ᠭᠡᠷ ᠤᠨ ᠲᠡᠵᠢᠭᠡᠪᠦᠷᠢ ᠶᠢᠨ ᠬᠥᠯᠳᠡᠭᠰᠡᠨ ᠰᠢᠷᠬ᠎ᠠ ᠶᠢ ᠬᠡᠷᠬᠢᠨ ᠰᠢᠢᠳᠪᠦᠷᠢᠯᠡᠪᠡᠯ ᠦᠷ᠎ᠡ ᠳ᠋ᠦᠩ ᠨᠢ ᠰᠠᠶᠢᠨ ᠪᠣᠢ
ᠨᠡᠶᠢᠲᠡᠯᠡᠭᠰᠡᠨ ᠴᠠᠭ᠄
2023/10/13
      ᠡᠪᠦᠯ ᠤᠨ ᠤᠯᠠᠷᠢᠯ ᠳᠤ᠂ ᠣᠷᠳᠣ ᠬᠤᠭᠤᠴᠠᠭ᠎ᠠ ᠪᠠᠷ ᠬᠠᠬᠢᠷ ᠬᠦᠢᠲᠡᠨ ᠴᠢᠭᠢᠭᠯᠢᠭ ᠣᠷᠴᠢᠨ ᠲᠣᠭᠤᠷᠢᠨ ᠳᠤ ᠲᠡᠵᠢᠭᠡᠭᠰᠡᠨ ᠭᠡᠷ ᠤᠨ ᠲᠡᠵᠢᠭᠡᠪᠦᠷᠢ ᠬᠡᠷᠪᠡ ᠳᠤᠯᠠᠭᠠᠨ ᠢ ᠬᠠᠮᠠᠭᠠᠯᠠᠭᠰᠠᠨ ᠨᠢ ᠮᠠᠭᠤ ᠪᠣᠯ ᠰᠡᠭᠦᠯ᠂ ᠳᠥᠷᠪᠡᠨ ᠮᠥᠴᠢ᠂ ᠴᠢᠬᠢ᠂ ᠬᠥᠬᠦ ᠵᠡᠷᠭᠡ ᠶᠢᠨ ᠦᠵᠦᠭᠦᠷ ᠬᠡᠰᠡᠭ ᠲᠤ ᠬᠥᠯᠳᠡᠵᠦ ᠰᠢᠷᠬᠠᠳᠤᠬᠤ ᠪᠠᠶᠢᠳᠠᠯ ᠭᠠᠷᠳᠠᠭ᠂ ᠢᠯᠠᠩᠭᠤᠶ᠎ᠠ ᠥᠲᠡᠯᠦᠭᠰᠡᠨ᠂ ᠡᠴᠡᠩᠬᠡᠢ᠂ ᠪᠠᠭᠤᠷᠠᠢ᠂ ᠴᠢᠰᠤ ᠳᠤᠲᠠᠬᠤ ᠭᠡᠷ ᠤᠨ ᠲᠡᠵᠢᠭᠡᠪᠦᠷᠢ ᠳᠤ ᠠᠮᠠᠷᠬᠠᠨ ᠡᠭᠦᠰᠳᠡᠭ ᠶᠤᠮ᠃      ᠤᠷᠢᠳᠴᠢᠯᠠᠨ ᠰᠡᠷᠭᠡᠶᠢᠯᠡᠬᠦ ᠠᠷᠭ᠎ᠠ ᠬᠡᠮᠵᠢᠶ᠎ᠡ      ︵1︶ ᠭᠡᠷ ᠤᠨ ᠲᠡᠵᠢᠭᠡᠪᠦᠷᠢ ᠶᠢᠨ ᠬᠥᠯᠳᠡᠵᠦ ᠰᠢᠷᠬᠠᠲᠤᠬᠤ ᠶᠢ ᠰᠡᠷᠭᠡᠶᠢᠯᠡᠬᠦ ᠳᠤ ᠡᠷᠬᠡᠪᠰᠢ ᠡᠪᠦᠯ ᠣᠷᠣᠬᠤ ᠠᠴᠠ ᠡᠮᠦᠨ᠎ᠡ ᠬᠦᠢᠲᠡᠨ ᠢ ᠰᠡᠷᠭᠡᠶᠢᠯᠡᠵᠦ ᠳᠤᠯᠠᠭᠠᠨ ᠢ ᠬᠠᠮᠠᠭᠠᠯᠠᠬᠤ ᠠᠵᠢᠯ ᠢ ᠡᠷᠲᠡ ᠠᠴᠠ ᠰᠠᠶᠢᠲᠤᠷ ᠬᠢᠵᠦ᠂ ᠭᠡᠷ ᠤᠨ ᠲᠡᠵᠢᠭᠡᠪᠦᠷᠢ ᠶᠢᠨ ᠬᠠᠰᠢᠶ᠎ᠠ ᠶᠢ ᠰᠠᠯᠬᠢ ᠵᠢᠪᠠᠷ ᠨᠡᠪᠲᠡᠷᠡᠬᠦ ᠦᠭᠡᠢ ᠭᠠᠵᠠᠷ ᠲᠤ ᠪᠠᠶᠢᠭᠤᠯᠬᠤ ᠶᠢᠨ ᠬᠠᠮᠲᠤ ᠬᠠᠰᠢᠶ᠎ᠠ ᠶᠢ ᠰᠠᠯᠬᠢ ᠨᠡᠪᠲᠡᠷᠡᠬᠦ ᠦᠭᠡᠢ ᠪᠠᠶᠢᠯᠭᠠᠵᠤ᠂ ᠡᠭᠦᠳᠡ ᠴᠣᠩᠬᠤᠨ ᠶᠢ ᠡᠪᠡᠰᠦ ᠪᠠᠷ ᠪᠦᠲᠡᠭᠡᠵᠦ᠂ ᠭᠡᠷ ᠤᠨ ᠲᠡᠵᠢᠭᠡᠪᠦᠷᠢ ᠶᠢᠨ ᠡᠪᠦᠯ ᠤᠨ ᠤᠯᠠᠷᠢᠯ ᠳᠤ ᠳᠠᠭᠠᠷᠠᠬᠤ ᠦᠭᠡᠢ ᠪᠠᠶᠢᠬᠤ ᠶᠢ ᠪᠠᠲᠤᠯᠠᠬᠤ ᠬᠡᠷᠡᠭᠲᠡᠢ᠃      ︵2︶ ᠡᠪᠦᠯ ᠤᠨ ᠤᠯᠠᠷᠢᠯ ᠳᠤ ᠠᠷᠠᠴᠢᠯᠠᠭ᠎ᠠ ᠬᠠᠮᠢᠶᠠᠷᠤᠯᠲᠠ ᠪᠠᠨ ᠴᠢᠩᠭᠠᠳᠬᠠᠵᠤ᠂ ᠢᠯᠠᠩᠭᠤᠶ᠎ᠠ ᠨᠢᠯᠬ᠎ᠠ ᠪᠠᠭ᠎ᠠ᠂ ᠲᠤᠷᠤᠢ ᠪᠠᠭᠤᠷᠠᠢ᠂ ᠥᠲᠡᠯᠦᠭᠰᠡᠨ ᠭᠡᠷ ᠤᠨ ᠲᠡᠵᠢᠭᠡᠪᠦᠷᠢ ᠶᠢᠨ ᠬᠠᠰᠢᠶ᠎ᠠ ᠰᠠᠷᠠᠪᠴᠢ ᠶᠢᠨ ᠳᠤᠯᠠᠭᠠᠨ᠂ ᠬᠠᠭᠤᠷᠠᠢ᠂ ᠠᠷᠢᠭᠤᠨ ᠴᠡᠪᠡᠷ ᠢ ᠪᠠᠲᠤᠯᠠᠨ᠎ᠠ︔ ᠮᠠᠯ ᠤᠨ ᠪᠡᠶ᠎ᠡ ᠶᠢ ᠦᠷᠭᠦᠯᠵᠢ ᠵᠦᠯᠭᠦᠵᠦ ᠠᠷᠠᠰᠤᠨ ᠤ ᠬᠢᠯᠭᠠᠰᠤᠨ ᠰᠤᠳᠠᠯ ᠤᠨ ᠴᠢᠰᠤᠨ ᠤ ᠡᠷᠭᠢᠯᠲᠡ ᠶᠢ ᠠᠬᠢᠭᠤᠯᠤᠨ᠎ᠠ︔ ᠲᠤᠩᠭᠠᠯᠠᠭ ᠳᠤᠯᠠᠭᠠᠨ ᠡᠳᠦᠷ ᠭᠡᠷ ᠤᠨ ᠲᠡᠵᠢᠭᠡᠪᠦᠷᠢ ᠶᠢ ᠨᠡᠷᠡᠨ ᠳᠤ ᠢᠯᠡᠭᠦᠦ ᠡᠭᠡᠭᠡᠵᠦ ᠬᠥᠳᠡᠯᠭᠡᠭᠡᠨ ᠬᠢᠯᠭᠡᠬᠦ ᠶᠢᠨ ᠬᠠᠮᠲᠤ ᠮᠠᠯ ᠤᠨ ᠬᠠᠰᠢᠶ᠎ᠠ ᠳᠤ ᠬᠤᠯᠠᠭᠠᠢ ᠰᠠᠯᠬᠢ ᠣᠷᠣᠬᠤ ᠠᠴᠠ ᠰᠡᠷᠭᠡᠶᠢᠯᠡᠨ᠎ᠡ᠃      ᠡᠮᠴᠢᠯᠡᠬᠦ ᠠᠷᠭ᠎ᠠ      1.ᠬᠥᠩᠭᠡᠨ ᠰᠢᠷᠬ᠎ᠠ ① ᠡᠩ ᠤᠨ ᠬᠥᠩᠭᠡᠨ ᠬᠥᠯᠳᠡᠭᠰᠡᠨ ᠭᠡᠷ ᠤᠨ ᠲᠡᠵᠢᠭᠡᠪᠦᠷᠢ ᠶᠢ ᠵᠣᠬᠢᠬᠤ ᠬᠡᠮᠵᠢᠶᠡᠨ ᠤ ᠬᠠᠨᠳᠠ ᠡᠮ ᠢᠶᠠᠷ ᠭᠡᠷ ᠤᠨ ᠲᠡᠵᠢᠭᠡᠪᠦᠷᠢ ᠶᠢᠨ ᠬᠥᠯᠳᠡᠭᠰᠡᠨ ᠬᠡᠰᠡᠭ ᠲᠤ ᠲᠦᠷᠬᠢᠵᠦ᠂ ᠪᠣᠭᠤᠵᠤ ᠪᠣᠯᠬᠤ ᠬᠡᠰᠡᠭ ᠢ ᠨᠢ ᠪᠣᠭᠤᠵᠤ᠂ ᠳᠠᠷᠠᠭ᠎ᠠ ᠨᠢ ᠡᠳᠦᠷ ᠪᠦᠷᠢ ᠨᠢᠭᠡ ᠤᠳᠠᠭ᠎ᠠ ᠰᠣᠯᠢᠵᠤ᠂ ᠬᠤᠶᠠᠷ ᠤᠳᠠᠭ᠎ᠠ ᠲᠦᠷᠬᠢᠪᠡᠯ ᠡᠳᠡᠭᠡᠷᠡᠨ᠎ᠡ᠃ ② ᠵᠢᠭᠠᠰᠤᠨ ᠴᠢᠯᠠᠭᠤᠨ ᠲᠣᠰᠣᠨ ᠤ ᠬᠠᠨᠳᠠ ᠡᠮ ᠢᠶᠠᠷ ᠡᠪᠡᠳᠴᠢᠯᠡᠭᠰᠡᠨ ᠬᠡᠰᠡᠭ ᠢ ᠲᠦᠷᠬᠢᠭᠰᠡᠨ ᠤ ᠳᠠᠷᠠᠭ᠎ᠠ ᠢᠣᠳ᠋ᠲᠤ ᠭᠯᠢᠼᠧᠷᠢᠨ ᠤ ᠨᠠᠶᠢᠷᠠᠯᠭ᠎ᠠ ᠪᠤᠶᠤ ᠭᠠᠪᠤᠷ ᠤᠨ ᠲᠣᠰᠣ ᠶᠢ ᠲᠦᠷᠬᠢᠵᠦ ᠪᠣᠭᠤᠨ᠎ᠠ᠃      2. ᠡᠩ ᠤᠨ ᠰᠢᠷᠬ᠎ᠠ᠂ ᠵᠢᠱᠢᠶᠡᠯᠡᠪᠡᠯ ᠰᠢᠷᠬᠠᠨ ᠤ ᠬᠡᠰᠡᠭ ᠨᠢ ᠲᠣᠮᠣ ᠤᠰᠤᠨ ᠴᠥᠪᠥᠷᠢᠭᠦᠦ ᠪᠠᠶᠢᠪᠠᠯ᠂ ᠡᠰᠬᠡᠵᠦ ᠬᠠᠭᠠᠯᠤᠭᠰᠠᠨ ᠤ ᠳᠠᠷᠠᠭ᠎ᠠ ᠪᠣᠷᠣ ᠡᠪᠡᠰᠦᠨ ᠤ ᠬᠠᠨᠳᠠ ᠲᠦᠷᠬᠢᠨ᠎ᠡ᠃ ᠲᠡᠭᠦᠨ ᠤ ᠨᠠᠶᠢᠷᠠᠯᠭ᠎ᠠ᠄ ᠳ᠋ᠠᠩᠭᠦᠨ᠂ ᠰᠦᠭᠪᠠ ᠴᠡᠴᠡᠭ᠂ ᠤᠯᠠᠭᠠᠨ ᠴᠠᠨ᠎ᠠ ᠲᠤᠰ ᠪᠦᠷᠢ 25 ᠭᠷᠡᠮ᠂ ᠪᠣᠷᠣ ᠡᠪᠡᠰᠦ᠂ ᠰᠢᠷ᠎ᠠ ᠯᠠ᠂ ᠴᠠᠭᠠᠨ ᠯᠠ ᠲᠤᠰ ᠪᠦᠷᠢ 50 ᠭᠷᠡᠮ᠂ ᠲᠦᠭᠦᠬᠡᠢ ᠤᠭᠤᠷᠠᠭᠲᠤ ᠮᠣᠳᠣ᠂ ᠴᠢᠰᠤᠨ ᠤ ᠪᠠᠷᠠᠭᠳᠠᠯ ᠲᠤᠰ ᠪᠦᠷᠢ 15 ᠭᠷᠡᠮ᠂ ᠬᠥᠩᠭᠡᠨ ᠨᠤᠨᠳᠠᠭ᠂ ᠲᠡᠷᠢᠭᠦᠯᠡᠭᠴᠢ ᠴᠡᠴᠡᠭ ᠤᠨ ᠢᠯᠲᠠᠰᠤ ᠲᠤᠰ ᠪᠦᠷᠢ 5 ᠭᠷᠡᠮ᠂ ᠤᠷᠭᠤᠮᠠᠯ ᠤᠨ ᠲᠣᠰᠣ 500 ᠭᠷᠡᠮ᠃ ᠤᠷᠢᠳ ᠢᠶᠠᠷ ᠳ᠋ᠠᠩᠭᠦᠨ᠂ ᠪᠣᠷᠣ ᠴᠡᠴᠡᠭ᠂ ᠤᠯᠠᠭᠠᠨ ᠴᠡᠨ᠎ᠡ᠂ ᠴᠠᠭᠠᠨ ᠰᠦᠭᠪᠠ ᠶᠢ ᠨᠤᠨᠳᠠᠭᠯᠠᠭᠰᠠᠨ ᠤ ᠳᠠᠷᠠᠭ᠎ᠠ ᠤᠷᠭᠤᠮᠠᠯ ᠤᠨ ᠲᠣᠰᠣᠨ ᠳᠤ ᠨᠢᠭᠡ ᠭᠠᠷᠠᠭ ᠳᠡᠪᠲᠦᠭᠡᠵᠦ᠂ ᠳᠠᠷᠠᠭ᠎ᠠ ᠨᠢ ᠤᠷᠭᠤᠮᠠᠯ ᠤᠨ ᠲᠣᠰᠣᠨ ᠳᠤ ᠳᠡᠪᠲᠦᠭᠡᠭᠰᠡᠨ ᠡᠮ ᠢ ᠬᠠᠯᠠᠭᠠᠵᠤ 15 ᠮᠢᠨᠦ᠋ᠲ ᠪᠤᠴᠠᠯᠭᠠᠭᠠᠳ ᠰᠢᠭᠠᠷᠤ ᠶᠢ ᠨᠢ ᠠᠪᠴᠤ ᠬᠠᠶᠠᠭᠰᠠᠨ ᠤ ᠳᠠᠷᠠᠭ᠎ᠠ ᠤᠭᠤᠷᠠᠭᠲᠤ ᠮᠣᠳᠣ᠂ ᠴᠢᠰᠤ ᠪᠠᠷᠠᠭᠳᠠᠬᠤ᠂ ᠬᠥᠩᠭᠡᠨ ᠨᠤᠨᠳᠠᠭ᠂ ᠲᠡᠷᠢᠭᠦᠯᠡᠭᠴᠢ ᠴᠡᠴᠡᠭ᠂ ᠰᠢᠷ᠎ᠠ ᠯᠠ᠂ ᠴᠠᠭᠠᠨ ᠯᠠ ᠶᠢ ᠳᠡᠰ ᠳᠠᠷᠠᠭ᠎ᠠ ᠲᠠᠢ ᠪᠠᠷ ᠬᠢᠵᠦ᠂ ᠪᠦᠷᠢᠮᠦᠰᠦᠨ ᠬᠠᠶᠢᠯᠤᠭᠤᠯᠵᠤ᠂ ᠬᠠᠨᠳᠠ ᠰᠢᠩᠭᠡᠨ ᠢ ᠨᠢ ᠬᠤᠷᠢᠶᠠᠵᠤ ᠬᠠᠯᠠᠭᠤᠨ ᠢ ᠨᠢ ᠪᠠᠭᠤᠷᠠᠭᠤᠯᠤᠨ᠂ ᠨᠢᠭᠲᠠ ᠪᠢᠲᠡᠭᠦᠮᠵᠢᠯᠡᠭᠰᠡᠨ ᠤ ᠳᠠᠷᠠᠭ᠎ᠠ ᠬᠠᠳᠠᠭᠠᠯᠠᠬᠤ ᠳᠤ ᠪᠡᠯᠡᠳᠬᠡᠨ᠎ᠡ᠃      3. ᠬᠦᠨᠳᠦ ᠨᠤᠴᠢᠳᠡᠢ ᠬᠥᠯᠳᠡᠭᠰᠡᠨ ᠭᠡᠷ ᠤᠨ ᠲᠡᠵᠢᠭᠡᠪᠦᠷᠢ ᠳᠤ 500 ᠭᠷᠡᠮ᠂ ᠬᠠᠰᠢ ᠶᠢᠨ ᠡᠰᠢ 500 ᠭᠷᠡᠮ ᠢ ᠤᠰᠤᠨ ᠳᠤ ᠴᠢᠨᠠᠵᠤ ᠰᠢᠭᠦᠰᠦ ᠶᠢ ᠨᠢ ᠴᠡᠪᠡᠷ ᠰᠠᠪᠠᠨ ᠳᠤ ᠬᠢᠵᠦ᠂ ᠡᠳᠦᠷ ᠪᠦᠷᠢ ᠡᠷᠲᠡ ᠣᠷᠣᠢ ᠦᠭᠡᠢ ᠡᠮ ᠤᠨ ᠰᠢᠭᠦᠰᠦ ᠶᠢ ᠬᠠᠯᠠᠭᠤᠯᠤᠭᠰᠠᠨ ᠤ ᠳᠠᠷᠠᠭ᠎ᠠ ᠬᠥᠯᠳᠡᠭᠰᠡᠨ ᠰᠢᠷᠬ᠎ᠠ ᠶᠢ ᠨᠢ ᠤᠬᠢᠶᠠᠵᠤ ᠡᠳᠡᠭᠡᠷᠡᠭᠦᠯᠦᠨ᠎ᠡ᠃ ᠡᠪᠡᠳᠴᠢᠯᠡᠭᠰᠡᠨ ᠬᠡᠰᠡᠭ ᠤᠨ ᠦᠬᠦᠵᠢᠭᠰᠡᠨ ᠨᠡᠬᠡᠳᠡᠰᠦ ᠶᠢ ᠴᠠᠭ ᠲᠤᠬᠠᠢ ᠳᠤ ᠨᠢ ᠣᠭᠲᠣᠯᠣᠨ ᠬᠠᠶᠠᠵᠤ᠂ ᠰᠢᠷᠬ᠎ᠠ ᠶᠢ ᠡᠩ ᠤᠨ ᠬᠥᠯᠳᠡᠭᠰᠡᠨ ᠰᠢᠷᠬ᠎ᠠ ᠪᠠᠷ ᠰᠢᠢᠳᠪᠦᠷᠢᠯᠡᠨ᠎ᠡ᠃  
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号