ᠠᠮᠢᠳᠤ ᠭᠠᠭ᠋ᠠᠢ ᠶᠢᠨ ᠦᠨ᠎ᠡ ᠠᠭᠠᠵᠢᠮ ᠢᠶᠠᠷ ᠦᠰᠬᠦ ᠬᠠᠨᠳᠤᠰᠢ ᠲᠠᠢ
ᠨᠡᠶᠢᠲᠡᠯᠡᠭᠰᠡᠨ ᠴᠠᠭ᠄
2023/5/7
      ᠭᠠᠭ᠋ᠠᠢ ᠶᠢᠨ ᠮᠢᠬᠠᠨ ᠤ ᠦᠨ᠎ᠡ ᠶᠡᠷᠦ ᠠᠴᠠ ᠪᠠᠭᠤᠷᠠᠭᠰᠠᠭᠠᠷ ᠢᠷᠡᠭᠰᠡᠨ ᠪᠥᠭᠡᠳ ᠪᠠᠭᠤᠷᠠᠯᠲᠠ ᠶᠢᠨ ᠬᠡᠮᠵᠢᠶ᠎ᠡ  ᠨᠢ ᠭᠠᠭ᠋ᠠᠢ ᠶᠢᠨ ᠦᠨ᠎ᠡ ᠠᠴᠠ ᠥᠨᠳᠥᠷ ᠪᠠᠶᠢᠭ᠎ᠠ ᠨᠢ ᠨᠢᠭᠡ ᠲᠠᠯ᠎ᠠ ᠪᠠᠷ ᠣᠳᠣᠬᠠᠨ ᠳᠤ ᠮᠥᠨ ᠯᠡ ᠬᠥᠭᠵᠢᠯ ᠦᠭᠡᠢ ᠤᠯᠠᠷᠢᠯ ᠳᠤ ᠣᠷᠣᠰᠢᠵᠤ ᠪᠠᠶᠢᠬᠤ ᠠᠴᠠ ᠪᠣᠯᠤᠭᠰᠠᠨ ᠶᠤᠮ᠂ ᠨᠥᠭᠦᠭᠡ ᠲᠠᠯ᠎ᠠ ᠪᠠᠷ ᠵᠠᠬ᠎ᠠ ᠳᠡᠯᠭᠡᠭᠦᠷ ᠤᠨ ᠤᠷᠮ᠎ᠠ ᠰᠡᠳᠬᠢᠯᠭᠡ ᠨᠢ ᠭᠠᠭ᠋ᠠᠢ ᠶᠢᠨ ᠲᠤᠭ᠎ᠠ ᠶᠢᠨ ᠪᠦᠲᠦᠴᠡ᠂ ᠵᠠᠷᠤᠴᠠᠭᠤᠯᠤᠯᠲᠠ ᠳᠤ ᠤᠷᠤᠭᠤᠯᠬᠤ ᠠᠶᠢᠵᠠᠮ ᠪᠠ ᠭᠠᠭ᠋ᠠᠢ ᠶᠢᠨ ᠦᠨ᠎ᠡ ᠳᠤ ᠣᠬᠤᠷ ᠬᠤᠭᠤᠴᠠᠭᠠᠨ ᠳᠤ ᠨᠡᠯᠢᠶᠡᠳ ᠶᠡᠭᠡ ᠨᠥᠯᠥᠭᠡ ᠲᠠᠢ ᠪᠠᠶᠢᠬᠤ ᠶᠢ ᠬᠠᠷᠠᠭᠤᠯᠵᠤ ᠪᠠᠶᠢᠨ᠎ᠠ᠃      ᠬᠤᠶᠠᠳᠤᠭᠠᠷ ᠤᠯᠠᠷᠢᠯ ᠳᠤ ᠪᠥᠬᠦ ᠤᠯᠤᠰ ᠤᠨ ᠭᠠᠭ᠋ᠠᠢ  ᠶᠢᠨ ᠦᠨ᠎ᠡ ᠦᠷᠭᠦᠯᠵᠢᠯᠡᠨ ᠠᠭᠠᠵᠢᠮ ᠢᠶᠠᠷ ᠥᠰᠴᠦ᠂ ᠳᠣᠣᠷ᠎ᠠ ᠬᠠᠭᠠᠰ ᠵᠢᠯ ᠳᠤ ᠢᠳᠡᠭ ᠢᠳᠡᠭ  ᠢᠶᠠᠷ ᠰᠠᠶᠢᠵᠢᠷᠠᠵᠤ᠂ ᠪᠥᠬᠦ ᠵᠢᠯ ᠤᠨ ᠭᠠᠭ᠋ᠠᠢ  ᠶᠢᠨ ᠦᠨ᠎ᠡ ᠶᠡᠭᠡ ᠪᠠᠷ ᠬᠡᠯᠪᠡᠯᠵᠡᠬᠦ ᠣᠨᠴᠠᠯᠢᠭ ᠲᠠᠢ ᠪᠣᠯᠬᠤ ᠪᠣᠯᠣᠨ᠎ᠠ᠃ ᠥᠷᠭᠡᠨ ᠤᠯᠠᠨ ᠲᠡᠵᠢᠭᠡᠨ ᠦᠷᠡᠵᠢᠭᠦᠯᠬᠦ ᠲᠠᠯᠠᠪᠠᠢ ᠪᠠ ᠡᠷᠦᠬᠡ ᠨᠦᠭᠦᠳ ᠴᠠᠭ ᠲᠤᠬᠠᠢ ᠳᠤ  ᠨᠢ ᠪᠠᠶᠢᠳᠠᠯ ᠢ  ᠨᠢ ᠦᠵᠡᠵᠦ ᠪᠠᠶᠢᠭᠠᠳ ᠵᠠᠷᠤᠴᠠᠭᠤᠯᠤᠯᠲᠠ ᠳᠤ ᠤᠷᠤᠭᠤᠯᠬᠤ ᠬᠡᠷᠡᠭᠲᠡᠢ ᠂ ᠮᠡᠭᠡᠵᠢ ᠶᠢ ᠶᠡᠭᠡ ᠬᠡᠮᠵᠢᠶ᠎ᠡ ᠪᠠᠷ ᠨᠥᠬᠦᠵᠦ ᠪᠣᠯᠬᠤ ᠦᠭᠡᠢ ᠂ ᠢᠯᠠᠩᠭᠤᠶ᠎ᠠ ᠦᠨ᠎ᠡ ᠬᠠᠩᠰᠢ ᠥᠰᠬᠦ ᠦᠶ᠎ᠡ ᠳᠤ ᠰᠣᠬᠤᠷ ᠪᠠᠯᠠᠢ ᠪᠠᠷ ᠵᠠᠷᠤᠴᠠᠭᠤᠯᠤᠯᠳᠠ  ᠠᠯᠭᠤᠷᠯᠠᠬᠤ ᠪᠤᠶᠤ ᠬᠤᠶᠠᠳᠠᠭᠢ ᠤᠳᠠᠭ᠎ᠠ ᠪᠣᠷᠳᠣᠵᠤ ᠲᠠᠷᠭᠤᠯᠠᠭᠤᠯᠵᠤ ᠪᠣᠯᠬᠤ ᠦᠭᠡᠢ ᠃      ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠬᠢᠨᠠᠨ ᠬᠡᠮᠵᠢᠭᠰᠡᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ 4 ᠰᠠᠷ᠎ᠠ ᠶᠢᠨ 25 ᠤ ᠡᠳᠦᠷ᠂ ᠪᠥᠬᠦ ᠤᠯᠤᠰ ᠤᠨ ᠲᠠᠷᠢᠶᠠᠯᠠᠩ ᠤᠨ ᠪᠦᠲᠦᠭᠡᠭᠳᠡᠬᠦᠨ ᠤ ᠪᠥᠭᠡᠮ ᠢᠶᠠᠷ ᠬᠤᠳᠠᠯᠳᠤᠬᠤ ᠵᠠᠬ᠎ᠠ ᠳᠡᠯᠭᠡᠭᠦᠷ ᠤᠨ ᠭᠠᠭ᠋ᠠᠢ ᠶᠢᠨ ᠮᠢᠬᠠᠨ ᠤ ᠳᠤᠮᠳᠠᠴᠢ ᠦᠨ᠎ᠡ ᠺᠢᠯᠣᠭ᠍ᠷᠠᠮ ᠪᠦᠷᠢ ᠳᠡᠭᠡᠨ 19.35 ᠲᠥᠭᠦᠷᠢᠭ ᠪᠠᠶᠢᠵᠤ᠂ 4 ᠰᠠᠷ᠎ᠠ ᠶᠢᠨ 20 ᠤ ᠡᠳᠦᠷ ᠤᠨ ᠺᠢᠯᠣᠭ᠍ᠷᠠᠮ ᠪᠦᠷᠢ ᠳᠡᠭᠡᠨ 19.25 ᠲᠥᠭᠦᠷᠢᠭ ᠠᠴᠠ 0 . 5 % ᠪᠠᠷ ᠪᠠᠭ᠎ᠠ ᠬᠡᠮᠵᠢᠶ᠎ᠡ ᠪᠠᠷ ᠥᠰᠴᠡᠢ᠃      ︽ᠡᠨᠡ ᠵᠢᠯ ᠤᠨ 1 ᠰᠠᠷ᠎ᠠ  ᠠᠴᠠ ᠨᠠᠭᠠᠰᠢ ᠂ ᠪᠦᠬᠦ ᠤᠯᠤᠰ ᠤᠨ ᠭᠠᠭ᠋ᠠᠢ  ᠶᠢᠨ ᠦᠨ᠎ᠡ ᠳᠣᠣᠷ᠎ᠠ ᠬᠡᠮᠵᠢᠶᠡᠨ ᠳᠤ ᠬᠡᠯᠪᠡᠯᠵᠡᠵᠦ ᠪᠠᠶᠢᠨ᠎ᠠ︾ ᠭᠡᠵᠦ ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠡᠭᠡᠵᠢᠩ ᠤᠨ ᠮᠠᠯ ᠠᠵᠤ ᠠᠬᠤᠢ ᠮᠠᠯ ᠡᠮᠨᠡᠯᠭᠡ ᠶᠢᠨ ᠰᠤᠳᠤᠯᠭᠠᠨ ᠤ ᠭᠠᠵᠠᠷ ᠤᠨ ᠰᠤᠳᠤᠯᠤᠭᠴᠢ ᠵᠦ ᠽᠧᠩ ᠶᠦᠩ ᠰᠤᠷᠪᠤᠯᠵᠢᠯᠠᠭᠴᠢ ᠳᠤ ᠬᠡᠯᠡᠨ᠎ᠡ ᠃ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠬᠢᠨᠠᠨ ᠬᠡᠮᠵᠢᠯᠲᠡ ᠶᠢ ᠦᠨᠳᠦᠰᠦᠯᠡᠪᠡᠯ᠂ ᠪᠥᠬᠦ ᠤᠯᠤᠰ ᠤᠨ ᠭᠠᠭ᠋ᠠᠢ ᠶᠢᠨ ᠦᠨ᠎ᠡ ᠨᠢᠳᠤᠨᠤᠨ ᠤ 11 ᠰᠠᠷ᠎ᠠ ᠶᠢᠨ ᠨᠢᠭᠡᠳᠦᠭᠡᠷ ᠭᠠᠷᠠᠭ ᠠᠴᠠ ᠡᠬᠢᠯᠡᠨ ᠪᠠᠭᠤᠷᠠᠵᠤ᠂ ᠡᠨᠡ ᠵᠢᠯ ᠤᠨ 2 ᠰᠠᠷ᠎ᠠ ᠶᠢᠨ ᠨᠢᠭᠡᠳᠦᠭᠡᠷ ᠭᠠᠷᠠᠭ ᠠᠴᠠ ᠺᠢᠯᠣᠭ᠍ᠷᠠᠮ ᠪᠦᠷᠢ ᠳᠡᠭᠡᠨ 14.92 ᠲᠥᠭᠦᠷᠢᠭ ᠪᠣᠯᠲᠠᠯ᠎ᠠ ᠪᠠᠭᠤᠷᠠᠭᠰᠠᠨ ᠤ ᠳᠠᠷᠠᠭ᠎ᠠ ᠪᠠᠭ᠎ᠠ ᠬᠡᠮᠵᠢᠶ᠎ᠡ ᠪᠠᠷ ᠥᠰᠦᠭᠡᠳ 3 ᠰᠠᠷ᠎ᠠ ᠶᠢᠨ ᠬᠤᠶᠠᠳᠤᠭᠠᠷ ᠭᠠᠷᠠᠭ ᠲᠤ ᠺᠢᠯᠣᠭ᠍ᠷᠠᠮ ᠪᠦᠷᠢ ᠳᠡᠭᠡᠨ 15.95 ᠲᠥᠭᠦᠷᠢᠭ ᠪᠣᠯᠤᠭᠰᠠᠨ ᠤ ᠳᠠᠷᠠᠭ᠎ᠠ ᠳᠠᠬᠢᠭᠠᠳ ᠪᠠᠭᠤᠷᠠᠵᠤ ᠡᠬᠢᠯᠡᠵᠡᠢ᠃ 4 ᠰᠠᠷ᠎ᠠ ᠶᠢᠨ 3 ᠳ᠋ᠤᠭᠠᠷ ᠭᠠᠷᠠᠭ ᠤᠨ ᠦᠨ᠎ᠡ ᠨᠢ ᠺᠢᠯᠣᠭ᠍ᠷᠠᠮ ᠪᠦᠷᠢ ᠳᠡᠭᠡᠨ 14.36 ᠲᠥᠭᠦᠷᠢᠭ ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ ᠪᠠᠨ 1.8 % ᠪᠠᠷ ᠪᠠᠭᠤᠷᠠᠵᠤ᠂ ᠠᠳᠠᠯᠢ ᠬᠤᠭᠤᠴᠠᠭᠠᠨ ᠤ ᠬᠢ ᠠᠴᠠ 6.1 %  ᠪᠠᠷ ᠥᠰᠴᠡᠢ᠂ ᠡᠨᠡ ᠵᠢᠯ ᠠᠴᠠ ᠨᠠᠰᠢ ᠨᠡᠶᠢᠲᠡ 16.9 % ᠪᠠᠷ ᠪᠠᠭᠤᠷᠠᠵᠠᠢ᠃ ᠭᠠᠭ᠋ᠠᠢ  ᠶᠢᠨ ᠮᠢᠬᠠᠨ ᠤ ᠦᠨ᠎ᠡ ᠨᠢᠳᠤᠨᠤᠨ ᠤ 11 ᠰᠠᠷ᠎ᠠ  ᠶᠢᠨ ᠨᠢᠭᠡᠳᠦᠭᠡᠷ ᠭᠠᠷᠠᠭ  ᠠᠴᠠ ᠡᠨᠡ ᠵᠢᠯ ᠤᠨ 2 ᠰᠠᠷ᠎ᠠ  ᠶᠢᠨ ᠭᠤᠷᠪᠠᠳᠤᠭᠠᠷ ᠭᠠᠷᠠᠭ ᠲᠤ ᠺᠢᠯᠣᠭ᠍ᠷᠠᠮ ᠪᠦᠷᠢ ᠳᠡᠭᠡᠨ 26.70 ᠲᠥᠭᠦᠷᠢᠭ ᠪᠣᠯᠣᠨ ᠪᠠᠭᠤᠷᠠᠵᠤ᠂ ᠵᠥᠪᠬᠡᠨ ᠪᠠᠭ᠎ᠠ ᠬᠡᠮᠵᠢᠶ᠎ᠡ ᠪᠠᠷ ᠥᠰᠴᠦ  2 ᠭᠠᠷᠠᠭ ᠤᠨ ᠳᠠᠷᠠᠭ᠎ᠠ ᠳᠠᠬᠢᠨ ᠪᠠᠭ᠎ᠠ ᠬᠡᠮᠵᠢᠶ᠎ᠡ ᠪᠠᠷ ᠪᠠᠭᠤᠷᠠᠵᠠᠢ᠃ 4 ᠰᠠᠷ᠎ᠠ ᠶᠢᠨ 3 ᠳ᠋ᠤᠭᠠᠷ ᠭᠠᠷᠠᠭ ᠤᠨ ᠦᠨ᠎ᠡ ᠨᠢ ᠺᠢᠯᠣᠭ᠍ᠷᠠᠮ ᠪᠦᠷᠢ ᠳᠡᠭᠡᠨ 24.39 ᠲᠥᠭᠦᠷᠢᠭ ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ ᠪᠠᠨ 1.9 % ᠪᠠᠷ ᠪᠠᠭᠤᠷᠠᠵᠤ᠂ ᠠᠳᠠᠯᠢ ᠬᠤᠭᠤᠴᠠᠭᠠᠨ ᠤ ᠬᠢ ᠠᠴᠠ 6.1% ᠪᠠᠷ ᠥᠰᠴᠡᠢ᠃      ︽ᠭᠠᠭ᠋ᠠᠢ  ᠶᠢᠨ ᠮᠢᠬᠠᠨ ᠤ ᠦᠨ᠎ᠡ ᠶᠡᠷᠦ ᠠᠴᠠ ᠪᠠᠭᠤᠷᠠᠭᠰᠠᠭᠠᠷ ᠢᠷᠡᠭᠰᠡᠨ ᠪᠥᠭᠡᠳ ᠪᠠᠭᠤᠷᠠᠯᠲᠠ   ᠶᠢᠨ ᠬᠡᠮᠵᠢᠶ᠎ᠡ ᠨᠢ ᠠᠮᠢᠳᠤ ᠭᠠᠭ᠋ᠠᠢ  ᠶᠢᠨ ᠦᠨ᠎ᠡ ᠠᠴᠠ ᠥᠨᠳᠥᠷ ᠪᠠᠶᠢᠭ᠎ᠠ ᠨᠢ ᠨᠢᠭᠡ ᠲᠠᠯ᠎ᠠ ᠪᠠᠷ ᠣᠳᠣᠬᠠᠨ ᠳᠤ ᠮᠥᠨ ᠯᠡ ᠬᠥᠭᠵᠢᠯ ᠦᠭᠡᠢ ᠤᠯᠠᠷᠢᠯ  ᠳᠤ ᠣᠷᠣᠰᠢᠵᠤ ᠪᠠᠶᠢᠬᠤ  ᠠᠴᠠ ᠪᠣᠯᠤᠭᠰᠠᠨ ᠶᠤᠮ᠂ ᠨᠥᠭᠦᠭᠡ ᠲᠠᠯ᠎ᠠ ᠪᠠᠷ ᠵᠠᠬ᠎ᠠ ᠳᠡᠯᠭᠡᠭᠦᠷ ᠤᠨ ᠪᠠᠶᠢᠳᠠᠯ  ᠨᠢ ᠭᠠᠭ᠋ᠠᠢ ᠶᠢᠨ ᠲᠤᠭ᠎ᠠ ᠶᠢᠨ ᠪᠦᠲᠦᠴᠡ᠂ ᠵᠠᠷᠤᠴᠠᠭᠤᠯᠤᠯᠲᠠ ᠳᠤ ᠤᠷᠤᠭᠤᠯᠬᠤ ᠠᠶᠢᠵᠠᠮ ᠪᠠ ᠭᠠᠭ᠋ᠠᠢ ᠶᠢᠨ ᠦᠨ᠎ᠡ ᠳᠤ ᠣᠬᠤᠷ ᠬᠤᠭᠤᠴᠠᠭᠠᠨ ᠳᠤ ᠨᠡᠯᠢᠶᠡᠳ ᠶᠡᠭᠡ ᠨᠥᠯᠥᠭᠡ ᠲᠠᠢ ᠪᠠᠶᠢᠬᠤ ᠶᠢ ᠬᠠᠷᠠᠭᠤᠯᠵᠤ ᠪᠠᠶᠢᠨ᠎ᠠ ︾ ᠭᠡᠵᠦ ᠵᠦ ᠽᠧᠩ ᠶᠦᠩ ᠬᠡᠯᠡᠪᠡ ᠃      ᠲᠤᠰᠬᠠᠢ ᠮᠡᠷᠭᠡᠵᠢᠯᠲᠡᠨ ᠤ ᠲᠠᠶᠢᠯᠪᠤᠷᠢᠯᠠᠭᠰᠠᠨ ᠢᠶᠠᠷ᠂ 2 ᠰᠠᠷ᠎ᠠ ᠶᠢᠨ ᠳᠤᠮᠳᠠᠴᠢ ᠪᠠ 4 ᠰᠠᠷ᠎ᠠ ᠶᠢᠨ 20 ᠤ ᠡᠳᠦᠷ ᠠᠴᠠ ᠰᠡᠭᠦᠯᠡᠷ ᠭᠠᠭ᠋ᠠᠢ ᠶᠢᠨ ᠦᠨ᠎ᠡ ᠳᠠᠬᠢᠨ ᠥᠰᠦᠭᠰᠡᠨ ᠤ ᠰᠢᠯᠲᠠᠭᠠᠨ ᠨᠢ ᠭᠤᠣᠯᠳᠠᠭᠤ ᠳᠣᠣᠷᠠᠬᠢ ᠬᠡᠳᠦᠨ ᠲᠠᠯ᠎ᠠ ᠪᠣᠯᠣᠨ᠎ᠠ᠃ ᠨᠢᠭᠡ ᠳᠤ ᠦᠢᠯᠡᠳᠪᠦᠷᠢᠯᠡᠯ ᠠᠮᠢᠳᠤᠷᠠᠯ ᠤᠨ ᠡᠮᠬᠢ ᠵᠢᠷᠤᠮ ᠬᠡᠪ ᠤᠨ ᠪᠠᠶᠢᠳᠠᠯ ᠳᠠᠭᠠᠨ ᠣᠷᠣᠭᠰᠠᠨ ᠤ ᠳᠠᠷᠠᠭ᠎ᠠ ᠭᠠᠭ᠋ᠠᠢ  ᠶᠢᠨ ᠮᠢᠬᠠᠨ ᠤ ᠬᠡᠷᠡᠭᠯᠡᠭᠡ ᠳᠤ ᠣᠬᠤᠷ ᠬᠤᠭᠤᠴᠠᠭᠠᠨ ᠤ  ᠬᠠᠷᠢᠭᠤ ᠠᠪᠬᠤ ᠴᠢᠨᠠᠷᠲᠠᠢ ᠪᠣᠴᠠᠯᠲᠠ ᠪᠠ ᠪᠠᠶᠠᠷ ᠳᠤᠷᠠᠰᠬᠠᠯ ᠤᠨ ᠡᠳᠦᠷ ᠤᠨ ᠨᠦᠯᠦᠭᠡᠯᠡᠯ ᠤᠨ ᠲᠠᠶᠢᠴᠢᠯᠠᠯ ᠠᠴᠠ ᠪᠣᠯᠵᠠᠢ᠃ ᠴᠠᠭᠠᠨ ᠰᠠᠷ᠎ᠠ  ᠠᠴᠠ ᠰᠡᠭᠦᠯᠡᠷ ᠨᠡᠶᠢᠭᠡᠮ ᠤᠨ ᠢᠳᠡᠭᠡᠨ ᠤᠮᠳᠠᠭᠠᠨ᠂ ᠪᠦᠯᠬᠦᠮ ᠨᠡᠶᠢᠲᠡ  ᠶᠢᠨ ᠬᠡᠷᠡᠭᠯᠡᠭᠡ ᠠᠯᠬᠤᠮ ᠠᠯᠬᠤᠮ ᠢᠶᠠᠷ ᠨᠡᠮᠡᠭᠳᠡᠵᠦ᠂ ᠲᠠᠪᠤᠨ ᠰᠠᠷ᠎ᠠ  ᠶᠢᠨ ᠨᠢᠭᠡᠨ ᠤ ᠠᠮᠠᠷᠠᠯᠲᠠ   ᠶᠢᠨ ᠬᠤᠭᠤᠴᠠᠭᠠᠨ ᠳᠤ ᠪᠠᠷᠠᠭ᠎ᠠ ᠪᠡᠯᠡᠳᠬᠡᠬᠦ ᠬᠡᠷᠡᠭᠴᠡᠭᠡ  ᠶᠢ ᠨᠡᠮᠡᠭᠳᠡᠭᠦᠯᠵᠦ᠂ ᠭᠠᠭ᠋ᠠᠢ  ᠶᠢᠨ ᠮᠢᠬᠠᠨ ᠤ ᠬᠡᠷᠡᠭᠯᠡᠭᠡ ᠨᠢᠳᠤᠨᠤᠨ ᠤ ᠠᠳᠠᠯᠢ ᠬᠤᠭᠤᠴᠠᠭᠠᠨ  ᠠᠴᠠ ᠰᠠᠶᠢᠨ ᠪᠣᠯᠵᠤ᠂ ᠭᠠᠭ᠋ᠠᠢ  ᠶᠢᠨ ᠦᠨ᠎ᠡ  ᠶᠢ ᠳᠠᠬᠢᠨ ᠥᠰᠬᠡᠬᠦ ᠪᠠᠶᠢᠳᠠᠯ ᠲᠠᠢ ᠪᠣᠯᠭᠠᠵᠠᠢ᠃ ᠭᠡᠪᠡᠴᠦ᠂ ᠪᠠᠶᠠᠷ ᠤᠨ ᠳᠠᠷᠠᠭᠠᠬᠢ ᠭᠠᠭ᠋ᠠᠢ ᠶᠢᠨ ᠮᠢᠬᠠᠨ ᠤ ᠬᠡᠷᠡᠭᠯᠡᠭᠡᠨ ᠤ ᠬᠡᠷᠡᠭᠴᠡᠭᠡ ᠶᠡᠷᠦᠩᠬᠡᠢ ᠳᠡᠭᠡᠨ ᠬᠥᠭᠵᠢᠯ ᠦᠭᠡᠢ ᠤᠯᠠᠷᠢᠯ ᠳᠤ ᠣᠷᠣᠰᠢᠵᠤ᠂ ᠡᠭᠦᠨ ᠤ ᠵᠡᠷᠭᠡ ᠳᠤ ᠭᠠᠭ᠋ᠠᠢ ᠶᠢᠨ ᠮᠢᠬᠠᠨ ᠤ  ᠵᠠᠷᠤᠴᠠᠭᠤᠯᠤᠯᠲᠠ ᠳᠤ ᠤᠷᠤᠭᠤᠯᠬᠤ ᠬᠦᠨᠳᠦ ᠶᠢᠨ ᠬᠡᠮᠵᠢᠶ᠎ᠡ ᠮᠥᠨ ᠬᠦ ᠨᠡᠯᠢᠶᠡᠳ ᠥᠨᠳᠥᠷ ᠲᠦᠪᠰᠢᠨ ᠳᠤ ᠣᠷᠣᠰᠢᠵᠤ ᠪᠠᠶᠢᠭ᠎ᠠ ᠪᠣᠯᠬᠤᠷ ᠭᠠᠭ᠋ᠠᠢ ᠶᠢᠨ ᠦᠨ᠎ᠡ ᠶᠢᠨ ᠳᠠᠬᠢᠨ ᠥᠰᠬᠦ ᠬᠡᠮᠵᠢᠶ᠎ᠡ ᠨᠡᠯᠢᠶᠡᠳ ᠪᠠᠭ᠎ᠠ ᠪᠠᠶᠢᠨ᠎ᠠ᠃ ᠬᠤᠶᠠᠷ ᠲᠤ ᠬᠠᠰᠢᠶ᠎ᠠ ᠳᠤ ᠪᠠᠨ ᠳᠠᠷᠤᠵᠤ ᠬᠤᠳᠠᠯᠳᠤᠬᠤ ᠪᠠᠨ ᠬᠠᠶᠢᠷᠠᠯᠠᠬᠤ ᠪᠠ ᠬᠤᠶᠠᠳᠠᠭᠢ ᠤᠳᠠᠭ᠎ᠠ ᠪᠣᠷᠳᠣᠵᠤ ᠲᠠᠷᠭᠤᠯᠠᠭᠤᠯᠬᠤ ᠶᠠᠪᠤᠳᠠᠯ ᠡᠳᠦᠢ ᠲᠡᠳᠦᠢ ᠨᠡᠮᠡᠭᠳᠡᠪᠡ ᠃ ᠬᠡᠳᠦᠶᠢᠪᠡᠷ ᠡᠨᠡ ᠵᠢᠯ ᠠᠴᠠ ᠨᠠᠰᠢ ᠭᠠᠭ᠋ᠠᠢ ᠶᠢᠨ ᠦᠨ᠎ᠡ ᠬᠠᠩᠰᠢ ᠮᠠᠭᠤᠳᠠᠭᠰᠠᠨ ᠪᠣᠯᠪᠠᠴᠤ ᠲᠡᠵᠢᠭᠡᠨ ᠦᠷᠡᠵᠢᠭᠦᠯᠬᠦ ᠲᠠᠯᠠᠪᠠᠶ ᠪᠠ ᠡᠷᠦᠬᠡ ᠨᠡᠶᠢᠳᠡᠮ ᠳᠡᠭᠡᠨ ᠳᠣᠣᠷ᠎ᠠ ᠬᠠᠭᠠᠰ ᠵᠢᠯ ᠤᠨ ᠦᠨ᠎ᠡ ᠬᠠᠩᠰᠢ ᠶᠢᠨ ᠪᠠᠶᠢᠳᠠᠯ ᠢ ᠰᠠᠶᠢᠨ ᠭᠡᠵᠦ ᠦᠵᠡᠵᠦ᠂  ᠬᠠᠰᠢᠶᠠᠯᠠᠭ᠎ᠠ ᠨᠥᠬᠦᠪᠦᠷᠢᠯᠡᠬᠦ ᠢᠳᠡᠪᠬᠢᠵᠢᠯ ᠢᠯᠡᠳᠲᠡ ᠴᠢᠩᠭᠠᠷᠠᠪᠠ᠃ ᠲᠣᠷᠣᠢ ᠶᠢᠨ ᠦᠨ᠎ᠡ 2 ᠰᠠᠷ᠎ᠠ ᠶᠢᠨ 2 ᠳ᠋ᠤᠭᠠᠷ ᠭᠠᠷᠠᠭ ᠠᠴᠠ ᠡᠬᠢᠯᠡᠨ ᠥᠰᠴᠦ᠂ 4 ᠰᠠᠷ᠎ᠠ ᠶᠢᠨ 3 ᠳ᠋ᠤᠭᠠᠷ ᠭᠠᠷᠠᠭ ᠲᠤ ᠪᠥᠬᠦ ᠤᠯᠤᠰ ᠤᠨ ᠲᠣᠷᠣᠢ ᠺᠢᠯᠣᠭ᠍ᠷᠠᠮ ᠪᠦᠷᠢ ᠳᠡᠭᠡᠨ 36.52 ᠲᠥᠭᠦᠷᠢᠭ ᠬᠦᠷᠴᠦ᠂ ᠠᠳᠠᠯᠢ ᠬᠤᠭᠤᠴᠠᠭᠠᠨ ᠤ ᠬᠢ ᠠᠴᠠ 39.2 % ᠥᠰᠴᠡᠢ᠃ ᠵᠠᠷᠤᠴᠠᠭᠤᠯᠤᠯᠳᠠ ᠠᠯᠭᠤᠷᠯᠠᠬᠤ ᠪᠠ ᠬᠤᠶᠠᠳᠠᠭᠢ ᠤᠳᠠᠭ᠎ᠠ ᠪᠣᠷᠳᠣᠵᠤ ᠲᠠᠷᠭᠤᠯᠠᠭᠤᠯᠬᠤ ᠤᠷᠮ᠎ᠠ ᠵᠣᠷᠢᠭ ᠨᠡᠮᠡᠭᠳᠡᠭᠰᠡᠨ ᠠᠴᠠ᠂ 2 ᠰᠠᠷ᠎ᠠ ᠪᠠ 3 ᠰᠠᠷ᠎ᠠ ᠳᠤ᠂ ᠪᠥᠬᠦ ᠤᠯᠤᠰ ᠤᠨ ᠬᠡᠪᠴᠢᠶᠡᠲᠦ ᠭᠠᠭ᠋ᠠᠢ ᠶᠢᠨ ᠲᠠᠯᠠᠪᠠᠶ ᠶᠢᠨ ᠬᠤᠳᠠᠯᠳᠤᠨ ᠣᠷᠣᠭᠤᠯᠤᠭᠰᠠᠨ ᠳᠤᠮᠳᠠ ᠵᠡᠷᠭᠡ ᠶᠢᠨ ᠲᠣᠮᠣ ᠭᠠᠭ᠋ᠠᠢ ᠶᠢᠨ ᠲᠤᠭ᠎ᠠ 2 ᠰᠠᠷ᠎ᠠ ᠳᠠᠷᠠᠭᠠᠯᠠᠨ ᠨᠡᠮᠡᠭᠳᠡᠪᠡ᠃ ᠵᠠᠪᠰᠢᠨ ᠳᠠᠯᠢᠮᠳᠠᠭᠤᠯᠬᠤ ᠪᠤᠳᠤᠯ ᠲᠠᠬᠢᠨ ᠳᠡᠭᠳᠡᠵᠦ ᠂ ᠬᠠᠩᠭᠠᠯᠭ᠎ᠠ ᠶᠢᠨ ᠳᠠᠷᠤᠯᠲᠠ ᠶᠢ ᠵᠣᠬᠢᠬᠤ ᠬᠡᠮᠵᠢᠶ᠎ᠡ ᠪᠠᠷ ᠬᠥᠩᠭᠡᠷᠡᠭᠦᠯᠵᠦ ᠂ ᠭᠠᠭ᠋ᠠᠢ ᠶᠢᠨ ᠦᠨ᠎ᠡ ᠶᠢ ᠲᠤᠯᠭᠠᠭᠤᠷᠢᠯᠠᠭᠰᠠᠨ ᠪᠠᠶᠢᠨ᠎ᠠ ᠃ ᠡᠭᠦᠨ ᠤ ᠵᠡᠷᠭᠡ ᠳᠤ᠂ ᠣᠳᠣᠬᠠᠨ ᠳᠤ ᠣᠯᠠᠨ ᠤᠯᠤᠰ ᠤᠨ ᠵᠠᠬ᠎ᠠ ᠳᠡᠯᠭᠡᠭᠦᠷ ᠤᠨ ᠭᠠᠭ᠋ᠠᠢ ᠶᠢᠨ ᠮᠢᠬ᠎ᠠ ᠶᠢᠨ ᠦᠨ᠎ᠡ ᠨᠡᠯᠢᠶᠡᠳ ᠥᠨᠳᠥᠷ ᠲᠦᠪᠰᠢᠨ ᠳᠤ ᠣᠷᠣᠰᠢᠵᠤ᠂ ᠤᠯᠤᠰ ᠤᠨ ᠳᠣᠲᠣᠭᠠᠳᠤ ᠶᠢᠨ ᠬᠥᠯᠳᠡᠭᠡᠭᠰᠡᠨ ᠢᠳᠡᠭᠡᠨ ᠤ ᠬᠥᠮᠥᠷᠭᠡ ᠶᠢᠨ ᠬᠠᠳᠠᠭᠠᠯᠠᠯᠲᠠ ᠪᠠᠭᠤᠷᠠᠭᠰᠠᠨ ᠠᠴᠠ ᠪᠣᠯᠵᠤ ᠢᠳᠡᠭᠡᠨ ᠤᠮᠳᠠᠭᠠᠨ ᠤ ᠬᠡᠷᠡᠭᠯᠡᠭᠡᠨ ᠤ ᠬᠡᠷᠡᠭᠴᠡᠭᠡ ᠨᠡᠮᠡᠭᠳᠡᠵᠦ᠂ ᠤᠯᠤᠰ ᠤᠨ ᠳᠣᠲᠣᠭᠠᠳᠤ ᠶᠢᠨ ᠠᠯᠠᠵᠤ ᠨᠢᠲᠤᠯᠵᠤ ᠪᠣᠯᠪᠠᠰᠤᠷᠠᠭᠤᠯᠬᠤ ᠠᠵᠤ ᠠᠬᠤᠶᠢᠯᠠᠯ ᠤᠨ ᠭᠠᠭ᠋ᠠᠢ ᠶᠢᠨ ᠦᠨ᠎ᠡ ᠺᠢᠯᠣᠭ᠍ᠷᠠᠮ ᠪᠦᠷᠢ ᠳᠡᠭᠡᠨ 15 ᠲᠥᠭᠦᠷᠢᠭ ᠠᠴᠠ ᠳᠣᠣᠷ᠎ᠠ ᠪᠣᠯᠬᠤ ᠦᠶ᠎ᠡ ᠳᠤ ᠰᠢᠨ᠎ᠡ ᠮᠢᠬ᠎ᠠ ᠶᠢ ᠬᠥᠯᠳᠡᠭᠡᠭᠰᠡᠨ ᠮᠢᠬ᠎ᠠ ᠪᠣᠯᠭᠠᠨ ᠪᠣᠯᠪᠠᠰᠤᠷᠠᠭᠤᠯᠬᠤ ᠬᠡᠮᠵᠢᠶ᠎ᠡ ᠶᠢ ᠨᠡᠮᠡᠭᠳᠡᠭᠦᠯᠵᠡᠢ᠂ ᠡᠶᠢᠮᠦ ᠠᠴᠠ 2 ᠰᠠᠷ᠎ᠠ ᠪᠠ 4 ᠰᠠᠷ᠎ᠠ ᠳᠤ ᠰᠢᠨ᠎ᠡ ᠮᠢᠬ᠎ᠠ ᠶᠢ ᠬᠥᠯᠳᠡᠭᠡᠭᠰᠡᠨ ᠮᠢᠬ᠎ᠠ ᠪᠣᠯᠭᠠᠨ ᠪᠣᠯᠪᠠᠰᠤᠷᠠᠭᠤᠯᠬᠤ ᠬᠡᠮᠵᠢᠶ᠎ᠡ ᠴᠥᠮ ᠡᠳᠦᠢ ᠲᠡᠳᠦᠢ ᠳᠡᠭᠡᠭᠰᠢᠯᠡᠵᠡᠢ᠃      ᠵᠠᠬ᠎ᠠ ᠳᠡᠯᠭᠡᠭᠦᠷ ᠶᠢᠨ ᠬᠠᠨᠳᠤᠰᠢ ᠶᠠᠮᠠᠷ ᠪᠠᠶᠢᠳᠠᠯ ᠲᠠᠢ ᠪᠤᠢ ︖ ᠤᠷᠢᠳ ᠢᠶᠠᠷ ᠠᠮᠢᠳᠤ ᠭᠠᠭ᠋ᠠᠢ ᠶᠢᠨ ᠦᠢᠯᠡᠳᠪᠦᠷᠢᠯᠡᠬᠦ ᠴᠢᠳᠠᠪᠤᠷᠢ ᠶᠢ ᠦᠵᠡᠪᠡᠯ ᠂ 3 ᠰᠠᠷ᠎ᠠ ᠶᠢᠨ ᠰᠡᠭᠦᠯᠴᠢ ᠪᠠᠷ᠂ ᠪᠥᠬᠦ ᠤᠯᠤᠰ ᠤᠨ ᠦᠷᠡᠵᠢᠯ ᠤᠨ ᠴᠢᠳᠠᠪᠤᠷᠢ ᠲᠠᠢ ᠮᠡᠭᠡᠵᠢ ᠶᠢᠨ ᠲᠤᠭ᠎ᠠ 4305 ᠲᠦᠮᠡ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 2.9 % ᠪᠠᠷ ᠨᠡᠮᠡᠭᠳᠡᠨ᠂ ᠲᠦᠷᠦᠭᠦᠸ ᠬᠤᠭᠤᠴᠠᠭᠠᠨ ᠤ ᠬᠢ ᠠᠴᠠ 0.9 % ᠪᠠᠷ ᠪᠠᠭᠤᠷᠠᠵᠤ᠂ 4100 ᠲᠦᠮᠡᠨ ᠭᠠᠭ᠋ᠠᠢ ᠶᠢᠨ ᠬᠡᠪ ᠤᠨ ᠬᠠᠳᠠᠭᠠᠯᠠᠯᠲᠠ ᠶᠢᠨ ᠬᠡᠮᠵᠢᠶ᠎ᠡ ᠶᠢᠨ 105 % ᠲᠠᠢ ᠲᠡᠩᠴᠡᠵᠦ᠂ ᠦᠢᠯᠡᠳᠪᠦᠷᠢᠯᠡᠬᠦ ᠴᠢᠳᠠᠪᠤᠷᠢ ᠶᠢ ᠲᠣᠬᠢᠷᠠᠭᠤᠯᠤᠨ ᠡᠵᠡᠮᠳᠡᠬᠦ ᠪᠣᠬᠢᠷᠲᠤᠯ ᠦᠭᠡᠢ ᠵᠦᠢ ᠵᠣᠬᠢᠰᠲᠠᠢ ᠣᠷᠣᠨ ᠪᠦᠰᠡ ᠶᠢᠨ ᠰᠦᠯᠵᠢᠶᠡᠨ ᠳᠤ ᠣᠷᠣᠭᠰᠠᠨ ᠪᠠᠶᠢᠨ᠎ᠠ᠃ ᠰᠢᠨ᠎ᠡ ᠪᠠᠷ ᠪᠣᠶ ᠪᠣᠯᠤᠭᠰᠠᠨ ᠲᠣᠷᠣᠢ ᠶᠢᠨ ᠲᠤᠭ᠎ᠠ ᠠᠴᠠ ᠦᠵᠡᠪᠡᠯ᠂ ᠨᠢᠳᠤᠨᠤᠨ ᠤ 10 ᠰᠠᠷ᠎ᠠ ᠠᠴᠠ ᠡᠨᠡ ᠵᠢᠯ ᠤᠨ 3 ᠰᠠᠷ᠎ᠠ ᠪᠣᠯᠲᠠᠯ᠎ᠠ ᠪᠥᠬᠦ ᠤᠯᠤᠰ ᠤᠨ ᠰᠢᠨ᠎ᠡ ᠪᠠᠷ ᠪᠣᠶ ᠪᠣᠯᠤᠭᠰᠠᠨ ᠲᠣᠷᠣᠢ ᠶᠢᠨ ᠲᠤᠭ᠎ᠠ ᠠᠳᠠᠯᠢ ᠬᠤᠭᠤᠴᠠᠭᠠᠨ ᠤ ᠬᠢ ᠠᠴᠠ ᠨᠡᠮᠡᠭᠳᠡᠵᠦ᠂ ᠢᠷᠡᠬᠦ ᠬᠠᠭᠠᠰ ᠵᠢᠯ ᠳᠤ ᠭᠠᠭ᠋ᠠᠢ ᠶᠢᠨ ᠵᠠᠷᠤᠴᠠᠭᠤᠯᠤᠯᠲᠠ ᠳᠤ ᠤᠷᠤᠭᠤᠯᠬᠤ ᠲᠤᠭ᠎ᠠ ᠲᠣᠭᠲᠠᠭᠤᠨ ᠢᠶᠠᠷ ᠨᠡᠮᠡᠭᠳᠡᠬᠦ ᠶᠢ ᠪᠠᠲᠤᠯᠠᠵᠤ ᠪᠠᠶᠢᠨ᠎ᠠ᠃ ᠳᠤᠮᠳᠠ᠂ ᠲᠣᠮᠤ ᠵᠡᠷᠭᠡ ᠶᠢᠨ ᠭᠠᠭ᠋ᠠᠢ ᠠᠴᠠ ᠠᠪᠴᠤ ᠦᠵᠡᠪᠡᠯ᠂ 3 ᠰᠠᠷ᠎ᠠ  ᠶᠢᠨ ᠰᠡᠭᠦᠯᠴᠢ ᠪᠠᠷ ᠪᠦᠬᠦ ᠤᠯᠤᠰ ᠤᠨ ᠬᠡᠪᠴᠢᠶᠡᠲᠦ ᠭᠠᠭ᠋ᠠᠢ  ᠶᠢᠨ ᠲᠠᠯᠠᠪᠠᠶ  ᠶᠢᠨ ᠳᠤᠮᠳᠠ ᠂ ᠲᠣᠮᠤ ᠵᠡᠷᠭᠡ ᠶᠢᠨ ᠭᠠᠭ᠋ᠠᠢ ᠶᠢᠨ ᠲᠤᠭ᠎ᠠ 2 ᠰᠠᠷ᠎ᠠ ᠳᠠᠷᠠᠭᠠᠯᠠᠨ ᠴᠠᠭᠠᠷᠢᠭ ᠬᠠᠷᠢᠴᠠᠯ ᠪᠣᠯᠤᠨ ᠠᠳᠠᠯᠢ ᠬᠤᠭᠤᠴᠠᠭᠠᠨ  ᠠᠴᠠ ᠨᠡᠮᠡᠭᠳᠡᠵᠦ᠂ ᠬᠠᠰᠢᠶᠠᠯᠠᠵᠤ ᠪᠠᠶᠢᠭ᠎ᠠ ᠲᠣᠮᠤ ᠵᠡᠷᠭᠡ ᠶᠢᠨ ᠭᠠᠭ᠋ᠠᠢ 5 ᠰᠠᠷ᠎ᠠ  ᠠᠴᠠ ᠡᠬᠢᠯᠡᠨ  ᠵᠠᠯᠭᠠᠭ᠎ᠠ ᠪᠠᠷ ᠵᠠᠷᠤᠴᠠᠭᠤᠯᠤᠯᠲᠠ ᠳᠤ ᠣᠷᠤᠬᠤ ᠪᠤᠯᠤᠨ᠎ᠠ᠂ ᠡᠨᠡ ᠨᠢ ᠣᠬᠤᠷ ᠬᠤᠭᠤᠴᠠᠭᠠᠨ ᠤ ᠭᠠᠭ᠋ᠠᠢ  ᠶᠢᠨ ᠦᠨ᠎ᠡ ᠠᠭᠠᠵᠢᠮ ᠢᠶᠠᠷ ᠥᠰᠴᠦ᠂ ᠶᠡᠭᠡ ᠬᠡᠮᠵᠢᠶ᠎ᠡ ᠪᠠᠷ ᠥᠰᠬᠦ ᠪᠣᠯᠣᠯᠴᠠᠭ᠎ᠠ ᠶᠡᠭᠡ ᠪᠢᠰᠢ ᠭᠡᠳᠡᠭ  ᠢ ᠬᠠᠷᠠᠭᠤᠯᠵᠤ ᠪᠠᠶᠢᠨ᠎ᠠ᠃ ᠳᠠᠬᠢᠭᠠᠳ ᠭᠠᠭ᠋ᠠᠢ ᠶᠢᠨ ᠮᠢᠬ᠎ᠠ ᠶᠢᠨ ᠬᠡᠷᠡᠭᠯᠡᠭᠡ ᠠᠴᠠ ᠦᠵᠡᠪᠡᠯ᠂ ᠬᠢᠵᠢᠭ ᠤᠨ ᠪᠠᠶᠢᠳᠠᠯ ᠤᠨ ᠳᠠᠷᠠᠭ᠎ᠠ ᠭᠠᠭ᠋ᠠᠢ ᠶᠢᠨ ᠮᠢᠬ᠎ᠠ ᠶᠢᠨ ᠬᠡᠷᠡᠭᠯᠡᠭᠡ ᠶᠢᠨ ᠬᠠᠷᠢᠭᠤ ᠠᠪᠬᠤ ᠴᠢᠨᠠᠷ ᠪᠣᠴᠠᠯᠲᠠ ᠶᠢᠨ ᠳᠠᠷᠠᠭ᠎ᠠ᠂ ᠤᠯᠠᠷᠢᠯ ᠤᠨ ᠴᠢᠨᠠᠷᠲᠠᠢ ᠨᠡᠮᠡᠭᠳᠡᠯ ᠪᠠ ᠰᠡᠷᠭᠦᠯᠲᠡ ᠶᠢᠨ ᠱᠠᠲᠤᠨ ᠳᠤ ᠢᠳᠡᠭ ᠢᠳᠡᠭ ᠢᠶᠠᠷ ᠰᠢᠯᠵᠢᠨ ᠣᠷᠣᠵᠤ᠂ ᠬᠡᠷᠡᠭᠯᠡᠭᠡᠨ ᠤ ᠬᠡᠷᠡᠭᠴᠡᠭᠡ ᠤᠯᠠᠮ ᠢᠶᠠᠷ ᠰᠠᠶᠢᠵᠢᠷᠠᠵᠤ᠂ ᠭᠠᠭ᠋ᠠᠢ ᠶᠢᠨ ᠦᠨ᠎ᠡ ᠶᠢᠨ ᠦᠷᠭᠦᠯᠵᠢᠯᠡᠨ  ᠠᠭᠠᠵᠢᠮ ᠢᠶᠠᠷ ᠥᠰᠬᠦ ᠶᠢ ᠲᠤᠯᠭᠠᠭᠤᠷᠢᠯᠠᠬᠤ ᠪᠣᠯᠣᠮᠵᠢ ᠲᠠᠢ ᠪᠠᠶᠢᠨ᠎ᠠ᠃ ᠭᠠᠳᠠᠭᠠᠳᠤ ᠠᠴᠠ ᠣᠷᠣᠭᠤᠯᠤᠭᠰᠠᠨ ᠭᠠᠭ᠋ᠠᠢ ᠶᠢᠨ ᠮᠢᠬ᠎ᠠ ᠶᠢ ᠦᠵᠡᠪᠡᠯ᠂ ᠡᠨᠡ ᠵᠢᠯ ᠤᠨ 1 ᠰᠠᠷ᠎ᠠ ᠠᠴᠠ 3 ᠰᠠᠷ᠎ᠠ ᠪᠣᠯᠲᠠᠯ᠎ᠠ ᠭᠠᠳᠠᠭᠠᠳᠤ ᠠᠴᠠ ᠣᠷᠣᠭᠤᠯᠤᠭᠰᠠᠨ ᠭᠠᠭ᠋ᠠᠢ ᠶᠢᠨ ᠮᠢᠬ᠎ᠠ 53 ᠲᠦᠮᠡᠨ ᠲᠣᠨ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 27.7 % ᠪᠠᠷ ᠨᠡᠮᠡᠭᠳᠡᠵᠡᠢ᠃ ᠵᠦ ᠽᠧᠩ ᠶᠦᠩ ᠤᠨ ᠵᠢᠱᠢᠬᠦ ᠪᠠᠷ᠂ ᠬᠤᠶᠠᠳᠤᠭᠠᠷ ᠤᠯᠠᠷᠢᠯ ᠳᠤ ᠪᠥᠬᠦ ᠤᠯᠤᠰ ᠤᠨ ᠭᠠᠭ᠋ᠠᠢ  ᠶᠢᠨ ᠦᠨ᠎ᠡ ᠦᠷᠭᠦᠯᠵᠢᠯᠡᠨ ᠠᠭᠠᠵᠢᠮ ᠢᠶᠠᠷ ᠥᠰᠴᠦ᠂ ᠳᠣᠣᠷ᠎ᠠ ᠬᠠᠭᠠᠰ ᠵᠢᠯ ᠳᠤ ᠢᠳᠡᠭ ᠢᠳᠡᠭ  ᠢᠶᠠᠷ ᠰᠠᠶᠢᠵᠢᠷᠠᠵᠤ᠂ ᠪᠥᠬᠦ ᠵᠢᠯ ᠤᠨ ᠭᠠᠭ᠋ᠠᠢ  ᠶᠢᠨ ᠦᠨ᠎ᠡ ᠶᠡᠭᠡ ᠪᠠᠷ ᠬᠡᠯᠪᠡᠯᠵᠡᠬᠦ ᠣᠨᠴᠠᠯᠢᠭ ᠢᠯᠡᠷᠡᠬᠦ ᠪᠣᠯᠣᠨ᠎ᠠ᠃ ᠬᠡᠷᠪᠡ ᠬᠠᠰᠢᠶ᠎ᠠ ᠳᠤ ᠪᠠᠨ ᠳᠠᠷᠤᠵᠤ ᠪᠣᠷᠳᠤᠵᠤ ᠲᠠᠷᠭᠤᠯᠠᠭᠤᠯᠬᠤ ᠪᠠ ᠬᠤᠶᠠᠳᠠᠭᠢ ᠤᠳᠠᠭ᠎ᠠ ᠪᠣᠷᠳᠣᠵᠤ ᠲᠠᠷᠭᠤᠯᠠᠭᠤᠯᠬᠤ ᠪᠠᠶᠢᠳᠠᠯ  ᠢ ᠪᠣᠳᠣᠯᠬᠢᠯᠠᠬᠤ ᠦᠭᠡᠢ ᠪᠣᠯ 6 ᠰᠠᠷ᠎ᠠ ᠳᠤ ᠭᠠᠭ᠋ᠠᠢ ᠲᠡᠵᠢᠭᠡᠨ ᠦᠷᠡᠵᠢᠭᠦᠯᠬᠦ ᠠᠵᠢᠯ ᠨᠢ ᠠᠰᠢᠭ ᠣᠯᠵᠠᠪᠤᠷᠢ ᠣᠯᠬᠤ ᠬᠡᠪᠴᠢᠶᠡᠨ ᠳᠤ ᠳᠠᠬᠢᠨ ᠣᠷᠣᠬᠤ ᠪᠣᠯᠣᠨ᠎ᠠ᠃ ᠣᠳᠣᠬᠠᠨ ᠳᠤ ᠭᠠᠭ᠋ᠠᠢ ᠲᠡᠵᠢᠭᠡᠨ ᠦᠷᠡᠵᠢᠭᠦᠯᠬᠦ ᠳᠤ ᠪᠥᠬᠦ ᠠᠵᠢᠯ ᠲᠥᠷᠥᠯ ᠢᠶᠠᠷ ᠢᠶᠠᠨ ᠬᠤᠬᠢᠷᠠᠯ ᠲᠠᠢ ᠪᠠᠶᠢᠨ᠎ᠠ᠂ ᠵᠢᠱᠢᠯᠲᠡ ᠪᠠᠷ 2023 ᠣᠨ ᠳᠤ ᠲᠡᠵᠢᠭᠡᠨ ᠦᠷᠡᠵᠢᠭᠦᠯᠬᠦ ᠥᠪᠡᠷ ᠤᠨ ᠥᠷᠲᠡᠭ ᠡᠳᠦᠢ ᠲᠡᠳᠦᠢ ᠪᠠᠭᠤᠷᠠᠵᠤ᠂ ᠭᠠᠭ᠋ᠠᠢ ᠲᠡᠵᠢᠭᠡᠨ ᠦᠷᠡᠵᠢᠭᠦᠯᠬᠦ ᠦᠷ᠎ᠡ ᠠᠰᠢᠭ ᠬᠡᠪ ᠤᠨ ᠬᠢᠷᠢ ᠲᠦᠪᠰᠢᠨ ᠳᠤ ᠬᠦᠷᠬᠦ ᠪᠣᠯᠣᠨ᠎ᠠ᠃      ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ ᠥᠷᠭᠡᠨ ᠤᠯᠠᠨ ᠲᠡᠵᠢᠭᠡᠨ ᠦᠷᠡᠵᠢᠭᠦᠯᠬᠦ ᠲᠠᠯᠠᠪᠠᠢ ᠶᠢᠨ ᠡᠷᠦᠬᠡ ᠶᠢ ᠴᠠᠭ ᠲᠤᠬᠠᠢ ᠳᠤ  ᠨᠢ ᠪᠠᠶᠢᠳᠠᠯ ᠢ ᠨᠢ ᠦᠵᠡᠵᠦ ᠪᠠᠶᠢᠭᠠᠳ ᠵᠠᠷᠤᠴᠠᠭᠤᠯᠤᠯᠲᠠ ᠳᠤ ᠤᠷᠤᠭᠤᠯᠬᠤ ᠬᠡᠷᠡᠭᠲᠡᠢ ᠂ ᠮᠡᠭᠡᠵᠢ ᠶᠢ ᠶᠡᠭᠡ ᠬᠡᠮᠵᠢᠶ᠎ᠡ ᠪᠠᠷ ᠨᠥᠬᠦᠵᠦ ᠪᠣᠯᠬᠤ ᠦᠭᠡᠢ ᠂ ᠢᠯᠠᠩᠭᠤᠶ᠎ᠠ ᠦᠨ᠎ᠡ ᠬᠠᠩᠰᠢ ᠥᠰᠬᠦ ᠦᠶ᠎ᠡ ᠳᠤ ᠰᠣᠬᠤᠷ ᠪᠠᠯᠠᠢ ᠪᠠᠷ ᠵᠠᠷᠤᠴᠠᠭᠤᠯᠤᠯᠳᠠ ᠠᠯᠭᠤᠷᠯᠠᠬᠤ ᠪᠤᠶᠤ ᠬᠤᠶᠠᠳᠠᠭᠢ ᠤᠳᠠᠭ᠎ᠠ ᠪᠣᠷᠳᠣᠵᠤ ᠲᠠᠷᠭᠤᠯᠠᠭᠤᠯᠵᠤ ᠪᠣᠯᠬᠤ ᠦᠭᠡᠢ ᠃ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠠᠯᠪᠠᠨ ᠤ ᠲᠠᠯ᠎ᠠ  ᠶᠢᠨ ᠨᠡᠶᠢᠲᠡᠯᠡᠭᠰᠡᠨ ᠦᠷᠡᠵᠢᠯ ᠤᠨ ᠴᠢᠳᠠᠪᠤᠷᠢ ᠲᠠᠢ ᠮᠡᠭᠡᠵᠢ ᠶᠢᠨ ᠲᠤᠭ᠎ᠠ ᠲᠣᠯᠣᠭᠠᠢ ᠵᠡᠷᠭᠡ ᠰᠡᠷᠡᠮᠵᠢᠯᠡᠭᠦᠯᠬᠦ ᠮᠡᠳᠡᠭᠡ ᠵᠠᠩᠭᠢ  ᠶᠢ ᠴᠢᠩᠭ᠎ᠠ ᠠᠩᠬᠠᠷᠴᠤ᠂ ᠵᠠᠬ᠎ᠠ ᠳᠡᠯᠭᠡᠭᠦᠷ ᠤᠨ ᠵᠢᠱᠢᠯᠲᠡ ᠳᠤ ᠪᠤᠰᠤᠳᠴᠢ ᠪᠠᠷ᠂ ᠯᠠᠪᠳᠠᠭᠤᠨ ᠢᠶᠠᠷ ᠬᠠᠨᠳᠤᠬᠤ ᠬᠡᠷᠡᠭᠲᠡᠢ ᠭᠡᠵᠡᠢ᠃    
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号