ᠡᠷᠳᠡᠨᠢ ᠰᠢᠰᠢ ᠬᠠᠳᠠᠭᠠᠯᠠᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2023/11/4
      ᠣᠶᠢᠷ᠎ᠠ ᠳᠤ᠂ ᠮᠠᠨ ᠤ ᠣᠷᠣᠨ ᠳᠤ ᠶᠡᠭᠡ ᠬᠡᠪᠴᠢᠶᠡᠨ ᠤ ᠴᠠᠰᠤ ᠣᠷᠣᠵᠤ᠂ ᠡᠷᠳᠡᠨᠢ ᠰᠢᠰᠢ ᠶᠢ ᠠᠶᠤᠯᠭᠦᠢ ᠬᠠᠳᠠᠭᠠᠯᠠᠬᠤ ᠳᠤ ᠠᠰᠢᠭ ᠦᠭᠡᠢ ᠪᠣᠯᠵᠤ᠂ ᠡᠷᠳᠡᠨᠢ ᠰᠢᠰᠢ ᠳᠤ ᠤᠰᠤᠳᠠᠬᠤ᠂ ᠰᠢᠭᠦᠳᠡᠷᠳᠡᠬᠦ᠂ ᠣᠷᠣᠢ ᠰᠠᠭᠤᠬᠤ᠂ ᠸᠠᠯᠠᠬᠤ᠂ ᠬᠠᠯᠠᠭᠤᠷᠠᠬᠤ ᠵᠡᠷᠭᠡ ᠦᠵᠡᠭᠳᠡᠯ ᠠᠮᠠᠷᠬᠠᠨ ᠭᠠᠷᠤᠨ᠎ᠠ᠃ ᠥᠷᠭᠡᠨ ᠣᠯᠠᠨ ᠲᠠᠷᠢᠶᠠᠴᠢᠨ ᠡᠷᠦᠬᠡ ᠠᠮᠤ ᠪᠤᠳᠠᠭᠠᠨ ᠤ ᠣᠪᠣᠭ᠎ᠠ ᠶᠢᠨ ᠬᠠᠯᠠᠭᠤᠷᠠᠵᠤ ᠸᠠᠯᠠᠬᠤ ᠪᠠᠶᠢᠳᠠᠯ ᠢ ᠨᠢᠭᠲᠠ ᠠᠩᠬᠠᠷᠴᠤ᠂ ᠳᠠᠯᠳᠠ ᠬᠡᠮ ᠢ ᠴᠠᠭ ᠲᠤᠬᠠᠢ  ᠳᠤᠨᠢ ᠠᠷᠢᠯᠭᠠᠵᠤ᠂ ᠨᠥᠬᠦᠴᠡᠯ ᠲᠠᠢ ᠨᠢ ᠴᠢᠳᠠᠬᠤ ᠶᠢᠨ ᠳᠣᠲᠣᠷ᠎ᠠ ᠬᠦᠮᠦᠷᠭᠡᠯᠡᠵᠦ᠂ ᠬᠤᠬᠢᠷᠠᠯ ᠢ ᠪᠠᠭᠠᠰᠬᠠᠵᠤ ᠪᠣᠯᠤᠨ᠎ᠠ᠃ 
111.png
       ᠨᠢᠭᠡ ᠳᠤ ᠵᠠᠳᠠᠭᠠᠢ ᠬᠠᠳᠠᠭᠠᠯᠠᠬᠤ ᠳᠠᠭᠠᠨ ᠸᠠᠯᠠᠬᠤ ᠠᠴᠠ ᠰᠡᠷᠭᠡᠶᠢᠯᠡᠬᠦ ᠬᠡᠷᠡᠭᠲᠡᠢ᠃ ᠴᠠᠰᠤ ᠣᠷᠣᠭᠰᠠᠨ ᠤ ᠳᠠᠷᠠᠭ᠎ᠠ᠂ ᠠᠮᠤ ᠪᠤᠳᠠᠭᠠᠨ ᠤ ᠣᠪᠣᠭ᠎ᠠ ᠶᠢ ᠪᠦᠷᠬᠦᠭᠰᠡᠨ ᠬᠤᠷᠠᠮᠠᠯ ᠴᠠᠰᠤ ᠶᠢ ᠴᠠᠭ ᠲᠤᠬᠠᠢ ᠳᠤᠨᠢ ᠴᠡᠪᠡᠷᠯᠡᠵᠦ᠂ ᠰᠠᠯᠬᠢ ᠨᠡᠪᠲᠡᠷᠡᠬᠦ ᠶᠢ ᠪᠠᠲᠤᠯᠠᠬᠤ ᠬᠡᠷᠡᠭᠲᠡᠢ᠃ ᠠᠮᠤ ᠪᠤᠳᠠᠭᠠᠨ ᠤ ᠣᠪᠣᠭ᠎ᠠ ᠨᠡᠯᠢᠶᠡᠳ ᠶᠡᠭᠡ ᠪᠠᠶᠢᠪᠠᠯ ᠣᠪᠣᠭ᠎ᠠ ᠶᠢ ᠨᠢ ᠴᠢᠳᠠᠬᠤ ᠶᠢᠨ ᠳᠣᠲᠣᠷ᠎ᠠ ᠨᠢᠮᠭᠡᠷᠡᠭᠦᠯᠬᠦ ᠶᠢᠨ ᠬᠠᠮᠲᠤ ᠴᠠᠭ ᠲᠤᠬᠠᠢ ᠳᠤᠨᠢ ᠤᠷᠪᠠᠭᠤᠯᠤᠨ ᠣᠪᠤᠭᠠᠯᠠᠵᠤ᠂ ᠬᠤᠯᠢᠴᠠ ᠶᠢ  ᠨᠢ ᠴᠡᠪᠡᠷᠯᠡᠨ ᠠᠷᠢᠯᠭᠠᠵᠤ᠂ ᠰᠠᠯᠬᠢ ᠵᠢᠪᠠᠷ ᠨᠡᠪᠲᠡᠷᠡᠭᠦᠯᠦᠨ ᠨᠡᠷᠡᠨ ᠳᠤ ᠡᠭᠡᠭᠡᠬᠦ ᠶᠢ ᠴᠢᠩᠭᠠᠳᠬᠠᠵᠤ᠂ ᠸᠠᠯᠠᠵᠤ ᠢᠯᠵᠢᠷᠡᠬᠦ ᠠᠴᠠ ᠰᠡᠷᠭᠡᠶᠢᠯᠡᠬᠦ ᠬᠡᠷᠡᠭᠲᠡᠢ᠃ ᠨᠢᠭᠡᠨᠲᠡ ᠸᠠᠯᠠᠭᠰᠠᠨ ᠪᠤᠶᠤ ᠡᠪᠳᠡᠷᠡᠵᠦ ᠰᠦᠢᠳᠦᠭᠰᠡᠨ ᠡᠷᠳᠡᠨᠢ ᠰᠢᠰᠢ ᠶᠢ ᠠᠰ ᠲᠤᠨᠢ ᠬᠤᠷᠢᠶᠠᠬᠤ ᠬᠡᠷᠡᠭᠳᠡᠢ᠂ ᠬᠤᠯᠢᠪᠠᠯ ᠦᠨ᠎ᠡ ᠶᠢ ᠨᠢ ᠪᠠᠭᠤᠷᠠᠭᠤᠯᠵᠤ᠂ ᠠᠰᠢᠭ ᠣᠷᠣᠯᠭ᠎ᠠ ᠶᠢ ᠨᠢ ᠨᠥᠯᠥᠭᠡᠯᠡᠨ᠎ᠡ᠃      ᠬᠤᠶᠠᠷ ᠲᠤ ᠨᠥᠬᠦᠴᠡᠯ ᠲᠠᠢ ᠨᠢ ᠴᠢᠳᠠᠬᠤ ᠶᠢᠨ ᠬᠢᠷᠢ ᠪᠠᠷ ᠬᠠᠳᠠᠭᠠᠵᠤ ᠬᠦᠮᠦᠷᠭᠡᠯᠡᠵᠦ ᠬᠠᠳᠠᠭᠠᠯᠠᠬᠤ ᠬᠡᠷᠡᠭᠲᠡᠢ᠃ ᠡᠷᠳᠡᠨᠢ ᠰᠢᠰᠢ ᠶᠢ ᠬᠦᠮᠦᠷᠭᠡᠯᠡᠬᠦ ᠳᠠᠭᠠᠨ ᠠᠶᠤᠯᠭᠦᠢ ᠤᠰᠤᠨ ᠤ ᠪᠦᠷᠢᠯᠳᠦᠭᠦᠨ ᠢ 14% ᠠᠴᠠ ᠳᠣᠷᠣᠭᠰᠢ ᠪᠣᠯᠲᠠᠯ᠎ᠠ ᠬᠠᠳᠠᠭᠠᠵᠤ᠂ ᠵᠡᠷᠭᠡ ᠳᠡᠰ ᠢᠶᠠᠷ ᠨᠢ ᠰᠠᠯᠭᠠᠵᠤ ᠬᠠᠳᠠᠭᠠᠯᠠᠬᠤ ᠬᠡᠷᠡᠭᠲᠡᠢ᠃      ᠭᠤᠷᠪᠠ ᠳᠤ ᠳᠣᠣᠷ᠎ᠠ ᠳᠤᠯᠠᠭᠠᠨ ᠪᠠ ᠬᠠᠭᠤᠷᠠᠢ ᠪᠠᠷ ᠬᠠᠳᠠᠭᠠᠯᠠᠬᠤ ᠬᠡᠷᠡᠭᠲᠡᠢ᠃ ᠡᠷᠳᠡᠨᠢ ᠰᠢᠰᠢ ᠶᠢ ᠬᠤᠷᠢᠶᠠᠭᠰᠠᠨ ᠤ ᠳᠠᠷᠠᠭ᠎ᠠ ᠤᠰᠤᠨ ᠤ ᠠᠭᠤᠯᠤᠭᠳᠠᠴᠠ ᠶᠢ ᠠᠶᠤᠯᠭᠦᠢ ᠤᠰᠤᠨ ᠤ ᠪᠦᠷᠢᠯᠳᠦᠭᠦᠨ ᠠᠴᠠ ᠳᠣᠷᠣᠭᠰᠢ ᠪᠠᠭᠤᠷᠠᠭᠤᠯᠬᠤ ᠶᠢᠨ ᠠᠷᠭ᠎ᠠ ᠦᠭᠡᠢ ᠮᠥᠷᠲᠡᠭᠡᠨ ᠬᠠᠲᠠᠭᠠᠬᠤ ᠨᠥᠬᠦᠴᠡᠯ ᠦᠭᠡᠢ  ᠨᠢ ᠳᠣᠣᠷ᠎ᠠ ᠳᠤᠯᠠᠭᠠᠨ ᠳᠤ ᠬᠥᠯᠳᠡᠭᠡᠵᠦ ᠬᠦᠮᠦᠷᠭᠡᠯᠡᠬᠦ ᠠᠷᠭ᠎ᠠ ᠬᠡᠯᠪᠡᠷᠢ ᠪᠠᠷ ᠨᠢᠭᠲᠠ ᠪᠢᠲᠡᠭᠦᠮᠵᠢᠯᠡᠨ ᠬᠠᠳᠠᠭᠠᠯᠠᠵᠤ ᠪᠣᠯᠣᠨ᠎ᠠ᠃ ᠪᠣᠳᠠᠲᠠᠢ ᠬᠢᠬᠦ ᠠᠷᠭ᠎ᠠ  ᠨᠢ ᠡᠪᠦᠯ ᠤᠨ ᠤᠯᠠᠷᠢᠯ ᠤᠨ ᠬᠠᠬᠢᠷ ᠬᠦᠢᠲᠡᠨ ᠭᠠᠩ ᠬᠠᠭᠤᠷᠠᠢ ᠠᠭᠤᠷ ᠠᠮᠢᠰᠬᠤᠯ ᠢ ᠠᠰᠢᠭᠯᠠᠨ᠂ ᠰᠡᠷᠢᠭᠦᠨ ᠪᠣᠯᠭᠠᠬᠤ ᠪᠥᠭᠡᠳ ᠳᠤᠯᠠᠭᠠᠨ ᠢ ᠪᠠᠭᠤᠷᠠᠭᠤᠯᠵᠤ᠂ ᠠᠮᠤ ᠪᠤᠳᠠᠭᠠᠨ ᠤ ᠳᠤᠯᠠᠭᠠᠨ ᠢ -10℃ ᠠᠴᠠ ᠳᠣᠷᠣᠭᠰᠢ ᠪᠣᠯᠭᠠᠬᠤ ᠦᠶ᠎ᠡ ᠳᠤ᠂ ᠰᠠᠶᠢᠰᠠ ᠪᠠᠷ ᠬᠤᠯᠢᠴᠠ ᠶᠢ ᠴᠡᠪᠡᠷᠯᠡᠵᠦ᠂ ᠬᠦᠢᠲᠡᠨ ᠲᠤᠩᠭᠠᠯᠠᠭ ᠡᠳᠦᠷ ᠢ ᠵᠠᠪᠳᠤᠵᠤ ᠬᠦᠮᠦᠷᠭᠡᠯᠡᠨ ᠨᠢᠭᠲᠠ ᠪᠢᠲᠡᠭᠦᠮᠵᠢᠯᠡᠵᠦ ᠬᠠᠳᠠᠭᠠᠯᠠᠨ᠎ᠠ᠃
222.png
       ᠳᠥᠷᠪᠡ ᠳᠤ ᠸᠠᠯᠠᠵᠤ ᠬᠤᠷᠣᠬᠠᠶᠢᠲᠤᠬᠤ ᠶᠢ ᠰᠡᠷᠭᠡᠶᠢᠯᠡᠬᠦ ᠬᠡᠷᠡᠭᠲᠡᠢ᠃ ᠡᠷᠳᠡᠨᠢ ᠰᠢᠰᠢ ᠶᠢ ᠬᠠᠳᠠᠭᠠᠯᠠᠵᠤ ᠪᠠᠶᠢᠬᠤ ᠬᠤᠭᠤᠴᠠᠭᠠᠨ ᠳᠠᠭᠠᠨ ᠦᠷᠭᠦᠯᠵᠢ ᠪᠠᠶᠢᠴᠠᠭᠠᠵᠤ᠂ ᠡᠷᠳᠡᠨᠢ ᠰᠢᠰᠢ ᠶᠢᠨ ᠸᠠᠯᠠᠵᠤ ᠬᠤᠷᠣᠬᠠᠶᠢᠲᠤᠬᠤ ᠰᠡᠷᠭᠡᠶᠢᠯᠡᠬᠦ ᠠᠵᠢᠯ ᠢ ᠰᠠᠶᠢᠲᠤᠷ ᠬᠢᠬᠦ ᠬᠡᠷᠡᠭᠲᠡᠢ᠃ ᠡᠷᠳᠡᠨᠢ ᠰᠢᠰᠢ ᠶᠢᠨ ᠬᠥᠮᠥᠷᠭᠡ ᠳᠤ ᠰᠢᠬᠢᠷᠯᠢᠭ ᠠᠮᠲᠠ ᠭᠠᠷᠬᠤ ᠦᠶ᠎ᠡ ᠳᠤ ᠸᠠᠯᠠᠵᠤ ᠮᠡᠳᠡᠬᠦ ᠲᠤᠯᠠ ᠴᠠᠭ ᠲᠤᠬᠠᠢ ᠳᠤᠨᠢ ᠬᠥᠮᠥᠷᠭᠡ ᠳᠤ ᠤᠷᠪᠠᠭᠤᠯᠬᠤ ᠪᠤᠶᠤ ᠨᠡᠷᠡᠨ ᠳᠤ ᠡᠭᠡᠭᠡᠬᠦ ᠬᠡᠷᠡᠭᠲᠡᠢ᠃ ᠬᠠᠪᠤᠷ ᠤᠨ ᠳᠤᠯᠠᠭᠠᠨ ᠪᠣᠯᠬᠤ ᠠᠴᠠ ᠡᠮᠦᠨ᠎ᠡ ᠬᠦᠢᠲᠡᠨ ᠤ ᠬᠠᠪᠬᠠᠭᠠᠰᠤ ᠶᠢ ᠠᠰᠢᠭᠯᠠᠨ ᠨᠢᠭᠲᠠ ᠪᠢᠲᠡᠭᠦᠮᠵᠢᠯᠡᠨ ᠬᠠᠳᠠᠭᠠᠯᠠᠵᠤ᠂ ᠢᠳᠤᠬᠠᠨ ᠡᠷᠪᠡᠬᠡᠢ ᠶᠢᠨ ᠲᠥᠷᠥᠯ ᠤᠨ ᠬᠤᠣᠷᠲᠤ ᠬᠤᠷᠣᠬᠠᠢ ᠶᠢ ᠰᠡᠷᠭᠡᠶᠢᠯᠡᠨ᠂ ᠨᠢᠭᠡᠨᠲᠡ ᠬᠤᠣᠷᠲᠤ ᠬᠤᠷᠣᠬᠠᠢ ᠳᠤ ᠬᠠᠯᠳᠠᠪᠤᠷᠢᠯᠠᠭᠰᠠᠨ ᠡᠷᠳᠡᠨᠢ ᠰᠢᠰᠢ ᠶᠢ ᠰᠠᠶᠢᠰᠠᠳᠠᠨ ᠰᠢᠢᠳᠪᠦᠷᠢᠯᠡᠵᠦ ᠪᠣᠯᠣᠨ᠎ᠠ᠃ ᠡᠷᠳᠡᠨᠢ ᠰᠢᠰᠢ ᠶᠢ ᠡᠪᠦᠯ ᠤᠨ ᠤᠯᠠᠷᠢᠯ ᠳᠤ ᠬᠥᠯᠳᠡᠭᠡᠬᠦ ᠪᠠ ᠬᠠᠪᠤᠷ ᠤᠨ ᠤᠯᠠᠷᠢᠯ ᠳᠤ ᠡᠭᠡᠭᠡᠵᠦ ᠰᠠᠶᠢᠰᠠᠳᠠᠬᠤ ᠶᠢ ᠤᠶᠠᠯᠳᠤᠭᠤᠯᠤᠨ ᠰᠢᠢᠳᠪᠦᠷᠢᠯᠡᠪᠡᠯ ᠬᠤᠷᠣᠬᠠᠢ ᠶᠢ ᠰᠡᠷᠭᠡᠶᠢᠯᠡᠬᠦ ᠦᠷ᠎ᠡ ᠪᠦᠲᠦᠮᠵᠢ ᠨᠢ ᠨᠠᠩ ᠰᠠᠶᠢᠨ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ​
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号