︽ᠲᠠᠯ᠎ᠠ ᠨᠤᠲᠤᠭ ᠤᠨ ᠰᠢᠯᠢᠳᠡᠭ ᠪᠦᠲᠦᠭᠡᠭᠳᠡᠭᠦᠨ︾ ᠠᠤᠬᠠᠨ ᠨᠠᠷᠢᠮᠤ︱ᠳᠤᠮᠳᠠᠳᠤ ᠤᠯᠤᠰ ᠤᠨ ᠦᠨᠦᠷ ᠠᠮᠲᠠ ᠶᠢ ᠭᠠᠶᠢᠬᠠᠭᠤᠯᠤᠨᠠᠮ
ᠨᠡᠶᠢᠲᠡᠯᠡᠭᠰᠡᠨ ᠴᠠᠭ᠄
2023/5/26
      ᠠᠤᠬᠠᠨ ᠨᠠᠷᠢᠮᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠤᠬᠠᠨ ᠬᠤᠰᠢᠭᠤᠨ ᠤ ᠣᠨᠴᠠ ᠭᠠᠷᠤᠯᠲᠠ᠂ ᠳᠤᠮᠳᠠᠳᠤ ᠤᠯᠤᠰ ᠤᠨ ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠲᠦ ᠪᠦᠲᠦᠭᠡᠭᠳᠡᠬᠦᠨ᠂ ᠳᠤᠮᠳᠠᠳᠤ ᠤᠯᠤᠰ ᠤᠨ ᠲᠠᠷᠢᠶᠠᠯᠠᠩ ᠤᠨ ᠨᠠᠷᠠᠲᠤ ᠲᠡᠮᠳᠡᠭᠲᠦ ᠶᠢᠨ ᠭᠠᠷᠴᠠᠭᠯᠠᠯ ᠳᠤ ᠰᠣᠩᠭᠤᠭᠳᠠᠪᠠ᠃ ᠳᠡᠯᠡᠬᠡᠢ ᠶᠢᠨ ᠲᠤᠰᠬᠠᠢ ᠮᠡᠷᠭᠡᠵᠢᠯ ᠤᠨ ᠪᠠᠶᠢᠭᠤᠯᠤᠮᠵᠢ ᠶᠢᠨ ᠭᠡᠷᠡᠴᠢᠯᠡᠭᠰᠡᠨ ᠢᠶᠠᠷ᠂ ᠠᠤᠬᠠᠨ ᠣᠷᠣᠨ ᠪᠣᠯ ᠳᠤᠮᠳᠠᠳᠤ ᠤᠯᠤᠰ ᠤᠨ ᠡᠷᠲᠡᠨ ᠤ ᠬᠠᠭᠤᠷᠠᠢ ᠲᠠᠷᠢᠶᠠᠯᠠᠭ᠎ᠠ ᠶᠢᠨ ᠡᠬᠢ ᠰᠤᠷᠪᠤᠯᠵᠢ ᠮᠥᠨ ᠪᠥᠭᠡᠳ ᠡᠸᠦ᠋ᠷᠦᠫᠡ ᠠᠽᠢᠶ᠎ᠠ ᠶᠢᠨ ᠡᠬᠡ ᠬᠠᠭᠤᠷᠠᠢ ᠶᠢᠨ ᠬᠠᠭᠤᠷᠠᠢ ᠲᠠᠷᠢᠶᠠᠯᠠᠭ᠎ᠠ ᠶᠢᠨ ᠡᠬᠢ ᠰᠤᠷᠪᠤᠯᠵᠢ ᠮᠥᠨ ᠪᠣᠯᠬᠤᠷ ︽ᠳᠡᠯᠡᠬᠡᠢ ᠶᠢᠨ ᠨᠠᠷᠢᠮᠤ ᠶᠢᠨ ᠨᠤᠲᠤᠭ︾ ᠬᠡᠮᠡᠭᠳᠡᠳᠡᠭ᠃ 2014 ᠣᠨ ᠳᠤ᠂ ᠳᠡᠯᠡᠬᠡᠢ ᠶᠢᠨ ᠠᠮᠤ ᠪᠤᠳᠠᠭ᠎ᠠ ᠲᠠᠷᠢᠶᠠᠯᠠᠩ ᠤᠨ ᠵᠣᠬᠢᠶᠠᠨ ᠪᠠᠶᠢᠭᠤᠯᠤᠯᠲᠠ ᠠᠤᠬᠠᠨ ᠬᠤᠰᠢᠭᠤᠨ ᠳᠤ ︽ᠳᠡᠯᠡᠬᠡᠢ ᠶᠢᠨ ᠨᠠᠷᠢᠮᠤ ᠶᠢᠨ ᠡᠭᠦᠰᠦᠯ ᠪᠠ ᠬᠥᠭᠵᠢᠯᠲᠡ︾ ᠭᠡᠬᠦ ᠡᠷᠳᠡᠮ ᠰᠢᠨᠵᠢᠯᠡᠭᠡᠨ ᠤ ᠬᠤᠷᠠᠯ ᠬᠤᠷᠠᠯᠳᠤᠭᠤᠯᠤᠭᠰᠠᠨ ᠶᠤᠮ᠃        ᠠᠤᠬᠠᠨ ᠨᠠᠷᠢᠮᠤ ᠳᠤ ᠬᠥᠮᠥᠨ ᠤ ᠪᠡᠶ᠎ᠡ ᠳᠤ ᠬᠡᠷᠡᠭᠴᠡᠭᠡ ᠲᠠᠢ ᠰᠢᠪᠲᠦᠷᠲᠦ ᠬᠦᠴᠢᠯ ᠪᠣᠯᠣᠨ ᠺᠠᠯᠼ᠂ ᠹᠣᠰᠹᠣᠷ᠂ ᠲᠡᠮᠦᠷ ᠵᠡᠷᠭᠡ ᠪᠢᠴᠢᠯ ᠡᠯᠧᠮᠧᠨ᠋ᠲ ᠡᠯᠪᠡᠭ ᠠᠭᠤᠯᠤᠭᠳᠠᠵᠤ ᠪᠠᠶᠢᠳᠠᠭ᠂ ᠰᠢᠮ᠎ᠡ ᠲᠡᠵᠢᠭᠡᠯ ᠡᠯᠪᠡᠭ᠂ ᠴᠡᠪᠡᠷ ᠠᠮᠲᠠᠲᠠᠢ᠂ ᠠᠩᠬᠢᠯᠤᠮ᠎ᠠ ᠵᠥᠭᠡᠯᠡᠨ ᠪᠠᠶᠢᠳᠠᠭ ᠪᠣᠯᠬᠤᠷ ᠢᠳᠡᠭᠡᠨ ᠤᠮᠳᠠᠭᠠᠨ ᠢ ᠲᠡᠩᠴᠡᠭᠦᠯᠵᠦ᠂ ᠠᠮᠲᠠ ᠶᠢ ᠨᠢ ᠵᠣᠬᠢᠴᠠᠭᠤᠯᠬᠤ ᠰᠠᠨᠠᠭᠠᠨ ᠳᠤ ᠨᠡᠶᠢᠴᠡᠭᠰᠡᠨ ᠢᠳᠡᠭᠡᠨ ᠪᠣᠯᠬᠤ ᠪᠥᠭᠡᠳ ᠵᠢᠷᠮᠦᠰᠦᠨ ᠦᠶ᠎ᠡ ᠶᠢᠨ ᠡᠮᠡᠭᠲᠡᠶᠢᠴᠦᠳ ᠪᠠ ᠬᠥᠩᠭᠡᠵᠢᠭᠰᠡᠨ ᠤ ᠳᠠᠷᠠᠭ᠎ᠠ ᠰᠢᠮ᠎ᠡ ᠲᠡᠵᠢᠭᠡᠯ ᠨᠦᠬᠦᠪᠦᠷᠢᠯᠡᠨ ᠢᠳᠡᠬᠦ ᠳᠤ ᠴᠦ ᠮᠠᠰᠢ ᠲᠣᠬᠢᠷᠠᠮᠵᠢᠲᠠᠢ ᠪᠠᠶᠢᠳᠠᠭ᠃ ᠠᠤᠬᠠᠨ ᠤ ᠠᠭᠤᠷ ᠠᠮᠢᠰᠬᠤᠯ ᠤᠨ ᠨᠥᠬᠦᠴᠡᠯ ᠨᠢ ᠠᠤᠬᠠᠨ ᠤ ᠭᠠᠩ ᠬᠠᠭᠤᠷᠠᠢ ᠬᠥᠲᠥᠯ ᠳᠤ ᠦᠨᠳᠦᠰᠦᠯᠡᠭᠰᠡᠨ ᠨᠠᠷᠢᠮᠤ ᠪᠠ ᠰᠢᠯᠦᠬᠡᠢ ᠨᠣᠭᠤᠭ᠎ᠠ ᠨᠢ ᠭᠠᠩ ᠬᠠᠭᠤᠷᠠᠢ ᠳᠤ ᠲᠡᠰᠪᠦᠷᠢᠲᠡᠢ᠂ ᠡᠰᠢ ᠨᠢᠷᠤᠭᠤ ᠨᠢ ᠲᠠᠭᠠᠭᠠᠴᠠᠲᠠᠢ᠂ ᠵᠣᠬᠢᠴᠠᠬᠤ ᠴᠢᠨᠠᠷ ᠢᠶᠠᠷ ᠴᠢᠩᠭ᠎ᠠ᠂ ᠴᠢᠨᠠᠷ ᠰᠠᠶᠢᠲᠠᠢ ᠵᠡᠷᠭᠡ ᠣᠨᠴᠠᠯᠢᠭ ᠢ ᠲᠣᠭᠲᠠᠭᠠᠵᠤ᠂ ᠲᠤᠬᠠᠢ ᠶᠢᠨ ᠭᠠᠵᠠᠷ ᠤᠨ ᠨᠠᠷᠢᠮᠤ ︵ᠰᠢᠷ᠎ᠠ ᠪᠤᠳᠠᠭ᠎ᠠ︶  ᠶᠢ ᠪᠣᠯᠪᠠᠰᠤᠷᠠᠭᠤᠯᠤᠭᠰᠠᠨ ᠤ ᠳᠠᠷᠠᠭᠠᠬᠢ ᠨᠠᠷᠢᠮᠤ ᠶᠢᠨ ᠮᠥᠬᠦᠯᠢᠭ ᠨᠢ ᠲᠣᠮᠣ ᠮᠦᠷᠳᠡᠭᠡᠨ ᠲᠥᠭᠦᠷᠢᠭ᠂ ᠭᠢᠯᠲᠠᠭᠠᠨᠠᠮ᠎ᠠ ᠲᠤᠩᠭᠠᠯᠠᠭ ᠪᠠᠶᠢᠳᠠᠭ᠂ ᠲᠡᠭᠦᠨ ᠤ ᠴᠢᠨᠠᠷ ᠴᠢᠨᠰᠠᠭ᠎ᠠ ᠶᠢ ᠪᠤᠰᠤᠳ ᠭᠠᠵᠠᠷ ᠣᠷᠣᠨ ᠤ ᠬᠢ ᠲᠠᠢ ᠠᠳᠠᠯᠢᠳᠬᠠᠬᠤ ᠶᠢᠨ ᠠᠷᠭ᠎ᠠ ᠦᠭᠡᠢ ᠶᠤᠮ᠂ ︽ᠠᠤᠬᠠᠨ ᠤ ᠡᠯᠳᠡᠪ ᠠᠮᠤ᠂ ᠡᠬᠡ ᠪᠠᠶᠢᠭᠠᠯᠢ ᠶᠢᠨ ᠰᠤᠶᠤᠷᠬᠠᠯ︾ ᠭᠡᠳᠡᠭ ᠦᠭᠡ ᠪᠣᠶ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号