠢ ᠲᠠᠷᠢᠶᠠᠨ ᠡᠮ ᠲᠠᠢ ᠬᠤᠯᠢᠯᠳᠤᠭᠤᠯᠤᠨ ᠲᠠᠯᠪᠢᠪᠠᠯ ᠂ ᠠᠮᠠᠷᠬᠠᠨ ᠥᠪᠡᠰᠦᠪᠡᠨ | ᠰᠢᠲᠠᠵᠤ ᠳᠡᠯᠪᠡᠷᠡᠳᠡᠭ ᠂ ᠵᠢᠱᠢᠶᠡᠯᠡᠪᠡᠯ ᠠᠽᠣᠲ ᠬᠦᠴᠢᠯ ᠤᠨ ᠨᠠᠲᠷᠢ ᠂ ᠠᠽᠣᠲ ᠬᠦᠴᠢᠯ ᠤᠨ ᠠᠮᠮᠤᠨᠢ ᠵᠡᠷᠭᠡ | ᠬᠢᠮᠢ ᠶᠢᠨ ᠪᠣᠷᠳᠣᠭᠤᠷ ᠢ ᠨᠡᠷᠡᠨ ᠳᠤ ᠡᠭᠡᠭᠡᠬᠦ ᠪᠤᠶᠤ ᠬᠦᠨᠳᠦ ᠪᠣᠳᠠᠰ ᠲᠠᠢ ᠮᠦᠷᠬᠦᠯᠳᠦᠪᠡᠯ ᠬᠠᠯᠠᠭᠠᠳ ᠠᠮᠠᠷᠬᠠᠨ | ᠥᠪᠡᠰᠦᠪᠡᠨ ᠰᠢᠳᠠᠵᠤ ᠳᠡᠯᠪᠡᠷᠡᠳᠡᠭ ᠃ ᠴᠡᠶᠢᠳᠡᠮᠯᠢᠭ ᠡᠮ ᠤᠨ ᠲᠦᠷᠦᠯ ᠤᠨ ᠲᠠᠷᠢᠶᠠᠨ ᠡᠮ ᠳᠤ ᠤᠯᠠᠨ ᠬᠡᠮᠵᠢᠶᠡᠨ ᠤ | ᠪᠦᠳᠦᠭᠦᠯᠢᠭ ᠪᠧᠨ᠋ᠽᠧᠨ ᠂ ᠬᠤᠶᠠᠷ ᠮᠧᠲ᠋ᠢᠯᠲᠦ ᠪᠧᠨ᠋ᠽᠧᠨ ᠵᠡᠷᠭᠡ ᠠᠮᠠᠷᠬᠠᠨ ᠠᠭᠤᠷᠰᠢᠨ ᠠᠮᠠᠷᠬᠠᠨ ᠰᠢᠲᠠᠬᠤ | ᠠᠭᠤᠰᠬᠠᠭᠴᠢ ᠠᠭᠤᠯᠤᠭᠳᠠᠵᠤ ᠂ ᠭᠠᠯ ᠤᠨ ᠣᠴᠢ ᠲᠠᠢ ᠬᠦᠷᠦᠯᠴᠡᠪᠡᠯ ᠳᠠᠷᠤᠢ ᠲᠦᠷᠭᠡᠨ ᠰᠢᠲᠠᠳᠠᠭ ᠃ ᠬᠡᠷᠪᠡ | ᠬᠢᠮᠢ ᠶᠢᠨ ᠪᠣᠷᠳᠣᠭᠤᠷ ᠢ ᠲᠠᠷᠢᠶᠠᠨ ᠡᠮ ᠲᠠᠢ ᠬᠠᠮᠲᠤ ᠬᠠᠳᠠᠭᠠᠯᠠᠬᠤ ᠳᠤ ᠬᠦᠷᠪᠡᠯ ᠂ ᠨᠢᠭᠡ ᠲᠠᠯ᠎ᠠ ᠨᠢ ᠥᠪᠡᠰᠦᠪᠡᠨ | ᠰᠢᠲᠠᠪᠠᠯ ᠨᠦᠬᠦᠭᠡ ᠲᠠᠯ᠎ᠠ ᠪᠠᠨ ᠨᠥᠯᠥᠭᠡᠯᠡᠨ᠎ᠡ ᠃ | 5. ᠲᠠᠪᠤ ᠳᠤ ᠬᠤᠯᠢᠯᠳᠤᠭᠤᠯᠤᠨ ᠲᠠᠯᠪᠢᠵᠤ ᠤᠳᠠᠭᠠᠨ ᠬᠠᠳᠠᠭᠠᠯᠠᠬᠤ ᠶᠢ ᠰᠡᠷᠭᠡᠶᠢᠯᠡᠬᠦ | ᠬᠢᠮᠢ ᠶᠢᠨ ᠪᠣᠷᠳᠣᠭᠤᠷ ᠤᠨ ᠲᠦᠷᠦᠯ ᠵᠦᠢᠯ ᠤᠯᠠᠨ ᠪᠥᠭᠡᠳ ᠰᠢᠨᠵᠢ ᠴᠢᠨᠠᠷ ᠨᠢ ᠴᠦ ᠠᠳᠠᠯᠢ ᠦᠭᠡᠢ ᠪᠣᠯᠬᠤᠷ | ᠬᠤᠯᠢᠯᠳᠤᠭᠤᠯᠤᠨ ᠣᠪᠣᠭᠠᠯᠠᠬᠤ ᠪᠤᠶᠤ ᠬᠤᠯᠢᠯᠳᠤᠭᠤᠯᠤᠨ ᠲᠠᠯᠪᠢᠵᠤ ᠪᠣᠯᠬᠤ ᠦᠭᠡᠢ ᠃ ᠬᠠᠳᠠᠭᠠᠯᠠᠬᠤ ᠳᠤ ᠪᠠᠨ | ᠬᠢᠮᠢ ᠶᠢᠨ ᠪᠣᠷᠳᠣᠭᠤᠷ ᠤᠨ ᠭᠠᠷᠤᠯᠲᠠ ᠶᠢᠨ ᠭᠠᠵᠠᠷ ᠂ ᠲᠦᠷᠦᠯ ᠵᠦᠢᠯ ᠢᠶᠠᠷ ᠨᠢ ᠲᠤᠰ ᠲᠤᠰ ᠲᠤ ᠨᠢ ᠬᠠᠳᠠᠭᠠᠯᠠᠬᠤ | ᠬᠡᠷᠡᠭᠲᠡᠢ ᠃ ᠬᠦᠴᠢᠯᠯᠢᠭ ᠴᠢᠨᠠᠷ ᠪᠠ ᠱᠦᠯᠲᠦᠯᠢᠭ ᠴᠢᠨᠠᠷ ᠲᠠᠢ ᠪᠣᠷᠳᠣᠭᠤᠷ ᠢ ᠬᠠᠮᠲᠤ ᠳᠤ ᠨᠢ ᠬᠠᠳᠠᠭᠠᠯᠠᠵᠤ ᠪᠣᠯᠬᠤ | ᠦᠭᠡᠢ ᠂ ᠠᠽᠣᠲ ᠡᠳ᠋ ᠤᠨ ᠰᠦᠢᠳᠬᠦ ᠶᠢ ᠰᠡᠷᠭᠡᠶᠢᠯᠡᠨ᠎ᠡ ︔ ᠹᠣᠰᠹᠣᠷ ᠪᠣᠷᠳᠣᠭᠤᠷ ᠢ ᠤᠳᠠᠭᠠᠨ ᠬᠠᠳᠠᠭᠠᠯᠠᠵᠤ ᠪᠣᠯᠬᠤ | ᠦᠭᠡᠢ ᠂ ᠤᠴᠢᠷ ᠨᠢ ᠬᠠᠳᠠᠭᠠᠯᠠᠬᠤ ᠶᠠᠪᠤᠴᠠ ᠳᠤ ᠠᠰᠢᠭᠲᠤ ᠹᠣᠰᠹᠣᠷ ᠨᠢ ᠠᠭᠠᠵᠢᠮ ᠢᠶᠠᠷ ᠪᠠᠭᠠᠰᠳᠠᠭ ︔ | ᠪᠠᠺᠲ᠋ᠧᠷᠢ ᠶᠢᠨ ᠪᠣᠷᠳᠣᠭᠤᠷ ᠢ ᠬᠠᠳᠠᠭᠠᠯᠠᠬᠤ ᠳᠤ ᠪᠠᠨ ᠬᠠᠯᠠᠭᠤᠨ ᠢ ᠰᠡᠷᠭᠡᠶᠢᠯᠡᠵᠦ ᠂ ᠨᠡᠷᠡᠨ ᠳᠤ ᠰᠢᠷᠠᠭᠳᠠᠬᠤ ᠶᠢ | ᠰᠡᠷᠭᠡᠶᠢᠯᠡᠬᠦ ᠬᠡᠷᠡᠭᠲᠡᠢ ᠂ ᠬᠠᠮᠤᠭ ᠰᠠᠶᠢᠨ ᠨᠢ ᠬᠠᠷ᠎ᠠ ᠰᠢᠷᠳᠡᠮᠡᠯ ᠪᠥᠰ ᠤᠨ ᠤᠭᠤᠲᠠᠨ ᠳᠤ ᠬᠢᠵᠦ ᠂ ᠪᠣᠷᠳᠣᠭᠤᠷ ᠤᠨ | ᠳᠣᠲᠣᠷᠠᠬᠢ ᠪᠠᠺᠲ᠋ᠧᠷᠢ ᠨᠢ ᠰᠢᠷᠠᠭᠳᠠᠵᠤ ᠦᠬᠦᠭᠡᠳ ᠦᠢᠯᠡᠳᠦᠯ ᠢᠶᠠᠨ ᠠᠯᠳᠠᠬᠤ ᠠᠴᠠ ᠰᠡᠷᠭᠡᠶᠢᠯᠡᠨ᠎ᠡ ᠃ | |