ᠨᠢᠭᠡ᠂ ᠡᠷᠳᠡᠨᠢ ᠰᠢᠰᠢ ᠶᠢᠨ ᠡᠪᠡᠰᠦ ᠠᠷᠢᠯᠭᠠᠭᠴᠢ ᠡᠮ ᠢ ᠬᠡᠵᠢᠶ᠎ᠡ ᠰᠦᠷᠴᠢᠨ ᠣᠷᠣᠭᠤᠯᠪᠠᠯ ᠦᠷ᠎ᠡ ᠪᠦᠲᠦᠮᠵᠢ | ᠨᠢ ᠬᠠᠮᠤᠭ ᠰᠠᠶᠢᠨ ᠪᠣᠢ | ᠡᠷᠳᠡᠨᠢ ᠰᠢᠰᠢ ᠶᠢᠨ 3 - 5 ᠨᠠᠪᠴᠢᠯᠠᠬᠤ ᠦᠶ᠎ᠡ ᠪᠣᠯ ᠴᠢᠬᠢᠯᠡᠭᠰᠡᠨ ᠤ ᠳᠠᠷᠠᠭᠠᠬᠢ ᠡᠪᠡᠰᠦ ᠠᠷᠢᠯᠭᠠᠭᠴᠢ ᠶᠢ | ᠬᠡᠷᠡᠭᠯᠡᠬᠦ ᠬᠠᠮᠤᠭ ᠤᠨ ᠰᠠᠶᠢᠨ ᠴᠠᠭ ᠪᠣᠯᠣᠨ᠎ᠠ᠃ | ᠬᠡᠷᠪᠡ ᠳᠡᠩᠳᠡᠭᠦᠦ ᠡᠷᠲᠡ ᠡᠪᠡᠰᠦ ᠠᠷᠢᠯᠭᠠᠭᠴᠢ ᠶᠢ ᠬᠡᠷᠡᠭᠯᠡᠪᠡᠯ᠂ ᠲᠠᠷᠢᠶᠠᠨ ᠳᠠᠬᠢ ᠪᠤᠵᠠᠷ ᠡᠪᠡᠰᠦ ᠰᠠᠶ᠋ᠢ | ᠨᠠᠬᠢᠶᠠᠯᠠᠬᠤ ᠪᠤᠶᠤ ᠡᠬᠢᠯᠡᠵᠦ ᠨᠠᠪᠴᠢ ᠪᠠᠨ ᠳᠡᠯᠭᠡᠵᠦ᠂ ᠨᠠᠪᠴᠢᠨ ᠤ ᠲᠠᠯᠠᠪᠠᠢ ᠨᠢ ᠬᠢᠵᠠᠭᠠᠷ ᠲᠠᠢ᠂ ᠡᠪᠡᠰᠦ | ᠠᠷᠢᠯᠭᠠᠭᠴᠢ ᠶᠢᠨ ᠡᠮ ᠤᠨ ᠰᠢᠩᠭᠡᠨ ᠨᠢ ᠨᠠᠪᠴᠢᠨ ᠤ ᠢᠯᠲᠠᠰᠤᠨ ᠳᠤ ᠬᠦᠷᠴᠦ ᠳᠡᠶᠢᠯᠬᠦ ᠦᠭᠡᠢ ᠪᠣᠯᠬᠤᠷ ᠪᠤᠵᠠᠷ | ᠡᠪᠡᠰᠦ ᠶᠢᠨ ᠰᠢᠩᠭᠡᠬᠡᠨ ᠠᠪᠬᠤ ᠨᠢ ᠪᠠᠭ᠎ᠠ᠂ ᠠᠶᠠᠨᠳᠠᠭᠠᠨ ᠡᠪᠡᠰᠦ ᠠᠷᠢᠯᠭᠠᠬᠤ ᠦᠷ᠎ᠡ ᠳ᠋ᠦᠩ ᠨᠢ ᠮᠠᠭᠤ ᠪᠣᠯᠣᠨ᠎ᠠ᠃ | ᠬᠡᠷᠪᠡ ᠳᠡᠩᠳᠡᠭᠦᠦ ᠣᠷᠣᠢ ᠪᠣᠯᠪᠠᠯ᠂ ᠪᠤᠵᠠᠷ ᠡᠪᠡᠰᠦᠨ ᠤ ᠨᠠᠪᠴᠢᠨ ᠤ ᠲᠠᠯᠠᠪᠠᠢ ᠨᠢ ᠶᠡᠭᠡ ᠪᠣᠯᠪᠠᠴᠤ ᠪᠤᠵᠠᠷ | ᠡᠪᠡᠰᠦᠨ ᠤ ᠲᠡᠰᠪᠦᠷᠢᠯᠡᠬᠦ ᠴᠢᠨᠠᠷ ᠨᠢ ᠴᠢᠩᠭᠠᠷᠠᠵᠤ᠂ ᠡᠪᠡᠰᠦ ᠠᠷᠢᠯᠭᠠᠬᠤ ᠦᠷ᠎ᠡ ᠳ᠋ᠦᠩ ᠨᠢ ᠴᠦ ᠮᠠᠭᠤ ᠪᠣᠯᠣᠨ᠎ᠠ᠃ | ᠨᠥᠭᠦᠭᠡ ᠨᠢᠭᠡ ᠰᠢᠯᠲᠠᠭᠠᠨ ᠨᠢ ᠳᠠᠷᠤᠢ ᠡᠪᠡᠰᠦ ᠠᠷᠢᠯᠭᠠᠭᠴᠢ ᠡᠮ ᠤᠨ ᠬᠤᠣᠷᠳᠠᠯ ᠤᠨ ᠠᠰᠠᠭᠤᠳᠠᠯ ᠪᠣᠯᠣᠨ᠎ᠠ᠂ | ᠣᠳᠣᠬᠠᠨ ᠳᠤ ᠭᠤᠣᠯ ᠤᠷᠤᠰᠬᠠᠯ ᠪᠣᠯᠵᠤ ᠪᠠᠶᠢᠭ᠎ᠠ ᠴᠢᠬᠢ ᠭᠠᠷᠤᠭᠰᠠᠨ ᠤ ᠬᠤᠶᠢᠨᠠᠬᠢ ᠡᠪᠡᠰᠦ ᠠᠷᠢᠯᠭᠠᠭᠴᠢ ᠡᠮ | ᠪᠣᠯ ᠶᠠᠨ ᠮᠢ ᠬᠤᠸᠠᠩ ᠯᠦᠩ + ᠠᠽᠣᠲ ᠬᠤᠸᠠᠩ ᠼᠤᠤ ᠺᠧᠲ᠋ᠤᠨ + ᠰᠢᠦ ᠴᠢᠦᠢ ᠶᠢᠨ᠂ ᠡᠰᠡᠬᠦᠯ᠎ᠡ ᠠᠽᠣᠲ | ᠬᠤᠸᠠᠩ ᠼᠤᠤ ᠺᠧᠲ᠋ᠤᠨ + ᠡᠲ᠋ᠢᠯ ᠡᠪᠡᠰᠦᠨ ᠠᠮᠢᠨ + ᠰᠢᠦ ᠴᠢᠦᠢ ᠶᠢᠨ ᠭᠤᠷᠪᠠᠨ ᠡᠰᠢᠲᠦ ᠨᠡᠶᠢᠯᠡᠮᠡᠯ ᠨᠠᠶᠢᠷᠠᠯᠭ᠎ᠠ | ᠪᠣᠯᠤᠨ᠎ᠠ᠂ ᠡᠪᠡᠰᠦ ᠶᠢ ᠠᠯᠠᠬᠤ ᠮᠥᠷᠲᠡᠭᠡᠨ ᠭᠠᠵᠠᠷ ᠢ ᠪᠢᠲᠡᠭᠦᠮᠵᠢᠯᠡᠨ᠎ᠡ᠂ ᠮᠥᠨ ᠴᠦ ᠣᠳᠣᠬᠠᠨ ᠤ ᠬᠠᠮᠤᠭ ᠤᠨ ᠰᠠᠶᠢᠨ | ᠴᠢᠬᠢ ᠭᠠᠷᠤᠭᠰᠠᠨ ᠤ ᠬᠤᠶᠢᠨᠠᠬᠢ ᠡᠪᠡᠰᠦ ᠠᠷᠢᠯᠭᠠᠭᠴᠢ ᠡᠮ ᠪᠣᠯᠣᠨ᠎ᠠ᠃ | ᠡᠷᠳᠡᠨᠢ ᠰᠢᠰᠢ 5 ᠨᠠᠪᠴᠢ ᠨᠢᠭᠡ ᠭᠤᠣᠯᠯᠠᠬᠤ ᠠᠴᠠ ᠡᠮᠦᠨ᠎ᠡ᠂ 3 ᠨᠠᠪᠴᠢ ᠨᠢᠭᠡ ᠭᠤᠣᠯᠯᠠᠭᠰᠠᠨ ᠤ ᠳᠠᠷᠠᠭ᠎ᠠ᠂ | ᠡᠷᠳᠡᠨᠢ ᠰᠢᠰᠢ ᠶᠢᠨ ᠠᠶᠤᠯ ᠦᠭᠡᠢ ᠴᠢᠨᠠᠷ ᠨᠢ ᠬᠠᠮᠤᠭ ᠥᠨᠳᠥᠷ ᠪᠠᠶᠢᠳᠠᠭ᠃ ᠡᠨᠡ ᠦᠶᠡᠰ ᠶᠠᠨ ᠮᠢ ᠬᠤᠸᠠᠩ | ᠯᠦᠩ ᠡᠪᠡᠰᠦ ᠠᠷᠢᠯᠭᠠᠭᠴᠢ ᠡᠮ ᠢ ᠭᠡᠷᠡᠭᠯᠡᠪᠡᠯ ᠬᠠᠮᠤᠭ ᠰᠠᠶᠢᠨ᠃ ᠡᠨᠡ ᠬᠤᠭᠤᠴᠠᠭᠠᠨ ᠳᠤ ᠡᠷᠳᠡᠨᠢ ᠰᠢᠰᠢ ᠶᠢᠨ | ᠨᠠᠪᠴᠢ ᠨᠢ ᠭᠥᠯᠢᠭᠡᠷ ᠪᠥᠭᠡᠳ ᠴᠡᠯᠮᠡᠨ ᠦᠰᠦ ᠦᠭᠡᠢ᠂ ᠡᠷᠳᠡᠨᠢ ᠰᠢᠰᠢ 5 ᠨᠠᠪᠴᠢᠯᠠᠬᠤ ᠠᠴᠠ ᠡᠮᠦᠨ᠎ᠡ᠂ ᠲᠡᠭᠦᠨ ᠤ | ᠶᠡᠬᠡᠩᠬᠢ ᠬᠡᠰᠡᠭ ᠤᠨ ᠥᠰᠦᠯᠲᠡ ᠳᠤ ᠬᠡᠷᠡᠭᠰᠡᠬᠦ ᠰᠢᠮ᠎ᠡ ᠲᠡᠵᠢᠭᠡᠯ ᠨᠢ ᠡᠷᠳᠡᠨᠢ ᠰᠢᠰᠢ ᠶᠢᠨ ᠦᠷ᠎ᠡ ᠶᠢᠨ | ᠬᠦᠪᠦᠷᠡᠯ ᠠᠴᠠ ᠢᠷᠡᠯᠲᠡᠢ ᠪᠠᠶᠢᠵᠤ᠂ ᠡᠷᠳᠡᠨᠢ ᠰᠢᠰᠢ ᠶᠢᠨ ᠺᠧᠲ᠋ᠤᠨ ᠰᠢᠭᠦᠷᠡᠭᠦᠯᠵᠦ᠂ ᠶᠠᠨ ᠮᠢ ᠬᠤᠸᠠᠩ ᠯᠦᠩ ᠢ | ᠡᠰᠡᠷᠭᠦᠴᠡᠬᠦ ᠴᠢᠳᠠᠯ ᠡᠭᠦᠰᠬᠡᠳᠡᠭ᠃ ᠡᠷᠳᠡᠨᠢ ᠰᠢᠰᠢ 6 ᠨᠠᠪᠴᠢᠯᠠᠭᠰᠠᠨ ᠤ ᠳᠠᠷᠠᠭ᠎ᠠ᠂ ᠶᠠᠨ ᠮᠢ ᠬᠤᠸᠠᠩ ᠯᠦᠩ ᠢ | ᠭᠡᠷᠡᠭᠯᠡᠪᠡᠯ ᠡᠷᠳᠡᠨᠢ ᠰᠢᠰᠢ ᠶᠢᠨ ᠠᠶᠤᠯᠭᠦᠢ ᠴᠢᠨᠠᠷ ᠲᠤ ᠬᠠᠷᠢᠴᠠᠩᠭᠤᠢ ᠪᠠᠷ ᠮᠠᠭᠤ ᠮᠦᠷᠲᠡᠭᠡᠨ ᠡᠪᠡᠰᠦ ᠠᠷᠢᠯᠭᠠᠬᠤ | ᠦᠷ᠎ᠡ ᠳ᠋ᠦᠩ ᠨᠢ ᠴᠦ ᠮᠠᠭᠤ ᠶᠤᠮ᠃ | ᠶᠠᠨ ᠮᠢ ᠬᠤᠸᠠᠩ ᠯᠦᠩ + ᠠᠽᠣᠲ ᠬᠤᠸᠠᠩ ᠼᠤᠤ ᠺᠧᠲ᠋ᠤᠨ+ ᠰᠢᠦ ᠴᠢᠦᠢ ᠶᠢᠨ ᠤ ᠬᠠᠮ ᠨᠠᠶᠢᠷᠠᠭᠤᠯᠭ᠎ᠠ | ᠨᠢ ᠣᠶᠢᠷ᠎ᠠ ᠶᠢᠨ ᠬᠡᠳᠦᠨ ᠵᠢᠯ ᠳᠤ ᠲᠠᠷᠢᠶᠠᠴᠢᠨ ᠡᠷᠦᠬᠡ ᠶᠢᠨ ᠬᠦᠷᠢᠶᠡᠯᠡᠯ ᠢ ᠣᠯᠵᠤ᠂ ᠡᠨᠡ ᠭᠤᠷᠪᠠᠨ ᠲᠠᠯ᠎ᠠ ᠶᠢᠨ | ᠳᠠᠪᠠᠭᠤᠯᠢᠭ ᠲᠠᠯ᠎ᠠ ᠶᠢ ᠤᠶᠠᠯᠳᠤᠭᠤᠯᠵᠤ᠂ ᠡᠪᠡᠰᠦ ᠠᠷᠢᠯᠭᠠᠬᠤ ᠬᠡᠪᠴᠢᠶ᠎ᠡ ᠨᠢ ᠨᠡᠩ ᠥᠷᠭᠡᠨ᠂ ᠡᠪᠡᠰᠦ ᠠᠷᠢᠯᠭᠠᠬᠤ | ᠬᠤᠷᠳᠤᠴᠠ ᠨᠢ ᠨᠡᠩ ᠲᠦᠷᠭᠡᠨ᠂ ᠡᠪᠡᠰᠦ ᠠᠷᠢᠯᠭᠠᠬᠤ ᠦᠷ᠎ᠡ ᠪᠦᠲᠦᠮᠵᠢ ᠨᠢ ᠨᠡᠩ ᠰᠠᠶᠢᠨ ᠪᠣᠯᠵᠠᠢ᠃ | ᠡᠪᠡᠰᠦ ᠠᠷᠢᠯᠭᠠᠭᠴᠢ ᠶᠢ ᠬᠡᠷᠡᠭᠯᠡᠬᠦ ᠶᠠᠪᠤᠴᠠ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖ | 1.ᠲᠠᠷᠢᠶᠠᠴᠢᠨ ᠡᠷᠦᠬᠡ ᠳᠤ ᠰᠠᠨᠠᠭᠤᠯᠬᠤ ᠨᠢ ᠡᠪᠡᠰᠦ ᠠᠷᠢᠯᠭᠠᠭᠴᠢ ᠶᠢ ᠬᠡᠷᠡᠭᠯᠡᠬᠦ ᠬᠠᠮᠤᠭ ᠤᠨ ᠰᠠᠶᠢᠨ ᠴᠠᠭ | ᠨᠢ ᠦᠳᠡ ᠶᠢᠨ ᠡᠮᠦᠨᠡᠬᠢ 10 ᠴᠠᠭ ᠠᠴᠠ ᠡᠮᠦᠨ᠎ᠡ ᠪᠠ ᠦᠳᠡ ᠶᠢᠨ ᠬᠤᠶᠢᠨᠠᠬᠢ 5 ᠴᠠᠭ ᠠᠴᠠ ᠬᠤᠶᠢᠨ᠎ᠠ᠂ ᠠᠯᠢ | ᠴᠢᠳᠠᠬᠤ ᠪᠠᠷ ᠰᠠᠯᠬᠢ ᠦᠭᠡᠢ ᠴᠠᠭ ᠠᠭᠤᠷ ᠢ ᠰᠣᠩᠭᠤᠵᠤ ᠡᠮ ᠬᠡᠷᠡᠭᠯᠡᠨ᠎ᠡ᠂ ᠡᠩ ᠤᠨ ᠪᠠᠶᠢᠳᠠᠯ ᠳᠤ ᠡᠪᠡᠰᠦ | ᠠᠷᠢᠯᠭᠠᠭᠴᠢ ᠡᠮ ᠨᠢ ᠡᠮ ᠤᠨ ᠰᠢᠩᠭᠡᠨ ᠢ ᠪᠦᠷᠢᠮᠦᠰᠦᠨ ᠰᠢᠩᠭᠡᠭᠡᠬᠦ ᠳᠤ 3︱6 ᠴᠠᠭ ᠬᠡᠷᠡᠭᠰᠡᠨ᠎ᠡ᠂ ᠡᠶᠢᠮᠦ ᠠᠴᠠ | 24 ᠴᠠᠭ ᠤᠨ ᠳᠣᠲᠣᠷ᠎ᠠ ᠪᠣᠷᠣᠭᠠᠨ ᠣᠷᠣᠪᠠᠯ ᠨᠥᠬᠦᠵᠦ ᠰᠦᠷᠴᠢᠬᠦ ᠴᠢᠬᠤᠯᠠ ᠦᠭᠡᠢ᠃ | 2.ᠡᠷᠳᠡᠨᠢ ᠰᠢᠰᠢ ᠶᠢᠨ 3︱5 ᠨᠠᠪᠴᠢᠯᠠᠬᠤ ᠦᠶ᠎ᠡ᠂ ᠪᠤᠵᠠᠷ ᠡᠪᠡᠰᠦᠨ ᠤ 2︱4 ᠨᠠᠪᠴᠢᠯᠠᠬᠤ | ᠬᠤᠭᠤᠴᠠᠭ᠎ᠠ ᠪᠣᠯ ᠡᠪᠡᠰᠦ ᠠᠷᠢᠯᠭᠠᠭᠴᠢ ᠶᠢ ᠰᠦᠷᠴᠢᠬᠦ ᠬᠠᠮᠤᠭ ᠤᠨ ᠰᠠᠶᠢᠨ ᠴᠠᠭ ᠬᠤᠭᠤᠴᠠᠭ᠎ᠠ ᠮᠥᠨ᠂ ᠭᠡᠬᠦ ᠳᠡᠭᠡᠨ | ᠡᠪᠡᠰᠦ ᠠᠷᠢᠯᠭᠠᠭᠴᠢ ᠶᠢ ᠰᠦᠷᠴᠢᠬᠦ ᠦᠶ᠎ᠡ ᠳᠤ ᠴᠢᠳᠠᠬᠤ ᠶᠢᠨ ᠳᠣᠲᠣᠷ᠎ᠠ ᠡᠷᠳᠡᠨᠢ ᠰᠢᠰᠢ ᠶᠢᠨ ᠰᠠᠭᠤᠷᠢ ᠳᠡᠭᠡᠷ᠎ᠡ | ᠰᠢᠭᠤᠳ ᠰᠦᠷᠴᠢᠬᠦ ᠦᠭᠡᠢ ᠪᠠᠶᠢᠬᠤ ᠶᠢ ᠬᠢᠴᠢᠶᠡᠬᠦ ᠴᠢᠬᠤᠯᠠᠳᠠᠢ᠃ | 3.ᠡᠷᠬᠡᠪᠰᠢ ᠬᠤᠶᠠᠳᠠᠭᠢ ᠤᠳᠠᠭ᠎ᠠ ᠰᠢᠩᠭᠡᠷᠡᠭᠦᠯᠬᠦ ᠬᠡᠷᠡᠭᠲᠡᠢ᠃ ᠬᠡᠷᠡᠭᠯᠡᠬᠦ ᠠᠴᠠ ᠪᠠᠨ ᠡᠮᠦᠨ᠎ᠡ ᠡᠪᠡᠰᠦ | ᠠᠷᠢᠯᠭᠠᠭᠴᠢ ᠶᠢ ᠵᠢᠭᠳᠡ ᠰᠠᠵᠢᠨ᠂ ᠵᠣᠬᠢᠬᠤ ᠬᠡᠮᠵᠢᠶᠡᠨ ᠤ ᠡᠪᠡᠰᠦ ᠠᠷᠢᠯᠭᠠᠭᠴᠢ ᠳᠤ ᠤᠰᠤ ᠨᠡᠮᠡᠵᠦ | ᠰᠢᠩᠭᠡᠷᠡᠭᠦᠯᠦᠭᠰᠡᠨ ᠤ ᠳᠠᠷᠠᠭ᠎ᠠ ᠪᠣᠳᠠᠲᠠᠢ ᠬᠡᠷᠡᠭᠯᠡᠬᠦ ᠬᠡᠮᠵᠢᠶ᠎ᠡ ᠶᠢ ᠨᠢ ᠦᠨᠳᠦᠰᠦᠯᠡᠨ ᠳᠠᠬᠢᠭᠠᠳ ᠤᠰᠤ ᠬᠤᠯᠢᠬᠰᠠᠨ ᠤ | ᠳᠠᠷᠠᠭ᠎ᠠ ᠰᠦᠷᠴᠢᠪᠡᠯ ᠪᠣᠯᠴᠢᠬᠠᠨ᠎ᠠ᠃ | 4.ᠡᠪᠡᠰᠦ ᠠᠷᠢᠯᠭᠠᠭᠴᠢ ᠶᠢ ᠴᠢᠳᠠᠬᠤ ᠶᠢᠨ ᠬᠢᠷᠢ ᠪᠠᠷ ᠲᠤᠰᠠᠭᠠᠷ ᠬᠡᠷᠡᠭᠯᠡᠨ᠎ᠡ᠃ ᠡᠪᠡᠰᠦ ᠠᠷᠢᠯᠭᠠᠭᠴᠢ ᠡᠮ ᠢ | ᠬᠡᠳᠦᠶᠢᠪᠡᠷ ᠬᠡᠰᠡᠭ ᠬᠤᠷᠣᠬᠠᠢ ᠠᠯᠠᠬᠤ ᠡᠮ ᠲᠠᠢ ᠬᠤᠯᠢᠵᠤ ᠬᠡᠷᠡᠭᠯᠡᠵᠦ ᠪᠣᠯᠬᠤ ᠪᠣᠯᠪᠠᠴᠤ᠂ ᠲᠠᠷᠢᠶᠠᠴᠢᠨ ᠡᠷᠦᠬᠡ ᠶᠢᠨ | ᠪᠣᠳᠠᠲᠤ ᠪᠠᠶᠢᠳᠠᠯ ᠢ ᠪᠣᠳᠣᠯᠬᠢᠯᠠᠨ᠂ ᠡᠮ ᠤᠨ ᠬᠤᠣᠷ ᠡᠭᠦᠰᠬᠦ ᠠᠴᠠ ᠰᠡᠷᠭᠡᠶᠢᠯᠡᠬᠦ ᠶᠢᠨ ᠲᠥᠯᠥᠭᠡ ᠬᠤᠯᠢᠵᠤ ᠬᠡᠷᠡᠭᠯᠡᠬᠦ | ᠦᠭᠡᠢ ᠪᠠᠶᠢᠬᠤ ᠶᠢ ᠤᠯᠠᠨ ᠳᠤ ᠰᠠᠨᠠᠭᠤᠯᠵᠤ ᠪᠠᠶᠢᠨ᠎ᠠ᠃ | ᠬᠤᠶᠠᠷ᠂ ᠵᠤᠨ ᠤ ᠡᠷᠳᠡᠨᠢ ᠰᠢᠰᠢ ᠳᠤ ᠬᠡᠵᠢᠶ᠎ᠡ ᠪᠣᠷᠳᠤᠭᠤᠷ ᠣᠷᠤᠭᠤᠯᠬᠤ ᠪᠤᠢ | ᠵᠣᠨ ᠤ ᠤᠯᠠᠷᠢᠯ ᠤᠨ ᠡᠷᠳᠡᠨᠢ ᠰᠢᠰᠢ ᠶᠢᠨ ᠪᠣᠷᠳᠣᠭᠤᠷ ᠣᠷᠤᠭᠤᠯᠬᠤ ᠬᠠᠮᠤᠭ ᠤᠨ ᠰᠠᠶᠢᠨ ᠴᠠᠭ ᠪᠣᠯ ᠡᠷᠳᠡᠨᠢ | ᠰᠢᠰᠢ ᠶᠢᠨ ᠪᠦᠷᠢᠶᠡᠨ ᠤ ᠠᠮᠠᠰᠠᠷ ᠤᠨ ᠬᠤᠭᠤᠴᠠᠭ᠎ᠠ ᠪᠣᠯᠣᠨ᠎ᠠ᠂ ᠳᠠᠷᠤᠢ 10︱12 ᠨᠠᠪᠴᠢᠯᠠᠬᠤ ᠦᠶ᠎ᠡ ᠪᠣᠯᠣᠨ᠎ᠠ᠂ | ᠬᠡᠲᠦ ᠡᠷᠲᠡ ᠪᠤᠷᠳᠤᠭᠤᠷ ᠣᠷᠣᠭᠤᠯᠪᠠᠯ ᠰᠡᠭᠦᠯᠴᠢ ᠶᠢᠨ ᠬᠤᠭᠤᠴᠠᠭᠠᠨ ᠳᠤ ᠪᠣᠷᠳᠣᠭᠤᠷ ᠦᠭᠡᠶᠢᠳᠡᠭᠰᠡᠨ ᠠᠴᠠ | ᠪᠤᠯᠵᠤ ᠡᠷᠳᠡᠨᠢ ᠰᠢᠰᠢ ᠶᠢᠨ ᠤᠨᠠᠯᠲᠠ ᠶᠢ ᠨᠥᠯᠥᠭᠡᠯᠡᠵᠦ᠂ ᠬᠡᠲᠦ ᠣᠷᠣᠢ ᠪᠣᠯᠪᠠᠯ ᠪᠣᠷᠳᠣᠭᠤᠷ ᠪᠦᠷᠢᠯᠭᠡᠬᠦ ᠪᠣᠯᠣᠨ᠎ᠠ᠃ | ᠪᠣᠷᠳᠣᠭᠤᠷ ᠣᠷᠣᠭᠤᠯᠬᠤ ᠬᠡᠮᠵᠢᠶ᠎ᠡ ᠶᠢᠨ ᠲᠠᠯ᠎ᠠ ᠪᠠᠷ ᠪᠣᠳᠠᠲᠠᠢ ᠪᠠᠷᠢᠮᠵᠢᠶ᠎ᠠ ᠦᠭᠡᠢ᠂ ᠲᠠᠷᠢᠶᠠᠴᠢᠨ ᠡᠷᠦᠬᠡ ᠥᠪᠡᠷ ᠤᠨ | ᠡᠷᠳᠡᠨᠢ ᠰᠢᠰᠢ ᠶᠢᠨ ᠤᠷᠭᠤᠴᠠ ᠵᠢᠴᠢ ᠬᠥᠷᠥᠰᠥ ᠰᠢᠷᠣᠢ ᠶᠢᠨ ᠰᠢᠮ᠎ᠡ ᠲᠡᠵᠢᠭᠡᠯ ᠢᠶᠠᠨ ᠦᠨᠳᠦᠰᠦᠯᠡᠨ ᠬᠡᠷᠡᠭᠯᠡᠬᠦ | ᠬᠡᠮᠵᠢᠶ᠎ᠡ ᠪᠠᠨ ᠲᠣᠭᠲᠠᠭᠠᠵᠤ᠂ ᠮᠦ ᠪᠦᠷᠢ ᠶᠢᠨ ᠰᠢᠭᠡᠰᠦᠯᠢᠭ ᠡᠳ᠋ ᠤᠨ ᠬᠡᠷᠡᠭᠯᠡᠬᠦ ᠬᠡᠮᠵᠢᠶ᠎ᠡ ᠶᠢ 25 ᠺᠢᠯᠣᠭ᠍ᠷᠠᠮ ᠣᠷᠴᠢᠮ | ᠪᠠᠶᠢᠯᠭᠠᠬᠤ ᠶᠢ ᠰᠠᠨᠠᠭᠤᠯᠵᠤ ᠪᠠᠶᠢᠨ᠎ᠠ᠂ ᠬᠡᠷᠪᠡ ᠡᠮᠦᠨᠡᠬᠢ ᠬᠤᠭᠤᠴᠠᠭᠠᠨ ᠤ ᠺᠠᠯᠢ ᠪᠣᠷᠳᠣᠭᠤᠷ ᠬᠡᠷᠡᠭᠯᠡᠬᠦ ᠬᠡᠮᠵᠢᠶ᠎ᠡ | ᠬᠦᠷᠦᠯᠴᠡᠬᠦ ᠦᠭᠡᠢ ᠪᠣᠯ ᠮᠦ ᠪᠦᠷᠢ ᠳᠤ ᠳᠠᠬᠢᠨ 10 ᠺᠢᠯᠣᠭ᠍ᠷᠠᠮ ᠾᠯᠣᠷᠲᠤ ᠺᠠᠯᠢ ᠨᠡᠮᠡᠵᠦ ᠪᠣᠯᠣᠨ᠎ᠠ᠂ ᠢᠩᠭᠢᠪᠡᠯ | ᠪᠦᠬᠦᠶᠢᠯᠡ ᠡᠷᠳᠡᠨᠢ ᠰᠢᠰᠢ ᠶᠢᠨ ᠤᠷᠭᠤᠯᠲᠠ ᠶᠢᠨ ᠦᠶᠡᠯᠡᠯ ᠤᠨ ᠬᠤᠭᠤᠴᠠᠭᠠᠨ ᠤ ᠪᠤᠶᠢᠵᠢᠯᠲᠠ ᠶᠢᠨ ᠬᠡᠷᠡᠭᠴᠡᠭᠡ ᠶᠢ | ᠦᠨᠳᠦᠰᠦᠨ ᠳᠡᠭᠡᠨ ᠬᠠᠩᠭᠠᠵᠤ ᠴᠢᠳᠠᠨ᠎ᠠ᠃ | ᠶᠠᠭᠠᠬᠢᠵᠤ ᠪᠣᠷᠳᠣᠭᠤᠷ ᠣᠷᠣᠭᠤᠯᠬᠤ ᠨᠢ ᠴᠤ ᠪᠠᠷᠢᠮᠵᠢᠶ᠎ᠠ ᠪᠠᠶᠢᠬᠤ ᠦᠭᠡᠢ᠂ ᠡᠷᠳᠡᠨᠢ ᠰᠢᠰᠢ ᠶᠢᠨ | ᠦᠨᠳᠦᠰᠦ ᠶᠢᠨ ᠰᠢᠰᠲ᠋ᠧᠮ ᠨᠢ ᠪᠣᠷᠳᠣᠭᠤᠷ ᠤᠰᠤ ᠦᠭᠡᠳᠡ ᠴᠢᠨᠠᠷᠲᠠᠢ ᠤᠴᠢᠷ ᠠᠴᠠ ᠰᠢᠩᠭᠡᠭᠡᠵᠦ ᠳᠡᠶᠢᠯᠬᠦ | ᠦᠭᠡᠢ ᠠᠴᠠ ᠵᠣᠪᠠᠭ᠋ᠤ ᠬᠡᠷᠡᠭ ᠦᠭᠡᠢ᠂ ᠭᠦᠨ ᠤ ᠬᠡᠮᠵᠢᠶ᠎ᠡ ᠨᠢ 10 ᠰᠠᠨᠲ᠋ᠢᠮᠧᠲᠷ ᠣᠷᠴᠢᠮ ᠪᠠᠶᠢᠪᠠᠯ ᠪᠣᠯᠴᠢᠬᠠᠨ᠎ᠠ᠂ | ᠡᠷᠬᠡᠪᠰᠢ ᠬᠥᠷᠥᠰᠥ ᠶᠢ ᠪᠦᠷᠬᠦᠬᠦ ᠬᠡᠷᠡᠭᠲᠡᠢ᠂ ᠬᠡᠷᠪᠡ ᠬᠥᠷᠥᠰᠥᠨ ᠤ ᠴᠢᠭᠢᠭ ᠤᠨ ᠪᠠᠶᠢᠳᠠᠯ ᠮᠠᠭᠤ ᠪᠣᠯ ᠪᠠᠰᠠ ᠨᠢᠭᠡ | ᠤᠳᠠᠭ᠎ᠠ ᠤᠰᠤᠯᠠᠵᠤ᠂ ᠪᠣᠷᠳᠣᠭᠤᠷ ᠪᠦᠷᠢᠯᠭᠡᠬᠦ ᠠᠴᠠ ᠰᠡᠷᠭᠡᠶᠢᠯᠡᠬᠦ ᠬᠡᠷᠡᠭᠲᠡᠢ᠃ |