ᠡᠷᠲᠡ ᠮᠡᠳᠡᠵᠦ᠂ ᠡᠪᠡᠳᠴᠢᠨ ᠤ ᠪᠠᠶᠢᠳᠠᠯ ᠨᠢ ᠬᠥᠩᠭᠡᠨ᠂ ᠪᠡᠶ᠎ᠡ ᠶᠢᠨ ᠪᠠᠶᠢᠳᠠᠯ ᠨᠢ ᠨᠡᠯᠢᠶᠡᠳ ᠰᠠᠶᠢᠨ | ᠰᠠᠭᠠᠯᠢ ᠶᠢᠨ ᠦᠨᠢᠶᠡᠨ ᠳᠤ᠂ 30% ᠶᠢᠨ ᠠᠨ ᠨᠠᠢ ᠶᠢᠨ ︵安乃近︶ ᠪᠤᠶᠤ ᠠᠨ ᠲᠥᠩ ᠳ᠋ᠢᠩ ︵定痛 | 安) ᠢ 20 — 40 ᠮᠢᠯᠢᠯᠢᠲ᠋ᠧᠷ ᠪᠤᠯᠴᠢᠩ ᠳᠤ ᠲᠠᠷᠢᠨ᠎ᠠ᠂ ᠡᠳᠦᠷ ᠪᠦᠷᠢ 2 — 3 ᠤᠳᠠᠭ᠎ᠠ ᠲᠠᠷᠢᠵᠦ᠂ | ᠦᠷᠭᠦᠯᠵᠢᠯᠡᠨ ᠬᠤᠶᠠᠷ ᠡᠳᠦᠷ ᠬᠡᠷᠡᠭᠯᠡᠪᠡᠯ ᠪᠥᠷᠢᠮᠦᠰᠦᠨ ᠡᠳᠡᠭᠡᠷᠡᠨ᠎ᠡ᠃ ᠵᠠᠯᠭᠠᠪᠠᠷ ᠬᠠᠯᠳᠠᠪᠤᠷᠢᠯᠠᠯ ᠡᠭᠦᠰᠬᠦ ᠶᠢ | ᠰᠡᠷᠭᠡᠶᠢᠯᠡᠬᠦ ᠶᠢᠨ ᠲᠥᠯᠥᠭᠡ᠂ ᠤᠳᠠᠭ᠎ᠠ ᠪᠦᠷᠢ ᠲᠠᠷᠢᠯᠭ᠎ᠠ ᠲᠠᠷᠢᠬᠤ ᠳᠠᠭᠠᠨ ᠴᠢᠩ ᠮᠸᠢ ᠰᠤ᠋ ︵青霉素︶ ᠶᠢ | 400 ᠲᠦᠮᠡ— 600 ᠲᠦᠮᠡᠨ ᠳᠡᠯᠡᠬᠡᠢ ᠨᠡᠶᠢᠲᠡ ᠶᠢᠨ ᠨᠢᠭᠡᠴᠢ᠂ ᠯᠢᠶᠠᠨ ᠮᠸᠢ ᠰᠤ᠋ ︵链霉素︶ ᠶᠢ | 200 ᠲᠦᠮᠡᠨ ᠳᠡᠯᠡᠬᠡᠢ ᠨᠡᠶᠢᠲᠡ ᠶᠢᠨ ᠨᠢᠭᠡᠴᠢ ᠨᠡᠮᠡᠵᠦ ᠪᠣᠯᠤᠨ᠎ᠠ᠃ ᠦᠨᠢᠶ᠎ᠡ ᠪᠠᠨ ᠰᠠᠭᠠᠭᠰᠠᠨ ᠤ ᠳᠠᠷᠠᠭ᠎ᠠ ᠲᠠᠷᠢᠨ᠎ᠠ᠃ | | ᠮᠡᠳᠡᠭᠰᠡᠨ ᠨᠢ ᠤᠷᠤᠢ᠂ ᠡᠪᠡᠳᠴᠢᠨ ᠤ ᠪᠠᠶᠢᠳᠠᠯ ᠬᠦᠨᠳᠦ᠂ ᠪᠡᠶ᠎ᠡ ᠶᠢᠨ ᠪᠠᠶᠢᠳᠠᠯ ᠨᠢ ᠪᠠᠷᠤᠭᠲᠠᠶ ᠰᠠᠭᠠᠯᠢ ᠶᠢᠨ | ᠦᠨᠢᠶᠡᠨ ᠳᠤ᠂ 5% ᠶᠢᠨ ᠦᠵᠦᠮ ᠤᠨ ᠰᠢᠬᠢᠷ ᠤᠨ ᠾᠯᠣᠷᠲᠤ ᠨᠠᠲᠷᠢ ᠶᠢᠨ ᠲᠠᠷᠢᠯᠭ᠎ᠠ ᠶᠢᠨ ᠰᠢᠩᠭᠡᠨ ︵葡萄糖 | 氧化钠︶ 500 —1500 ᠮᠢᠯᠢᠯᠢᠲᠷ᠂ ᠴᠢᠩ ᠮᠸᠢ ᠰᠤ᠋ ︵青霉素︶ 800 ᠲᠦᠮᠡ— | 1200 ᠲᠦᠮᠡᠨ ᠳᠡᠯᠡᠬᠡᠢ ᠨᠡᠶᠢᠲᠡ ᠶᠢᠨ ᠨᠢᠭᠡᠴᠢ᠂ ᠯᠢᠶᠠᠨ ᠮᠸᠢ ᠰᠤ᠋ ︵链霉素︶ 400 ᠲᠦᠮᠡᠨ ᠳᠡᠯᠡᠬᠡᠢ | ᠨᠡᠶᠢᠲᠡ ᠶᠢᠨ ᠨᠢᠭᠡᠴᠢ᠂ ᠸᠢᠲ᠋ᠠᠮᠢᠨC 2— 4 ᠭᠷᠠᠮ᠂ 10% ᠶᠢᠨ ᠠᠨ ᠨᠠ ᠺᠠ ︵安钠咖︶ 10 — | 30 ᠮᠢᠯᠢᠯᠢᠲ᠋ᠧᠷ ᠢ ᠨᠠᠮᠵᠢᠭᠤᠨ ᠰᠤᠳᠠᠯ ᠢᠶᠠᠷ ᠨᠢ ᠶᠡᠭᠦᠯᠡᠨ᠎ᠡ᠃ ᠶᠡᠭᠦᠯᠡᠬᠦ ᠶᠢᠨ ᠬᠠᠮᠲᠤ ᠠᠨ ᠨᠠᠢ ᠶᠢᠨ | ︵安乃近︶ ᠪᠤᠶᠤ ᠠᠨ ᠲᠥᠩ ᠳ᠋ᠢᠩ 20 — 40 ᠮᠢᠯᠢᠯᠢᠲᠷ ᠢ ᠪᠤᠯᠴᠢᠩ ᠳᠤ ᠲᠠᠷᠢᠨ᠎ᠠ᠃ |