ᠦᠷ᠎ᠡ ᠶᠢᠨ ᠡᠷᠡᠭᠴᠢᠨ ᠲᠠᠬᠢᠶ᠎ᠠ ᠶᠢ ᠰᠤᠩᠭᠤᠬᠤ
ᠨᠡᠶᠢᠲᠡᠯᠡᠭᠰᠡᠨ ᠴᠠᠭ᠄
2021/12/21
     ︵ᠨᠢᠭᠡ︶ ᠴᠣᠷᠪᠠᠭᠠᠨ ᠠᠴᠠ ᠨᠢ ᠡᠬᠢᠯᠡᠵᠦ ᠰᠤᠩᠭᠤᠬᠤ      1.ᠠᠩᠬᠠᠳᠠᠭᠴᠢ ᠤᠳᠠᠭᠠᠨ ᠤ ᠰᠤᠩᠭᠤᠯᠲᠠ᠄ 6 ~ 8 ᠭᠠᠷᠠᠭ ᠨᠠᠰᠤᠨ ᠳᠤ ᠬᠦᠷᠦᠭᠰᠡᠨ ᠴᠣᠷᠪᠠᠭ᠎ᠠ ᠶᠢ ᠰᠤᠩᠭᠤᠬᠤ ᠳᠠᠭᠠᠨ ᠪᠡᠶ᠎ᠡ ᠭᠠᠳᠠᠷ ᠨᠢ ᠪᠦᠷᠢᠨ ᠭᠦᠢᠴᠡᠳ ᠪᠣᠶᠢᠵᠢᠭᠰᠠᠨ ᠪᠠ ᠰᠡᠴᠢᠭ ᠨᠢ ᠣᠯᠠᠭᠠᠨ ᠢ ᠨᠢ ᠰᠤᠩᠭᠤᠨ᠎ᠠ᠃ ᠭᠠᠳᠠᠷ ᠪᠠᠶᠢᠳᠠᠯ ᠳᠤᠨᠢ ᠢᠯᠡ ᠲᠣᠳᠤ ᠳᠤᠲᠠᠭᠳᠠᠯ ᠲᠠᠢ ᠴᠣᠷᠪᠠᠭ᠎ᠠ ᠶᠢ ᠰᠢᠯᠢᠵᠦ ᠭᠠᠷᠭᠠᠬᠤ ᠬᠡᠷᠡᠭᠲᠡᠢ᠃ ᠪᠡᠶ᠎ᠡ ᠶᠢᠨ ᠬᠦᠨᠳᠦ ᠨᠢ ᠬᠡᠳᠦ ᠬᠦᠩᠭᠡᠨ ᠪᠠ ᠡᠷᠡᠭᠴᠢᠨ ᠡᠮᠡᠭᠴᠢᠨ ᠤ ᠢᠯᠭᠠᠯ ᠨᠢ ᠳᠤᠲᠣ ᠪᠣᠰᠤ ᠴᠣᠷᠪᠠᠭ᠎ᠠ ᠶᠢ ᠰᠢᠷᠪᠢᠵᠦ ᠬᠠᠶᠠᠬᠤ ᠬᠡᠷᠡᠭᠲᠡᠢ᠃ ᠰᠤᠩᠭᠤᠵᠦ ᠦᠯᠡᠳᠡᠭᠡᠬᠦ ᠬᠠᠷᠢᠴᠠᠯ ᠨᠢ᠄ ᠰᠢᠩᠬᠡᠯᠢᠭ ᠲᠤ ᠲᠡᠵᠢᠭᠡᠵᠦ ᠪᠠᠶᠢᠭ᠎ᠠ ᠡᠷᠡᠭᠴᠢᠨ ᠡᠮᠡᠭᠴᠢᠨ ᠤ ᠬᠠᠷᠢᠴᠠᠯ 1᠄ 10 ᠪᠠᠶᠢᠵᠤ᠂ ᠠᠶᠠᠨᠳᠠᠭᠠᠨ ᠬᠡᠬᠡᠯᠳᠦᠭᠦᠯᠭᠡ ᠬᠢᠭᠰᠡᠨ ᠴᠣᠷᠪᠠᠭ᠎ᠠ ᠤ ᠬᠠᠷᠢᠴᠠᠯ 1᠄ 9 ᠪᠠᠶᠢᠬᠤ ᠬᠡᠷᠡᠭᠲᠡᠢ᠃      2.ᠬᠤᠶᠠᠳᠠᠬᠢ ᠤᠳᠠᠭᠠᠨ ᠤ ᠰᠤᠩᠭᠤᠯᠲᠠ᠄ ᠬᠤᠶᠠᠳᠠᠬᠢ ᠤᠳᠠᠭᠠᠨ ᠤ ᠰᠤᠩᠭᠤᠯᠲᠠ ᠶᠢ ᠡᠮᠡᠭᠴᠢᠨ ᠲᠠᠬᠢᠶ᠎ᠠ ᠰᠦᠷᠦᠭ ᠰᠢᠯᠵᠢᠬᠦ ᠦᠶ᠎ᠡ ᠳᠤ ᠬᠢᠵᠦ᠂ 17 ~ 18 ᠭᠠᠷᠠᠭ ᠨᠠᠰᠤᠨ ᠤ ᠦᠶ᠎ᠡ ᠳᠤ ᠭᠠᠷ ᠬᠡᠬᠡᠯᠳᠦᠭᠦᠯᠭᠡ ᠬᠢᠬᠦ ᠳᠡᠭᠡᠨ ᠳᠡᠭᠡᠷᠡᠬᠢ ᠱᠠᠭᠠᠷᠳᠠᠯᠭ᠎ᠠ ᠶᠢ ᠪᠡᠶᠡᠯᠡᠬᠦᠯᠬᠦ ᠠᠴᠠ ᠭᠠᠳᠠᠨ᠎ᠠ ᠪᠡᠯᠭᠡ ᠶᠢᠨ ᠳᠤᠰᠬᠠᠯ ᠰᠠᠶᠢᠲᠠᠢ ᠡᠷᠡᠭᠴᠢᠨ ᠲᠠᠬᠢᠶ᠎ᠠ ᠶᠢ ᠰᠤᠩᠭᠤᠬᠤ ᠬᠡᠷᠡᠭᠲᠡᠢ᠃ ᠰᠢᠩᠭᠡᠯᠢᠭ ᠲᠤ ᠲᠡᠵᠢᠭᠡᠭᠰᠡᠨ ᠲᠠᠬᠢᠶᠠᠨ ᠤ ᠡᠷᠡᠭᠴᠢᠨ ᠡᠮᠡᠭᠴᠢᠨ ᠤ ᠬᠠᠷᠢᠴᠠᠯ  ᠨᠢ 1᠄ 1᠂ ᠪᠠᠶᠢᠭᠠᠯᠢ ︵ᠠᠶᠠᠨᠳᠠᠭᠠᠨ︶ ᠬᠡᠬᠡᠯᠳᠦᠭᠦᠯᠭᠡ ᠶᠢᠨ ᠬᠢ ᠪᠣᠯ 1᠄ 9 ᠪᠣᠯᠤᠨ᠎ᠠ᠃      3.ᠭᠤᠷᠪᠠᠳᠠᠬᠢ ᠤᠳᠠᠭᠠᠨ ᠤ ᠰᠤᠩᠭᠤᠯᠲᠠ᠄ 21 ~ 22 ᠭᠠᠷᠠᠭ ᠨᠠᠰᠤᠨ ᠳᠤ ᠬᠦᠷᠦᠭᠰᠡᠨ ᠤ ᠰᠡᠭᠦᠯᠡᠷ᠂ ᠦᠷ᠎ᠡ ᠶᠢᠨ ᠰᠢᠩᠭᠡᠨ ᠤ ᠬᠢᠨᠢ ᠰᠢᠨᠵᠢ ᠴᠢᠨᠠᠷ ᠢ ᠦᠨᠳᠦᠰᠦᠯᠡᠵᠦ ᠰᠤᠩᠭᠤᠨ᠎ᠠ᠃ ᠡᠭᠦᠨ ᠳᠤ ᠦᠷ᠎ᠡ ᠶᠢᠨ ᠰᠢᠩᠭᠡᠨ ᠤ ᠦᠩᠭᠡ ᠨᠢ ᠰᠦᠨ ᠴᠠᠭᠠᠨ᠂ ᠬᠡᠮᠵᠢᠶ᠎ᠡ ᠨᠢ ᠠᠷᠪᠢᠨ᠂ ᠨᠢᠭᠲᠠᠴᠠ ᠨᠢ ᠶᠡᠭᠡ ᠡᠷᠡᠭᠴᠢᠨ ᠲᠠᠬᠢᠶ᠎ᠠ ᠶᠢ ᠰᠤᠩᠭᠤᠬᠤ ᠬᠡᠷᠡᠭᠲᠡᠢ᠃ ᠡᠷᠡᠭᠴᠢᠨ ᠲᠠᠬᠢᠶ᠎ᠠ ᠶᠢ ᠢᠯᠢᠵᠦ ᠦᠷ᠎ᠡ ᠠᠪᠬᠤ ᠦᠶ᠎ᠡ ᠳᠠᠬᠢ ᠳᠤᠰᠬᠠᠯ ᠨᠢ 90% ᠠᠴᠠ ᠳᠡᠭᠡᠭᠰᠢ ᠨᠢ ᠰᠢᠯᠢᠳᠡᠭ ᠪᠣᠶᠣ ᠨᠡᠯᠢᠶᠡᠳ ᠰᠠᠶᠢᠨ ᠪᠠᠶᠢᠵᠤ᠂ 10% ᠣᠷᠴᠢᠮ ᠨᠢ ᠳᠤᠰᠬᠠᠯ ᠢᠶᠠᠷ ᠮᠠᠭᠤ ᠪᠠᠶᠢᠳᠠᠭ ᠪᠦᠭᠡᠳ ᠦᠷ᠎ᠡ ᠶᠢᠨ ᠰᠢᠩᠭᠡᠨ ᠨᠢ ᠪᠠᠭ᠎ᠠ ᠪᠤᠶᠤ ᠦᠷ᠎ᠡ ᠬᠠᠷᠪᠤᠬᠤ ᠦᠭᠡᠢ ᠪᠠᠶᠢᠳᠠᠭ᠃      ᠪᠦᠬᠦ ᠵᠢᠯ ᠢᠶᠠᠷ ᠭᠠᠷ ᠬᠡᠬᠡᠯᠳᠦᠭᠦᠯᠭᠡ ᠬᠢᠳᠡᠭ ᠦᠷ᠎ᠡ ᠶᠢᠨ ᠲᠠᠬᠢᠶᠠᠨ ᠤ ᠲᠠᠯᠠᠪᠠᠢ ᠶᠢᠨ ᠰᠢᠩᠭᠡᠯᠢᠭ ᠲᠤ ᠲᠡᠵᠢᠭᠡᠭᠰᠡᠨ ᠡᠷᠡᠭᠴᠢᠨ ᠡᠮᠡᠭᠴᠢᠨ ᠦᠷ᠎ᠡ ᠶᠢᠨ ᠲᠠᠬᠢᠶᠠᠨ ᠤ ᠬᠠᠷᠢᠴᠠᠯ ᠨᠢ 1᠄ 25 ~ 30᠂ ᠪᠠᠶᠢᠭᠠᠯᠢ ︵ᠠᠶᠠᠨᠳᠠᠭᠠᠨ︶ ᠬᠡᠬᠡᠯᠳᠦᠭᠦᠯᠭᠡ ᠶᠢᠨ ᠬᠢ ᠪᠣᠯ 1᠄ 10 ~ 12 ᠪᠣᠯᠤᠨ᠎ᠠ᠃       ︵ᠬᠤᠶᠠᠷ︶ ᠦᠷ᠎ᠡ ᠶᠢᠨ ᠡᠷᠡᠭᠴᠢᠨ ᠲᠠᠬᠢᠶ᠎ᠠ ᠶᠢ ᠪᠣᠶᠢᠵᠢᠭᠤᠯᠬᠤ      ᠦᠷ᠎ᠡ ᠶᠢᠨ ᠡᠷᠡᠭᠴᠢᠨ ᠡᠮᠡᠭᠴᠢᠨ ᠲᠠᠬᠢᠶ᠎ᠠ ᠶᠢ ᠴᠣᠷᠪᠠᠭ᠎ᠠ ᠠᠴᠠ ᠡᠬᠢᠯᠡᠨ ᠰᠠᠯᠭᠠᠵᠤ ᠲᠡᠵᠢᠭᠡᠬᠦ ᠬᠡᠷᠡᠭᠲᠡᠢ᠃ ᠶᠡᠷᠦ ᠶᠢᠨ ︵ᠲᠠᠷᠠᠬᠠᠢ︶ ᠲᠡᠵᠢᠭᠡᠯᠭᠡ ᠪᠤᠶᠤ ᠰᠢᠩᠭᠡᠯᠢᠭ ᠤᠨ ᠲᠡᠵᠢᠭᠡᠯᠭᠡ ᠶᠢᠨ ᠠᠷᠭ᠎ᠠ ᠶᠢ ᠪᠦᠷ ᠬᠡᠷᠡᠭᠯᠡᠵᠦ ᠪᠣᠯᠤᠨ᠎ᠠ᠃ ᠨᠦᠬᠦᠴᠡᠯ ᠲᠠᠢ ᠪᠣᠯ ᠲᠡᠵᠢᠭᠡᠬᠦ ᠨᠢᠭᠲᠠᠴᠠ ᠶᠢ ᠨᠢ ᠪᠠᠭ᠎ᠠ ᠪᠠᠶᠢᠯᠭᠠᠪᠠᠯ ᠨᠡᠩ ᠰᠠᠶᠢᠨ ᠪᠦᠭᠡᠳ ᠡᠷᠡᠭᠴᠢᠨ ᠲᠠᠬᠢᠶᠠᠨ ᠤ ᠬᠦᠳᠡᠯᠭᠡᠭᠡᠨ ᠬᠢᠬᠦ ᠵᠠᠢ ᠶᠢ ᠴᠢᠯᠦᠭᠡᠲᠡᠢ ᠪᠠᠶᠢᠯᠭᠠᠪᠠᠯ ᠪᠡᠶ᠎ᠡ ᠴᠣᠭᠴᠠ ᠶᠢᠨ ᠬᠢᠨᠢ ᠪᠣᠶᠢᠵᠢᠯᠲᠡ ᠳᠤ ᠠᠰᠢᠭᠲᠠᠢ ᠪᠠᠶᠢᠳᠠᠭ᠃ 17 ᠭᠠᠷᠠᠭ ᠨᠠᠰᠤᠨ ᠠᠴᠠ ᠡᠮᠦᠨ᠎ᠡ ᠠᠳᠠᠯᠢ ᠪᠤᠰᠤ ᠡᠭᠦᠯᠳᠡᠷ ᠤᠨ ᠱᠠᠭᠠᠷᠳᠠᠯᠭ᠎ᠠ ᠪᠠᠷ ᠲᠠᠬᠢᠶ᠎ᠠ ᠶᠢ ᠲᠡᠵᠢᠭᠡᠨ ᠠᠷᠠᠴᠢᠯᠠᠵᠦ ᠬᠠᠮᠢᠶᠠᠷᠬᠤ ᠬᠡᠷᠡᠭᠲᠡᠢ᠃ ᠲᠤᠬᠠᠶᠢᠯᠠᠪᠠᠯ ᠪᠡᠶ᠎ᠡ ᠶᠢᠨ ᠬᠦᠨᠳᠦ ᠶᠢ ᠨᠢ ᠬᠡᠮᠵᠢᠬᠦ᠂ ᠮᠡᠭᠦᠷᠭᠡᠢ ᠶᠢ ᠨᠢ ᠬᠡᠮᠵᠢᠬᠦ ᠵᠡᠷᠭᠡ ᠠᠵᠢᠯ ᠢ ᠬᠢᠵᠦ ᠪᠣᠯᠤᠨ᠎ᠠ᠃ 17 ~ 18 ᠭᠠᠷᠠᠭ ᠨᠠᠰᠤᠨ ᠳᠤ ᠬᠦᠷᠦᠭᠰᠡᠨ ᠤ ᠰᠡᠭᠦᠯᠡᠷ ᠲᠠᠩ ᠪᠦᠲᠦᠴᠡᠲᠦ ᠰᠢᠩᠭᠡᠯᠢᠭ ᠳᠣᠲᠤᠷ᠎ᠠ ᠲᠡᠵᠢᠭᠡᠬᠦ ᠬᠡᠷᠡᠭᠲᠡᠢ᠃ ᠭᠡᠷᠡᠯ ᠤᠨ ᠳᠤᠰᠬᠠᠯᠲᠡ ᠶᠢ ᠭᠠᠷᠠᠭ ᠪᠦᠷᠢ 0.5 ᠴᠠᠭ ᠢᠶᠠᠷ ᠨᠡᠮᠡᠵᠦ᠂ 16 ᠴᠠᠭ ᠦᠷᠭᠦᠯᠵᠢᠯᠡᠭᠦᠯᠦᠨ᠎ᠡ᠃      ᠪᠡᠯᠡᠳᠭᠡᠯ ᠦᠷ᠎ᠡ ᠶᠢᠨ ᠲᠠᠬᠢᠶᠠᠨ ᠤ ᠰᠢᠮ᠎ᠡ ᠲᠡᠵᠢᠭᠡᠯ ᠤᠨ ᠬᠡᠮᠵᠢᠶ᠎ᠡ᠄ ᠰᠣᠯᠢᠯᠴᠠᠭᠠᠨ ᠤ ᠡᠨᠧᠷᠬᠢ ᠨᠢ ᠺᠢᠯᠦᠭᠷᠡᠮ ᠪᠦᠷᠢ 11 ~ 12 ᠵᠦᠯ᠂ ᠴᠣᠷᠪᠠᠭ᠎ᠠ ᠪᠣᠶᠢᠵᠢᠭᠤᠯᠬᠤ ᠬᠤᠭᠤᠴᠠᠭᠠᠨ ᠳᠠᠬᠢ ᠪᠦᠳᠦᠭᠦᠯᠢᠭ ᠤᠭᠤᠷᠠᠭ ᠨᠢ 18% ~ 19%᠂ ᠺᠠᠯᠼ 1.1%᠂ ᠠᠰᠢᠭᠲᠤ ᠹᠣᠰᠹᠣᠷ 0.45% ᠪᠠᠶᠢᠵᠤ᠂ ᠪᠣᠶᠢᠵᠢᠯᠲᠡ ᠶᠢᠨ ᠬᠤᠭᠤᠴᠠᠭᠠᠨ ᠤ ᠪᠦᠳᠦᠭᠦᠯᠢᠭ ᠤᠭᠤᠷᠠᠭ ᠨᠢ 12% ~ 14%᠂ ᠺᠠᠯᠼ ᠨᠢ 1.0%᠂ ᠠᠰᠢᠭᠲᠤ ᠹᠣᠰᠹᠣᠷ ᠨᠢ 0.45% ᠪᠣᠯᠤᠨ᠎ᠠ᠃      ᠵᠣᠬᠢᠶᠠᠮᠠᠯ ᠬᠡᠬᠡᠯᠳᠦᠭᠦᠯᠭᠡ ᠬᠢᠬᠦ ᠡᠷᠡᠭᠴᠢᠨ ᠲᠠᠬᠢᠶᠠᠨ ᠤ ᠬᠤᠰᠢᠭᠤ ᠶᠢ ᠨᠢ ᠲᠠᠭᠠᠷᠢᠵᠦ ᠪᠣᠯᠬᠤ ᠦᠭᠡᠢ᠂ ᠳᠣᠲᠤᠷ᠎ᠠ ᠬᠢᠮᠦᠰᠦ ᠪᠠ ᠬᠤᠶᠢᠲᠦ ᠬᠢᠮᠤᠰᠤᠨ ᠤ ᠨᠢᠭᠡᠳᠦᠭᠡᠷ ᠦᠶ᠎ᠡ ᠶᠢ ᠨᠢ ᠬᠠᠶᠢᠴᠢᠯᠠᠬᠤ ᠶᠢᠨ ᠬᠠᠮᠲᠦ ᠬᠢᠮᠤᠰᠤ ᠶᠢ  ᠨᠢ ᠴᠤ ᠬᠠᠶᠢᠴᠢᠯᠠᠵᠤ ᠬᠠᠶᠠᠨ᠎ᠠ᠃ ᠡᠨᠡ ᠨᠢ ᠪᠠᠶᠢᠭᠠᠯᠢ ︵ᠠᠶᠠᠨᠳᠠᠭᠠᠨ︶ ᠬᠡᠬᠡᠯᠳᠦᠭᠦᠯᠭᠡ ᠬᠢᠬᠦ ᠦᠶᠡᠰ ᠡᠮᠡᠭᠴᠢᠨ ᠲᠠᠬᠢᠶ᠎ᠠ ᠶᠢ ᠪᠠᠵᠠᠵᠤ ᠰᠢᠷᠬᠠᠳᠤᠭᠤᠯᠬᠤ ᠠᠴᠠ ᠰᠡᠷᠭᠡᠶᠢᠯᠡᠵᠦ ᠪᠠᠶᠢᠬᠤ ᠶᠤᠮ᠃      ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶
 
ᠢᠷᠡᠯᠲᠡ᠄ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号