ᠡᠴᠢᠭᠡ ᠡᠬᠡ ᠦᠶ᠎ᠡ ᠶᠢᠨ ᠦᠷᠡᠰ ᠭᠠᠭ᠋ᠠᠢ
ᠨᠡᠶᠢᠲᠡᠯᠡᠭᠰᠡᠨ ᠴᠠᠭ᠄
2021/12/20
     ᠡᠴᠢᠭᠡ ᠡᠬᠡ ᠦᠶ᠎ᠡ ᠶᠢᠨ ᠦᠷᠡᠰ ᠭᠠᠭ᠋ᠠᠢ ᠨᠢ ᠦᠷᠭᠡᠳᠭᠡᠵᠦ ᠦᠷᠡᠵᠢᠭᠦᠯᠬᠦ ᠲᠠᠯᠠᠪᠠᠢ ᠠᠴᠠ ᠢᠷᠡᠯᠲᠡᠢ᠃ ᠲᠠᠸᠠᠷ ᠤᠨ ᠮᠢᠬᠠᠨ ᠭᠠᠭ᠋ᠠᠢ ᠶᠢ ᠦᠷᠡᠵᠢᠭᠦᠯᠬᠦ ᠳᠤ ᠭᠡᠷᠡᠭᠯᠡᠬᠦ ᠪᠣᠯᠬᠤᠷ ᠡᠴᠢᠭᠡ ᠡᠬᠡ ᠦᠶ᠎ᠡ ᠶᠢᠨ ᠮᠡᠭᠡᠵᠢ ᠪᠠ ᠠᠵᠢᠷᠭᠠᠨ ᠭᠠᠭ᠋ᠠᠢ ᠳᠤ ᠪᠠᠭᠲᠠᠲᠠᠭ᠃      ᠡᠴᠢᠭᠡ ᠡᠬᠡ ᠦᠶ᠎ᠡ ᠶᠢᠨ ᠮᠡᠭᠡᠵᠢ ᠨᠢ CDE ᠤᠳᠤᠮ ᠪᠣᠯᠤᠨ᠎ᠠ᠃ ᠲᠠᠸᠠᠷ ᠤᠨ ᠨᠡᠷ᠎ᠡ ᠨᠢ ᠺᠠᠩ ᠪᠸᠢ ᠡᠯ ︵康贝尔︶ ᠮᠡᠭᠡᠵᠢ ᠭᠠᠭ᠋ᠠᠢ ᠦᠢᠯᠡᠳᠭᠦᠨ ᠤ ᠨᠤᠮᠧᠷ ᠨᠢ C22 ᠤᠳᠤᠮ ᠶᠤᠮ᠃ ᠪᠦᠷᠬᠦᠬᠦᠯ ᠦᠰᠦ ᠨᠢ ᠴᠠᠭᠠᠨ᠂ ᠠᠩᠬ᠎ᠠ ᠲᠤᠷᠤᠶᠢᠯᠠᠬᠤ ᠮᠡᠭᠡᠵᠢ ᠶᠢᠨ ᠲᠡᠭᠰᠢᠳᠭᠡᠭᠰᠡᠨ ᠲᠤᠷᠤᠶᠢᠯᠠᠬᠤ ᠲᠤᠭ᠎ᠠ ᠨᠢ 10.5 ᠠᠴᠠ ᠳᠡᠭᠡᠭᠰᠢ᠂ ᠲᠤᠷᠤᠶᠢᠯᠠᠵᠤ ᠦᠩᠭᠡᠷᠡᠭᠰᠡᠨ ᠮᠡᠭᠡᠵᠢ ᠶᠢᠨ ᠲᠡᠭᠰᠢᠳᠭᠡᠭᠰᠡᠨ ᠡᠭᠦᠷ ᠪᠦᠷᠢ ᠶᠢᠨ ᠲᠤᠷᠤᠢ ᠶᠢᠨ ᠲᠤᠭ᠎ᠠ ᠨᠢ 11 ᠠᠴᠠ ᠳᠡᠭᠡᠭᠰᠢ ᠪᠠᠶᠢᠳᠠᠭ᠃      ᠡᠴᠢᠭᠡ ᠦᠶ᠎ᠡ ᠶᠢᠨ ᠠᠵᠢᠷᠭᠠᠨ ᠭᠠᠭ᠋ᠠᠢ ᠨᠢ AB ᠤᠳᠤᠮ᠂ PIC ᠶᠢᠨ ᠡᠴᠦᠰ ᠤᠨ ᠡᠴᠢᠭᠡ ᠪᠡᠶ᠎ᠡ ᠪᠣᠯᠤᠨ᠎ᠠ᠃ ᠦᠢᠯᠡᠳᠭᠦᠨ ᠤ ᠨᠤᠮᠧᠷ ᠨᠢ L402᠂ ᠪᠦᠷᠬᠦᠬᠦᠯ ᠦᠰᠦ ᠨᠢ ᠴᠠᠭᠠᠨ᠂ ᠳᠦᠷᠪᠡᠨ ᠮᠦᠴᠢ ᠨᠢ ᠴᠢᠬᠢᠷᠠᠭ᠂ ᠪᠣᠯᠴᠢᠩ ᠮᠢᠬ᠎ᠠ ᠨᠢ ᠬᠦᠭᠵᠢᠯᠲᠡᠢ ᠶᠤᠮ᠃      ︵ᠢᠷᠡᠯᠲᠡ᠄ ᠦ᠊· ᠪᠤᠶᠠᠨᠳᠡᠯᠭᠡᠷ ᠨᠠᠷ ᠤᠨ ᠨᠠᠶᠢᠷᠠᠭᠤᠯᠤᠭᠰᠠᠨ ︽ᠭᠠᠭ᠋ᠠᠢ ᠶᠢᠨ ᠰᠠᠶᠢᠨ ᠡᠭᠦᠯᠳᠡᠷ ᠰᠤᠩᠭᠤᠬᠤ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠭᠠᠭ᠋ᠠᠢ ᠶᠢᠨ ᠰᠠᠶᠢᠨ ᠡᠭᠦᠯᠳᠡᠷ ᠰᠤᠩᠭᠤᠬᠤ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号