ᠪᠤᠭᠤᠳᠠᠢ ᠶᠢ ᠬᠡᠷᠬᠢᠨ ᠬᠠᠭᠤᠷᠠᠢ ᠬᠠᠯᠠᠭᠤᠨ ᠰᠠᠯᠬᠢ ᠠᠴᠠ ᠰᠡᠷᠭᠡᠶᠢᠯᠡᠬᠦ ᠪᠤᠢ
ᠨᠡᠶᠢᠲᠡᠯᠡᠭᠰᠡᠨ ᠴᠠᠭ᠄
2023/7/21
      ᠬᠠᠭᠤᠷᠠᠢ ᠬᠠᠯᠠᠭᠤᠨ ᠰᠠᠯᠬᠢ ᠪᠣᠯ ᠲᠠᠷᠢᠶᠠᠯᠠᠩ ᠤᠨ ᠴᠠᠭ ᠠᠭᠤᠷ ᠤᠨ ᠭᠠᠮᠰᠢᠭ ᠤᠨ ᠨᠢᠭᠡ ᠪᠠᠶᠢᠵᠤ᠂ ᠪᠤᠭᠤᠳᠠᠢ ᠵᠢᠨ‌‍ᠰᠦ᠋ ᠪᠣᠯᠪᠠᠰᠤᠷᠠᠬᠤ ᠬᠤᠭᠤᠴᠠᠭᠠᠨ ᠳᠤ ᠬᠥᠨᠥᠭᠡᠯ ᠠᠮᠰᠠᠬᠤ ᠨᠢᠭᠡ ᠵᠦᠢᠯ ᠤᠨ ᠬᠠᠭᠤᠷᠠᠢ ᠪᠥᠭᠡᠳ ᠬᠠᠯᠠᠭᠤᠨ ᠰᠠᠯᠬᠢ ᠪᠣᠯᠣᠨ᠎ᠠ᠃ ᠬᠠᠭᠤᠷᠠᠢ ᠬᠠᠯᠠᠭᠤᠨ ᠰᠠᠯᠬᠢ ᠡᠭᠦᠰᠬᠦ ᠦᠶ᠎ᠡ ᠳᠤ ᠂ ᠳᠤᠯᠠᠭᠠᠨ ᠤ ᠬᠡᠮᠵᠢᠶ᠎ᠡ ᠮᠡᠳᠡᠭᠳᠡᠮ᠎ᠡ ᠳᠡᠭᠡᠭᠰᠢᠯᠡᠵᠦ ᠂ ᠴᠢᠭᠢᠭᠲᠦᠴᠡ ᠮᠡᠳᠡᠭᠳᠡᠮ᠎ᠡ ᠳᠣᠷᠣᠭᠰᠢᠯᠠᠬᠤ ᠶᠢᠨ ᠬᠠᠮᠲᠤ ᠵᠣᠬᠢᠬᠤ ᠬᠡᠮᠵᠢᠶᠡᠨ ᠤ ᠰᠠᠯᠬᠢᠨ ᠤ ᠬᠦᠴᠦ ᠳᠠᠭᠠᠯᠳᠤᠵᠤ ᠂ ᠠᠭᠤᠷᠰᠢᠯᠳᠡ  ᠨᠢ ᠰᠢᠷᠦᠭᠦᠰᠴᠦ ᠂ ᠦᠨᠳᠦᠰᠦ ᠶᠢᠨ ᠰᠢᠰᠲ᠋ᠧᠮ ᠤᠨ ᠤᠰᠤ ᠰᠢᠮᠡᠵᠢᠭᠡᠬᠦ ᠴᠢᠳᠠᠪᠤᠷᠢ ᠨᠢ ᠪᠠᠭᠤᠷᠠᠵᠤ ᠂ ᠭᠡᠷᠡᠯ ᠤᠨ ᠨᠡᠶᠢᠯᠡᠯᠭᠡ ᠶᠢᠨ ᠬᠦᠴᠦᠯᠡᠴᠡ ᠨᠢ ᠪᠠᠭᠤᠷᠠᠵᠤ ᠂ ᠬᠠᠭᠤᠷᠠᠢ ᠪᠣᠳᠠᠰ ᠤᠨ ᠬᠤᠷᠠᠮᠳᠤᠯ ᠨᠢ ᠤᠷᠢᠳᠴᠢᠯᠠᠨ ᠳᠠᠭᠤᠰᠴᠤ ᠂ ᠢᠳᠡᠭᠡ ᠬᠤᠷᠠᠬᠤ ᠴᠠᠭ ᠨᠢ ᠪᠣᠭᠤᠨᠢᠰᠴᠤ ᠂ ᠦᠷᠭᠦᠯᠵᠢ ᠪᠤᠭᠤᠳᠠᠢ ᠶᠢᠨ ᠢᠳᠡᠭᠡ ᠬᠤᠷᠠᠬᠤ  ᠨᠢ ᠬᠦᠷᠦᠯᠴᠡᠬᠦ ᠦᠭᠡᠢ ᠪᠣᠯᠵᠤ ᠂ ᠬᠡᠮᠬᠡᠳᠡᠭ ᠨᠢ ᠬᠦᠨᠳᠦ ᠨᠣᠴᠢᠲᠠᠢ ᠪᠣᠯᠵᠤ ᠂ ᠴᠢᠨᠠᠭᠰᠢᠯᠠᠪᠠᠯ ᠬᠤᠷᠪᠣᠶᠢᠨ ᠦᠬᠦᠳᠡᠭ ᠃ ᠥᠨᠳᠥᠷ ᠳᠤᠯᠠᠭᠠᠨ ᠨᠢ ᠪᠠᠰᠠ ᠮᠥᠬᠦᠯᠢᠭ ᠤᠨ ᠠᠮᠢᠰᠬᠤᠯ ᠤᠨ ᠦᠢᠯᠡᠳᠦᠯ ᠢ ᠴᠢᠩᠭᠠᠳᠬᠠᠵᠤ ᠂ ᠬᠤᠷᠣᠭᠳᠠᠯ ᠢ ᠨᠡᠮᠡᠭᠳᠡᠭᠦᠯᠦᠨ ᠂ ᠬᠤᠷᠠᠮᠳᠤᠯ ᠢ ᠪᠠᠭᠠᠰᠬᠠᠵᠤ ᠂ ᠮᠥᠬᠦᠯᠢᠭ ᠤᠨ ᠬᠦᠨᠳᠦ ᠶᠢ ᠤᠯᠠᠮ ᠨᠢᠭᠡ ᠠᠯᠬᠤᠮ ᠪᠠᠭᠤᠷᠠᠭᠤᠯᠳᠠᠭ᠃ ᠬᠠᠭᠤᠷᠠᠢ ᠬᠠᠯᠠᠭᠤᠨ ᠰᠠᠯᠬᠢᠨ ᠤ ᠪᠤᠭᠤᠳᠠᠢ ᠳᠤ ᠦᠵᠡᠭᠦᠯᠬᠦ ᠨᠥᠯᠥᠭᠡ ᠮᠠᠰᠢ ᠶᠡᠭᠡ ᠪᠠᠶᠢᠵᠤ᠂ ᠬᠥᠩᠭᠡᠨ ᠪᠣᠯ 5% ᠪᠠᠷ ᠬᠠᠰᠤᠭᠳᠠᠵᠤ᠂ ᠬᠦᠨᠳᠦ ᠪᠣᠯ 10%-20% ᠪᠠᠷ ᠬᠠᠰᠤᠭᠳᠠᠨ᠎ᠠ᠃
图片2.png
       ᠤᠷᠢᠳᠴᠢᠯᠠᠨ ᠰᠡᠷᠭᠡᠶᠢᠯᠡᠬᠦ ᠭᠤᠣᠯ ᠠᠷᠭ᠎ᠠ ᠬᠡᠮᠵᠢᠶ᠎ᠡ ᠄      ᠨᠢᠭᠡ ᠳᠤ ᠪᠤᠭᠤᠳᠠᠢ ᠪᠣᠯᠪᠠᠰᠤᠷᠠᠬᠤ ᠠᠴᠠ 10 ᠡᠳᠦᠷ ᠤᠨ ᠡᠮᠦᠨ᠎ᠡ᠂ ᠪᠤᠭᠤᠳᠠᠢ ᠶᠢᠨ ᠤᠷᠭᠤᠴᠠ᠂ ᠴᠠᠭ ᠠᠭᠤᠷ ᠤᠨ ᠪᠠᠶᠢᠳᠠᠯ᠂ ᠬᠥᠷᠥᠰᠥᠨ ᠤ ᠴᠢᠭᠢᠭ ᠤᠨ ᠪᠠᠶᠢᠳᠠᠯ ᠢ ᠦᠨᠳᠦᠰᠦᠯᠡᠨ᠂ ᠬᠠᠭᠤᠷᠠᠢ ᠬᠠᠯᠠᠭᠤᠨ ᠰᠠᠯᠬᠢ ᠢᠷᠡᠬᠦ ᠠᠴᠠ ᠡᠮᠦᠨ᠎ᠡ ᠰᠦ ᠪᠣᠯᠪᠠᠰᠤᠷᠠᠬᠤ ᠠᠴᠠ ᠯᠠᠳᠠᠵᠤ ᠪᠣᠯᠪᠠᠰᠤᠷᠠᠬᠤ ᠬᠦᠷᠲᠡᠯᠡᠬᠢ ᠬᠤᠭᠤᠴᠠᠭᠠᠨ ᠳᠤ ᠨᠢᠭᠡ ᠤᠳᠠᠭ᠎ᠠ ᠪᠤᠭᠤᠳᠠᠢ ᠶᠢᠨ ᠰᠢᠷ᠎ᠠ ᠤᠰᠤ ᠶᠢ ᠤᠰᠤᠯᠠᠪᠠᠯ᠂ ᠲᠠᠷᠢᠶᠠᠨ ᠭᠠᠵᠠᠷ ᠤᠨ ᠪᠠᠭ᠎ᠠ ᠠᠭᠤᠷ ᠠᠮᠢᠰᠬᠤᠯ ᠢ ᠢᠯᠡᠳᠲᠡ ᠰᠠᠶᠢᠵᠢᠷᠠᠭᠤᠯᠵᠤ᠂ ᠬᠠᠭᠤᠷᠠᠢ ᠬᠠᠯᠠᠭᠤᠨ ᠰᠠᠯᠬᠢᠨ ᠤ ᠬᠥᠨᠥᠭᠡᠯ ᠢ ᠪᠠᠭᠠᠰᠬᠠᠵᠤ ᠪᠣᠯᠣᠨ᠎ᠠ︔      ᠬᠤᠶᠠᠷ ᠲᠤ ᠪᠤᠭᠤᠳᠠᠢ ᠶᠢᠨ ︽ᠨᠢᠭᠡ ᠰᠦᠷᠴᠢᠵᠦ ᠭᠤᠷᠪᠠ ᠰᠡᠷᠭᠡᠶᠢᠯᠡᠬᠦ ︾ ᠲᠠᠢ ᠤᠶᠠᠯᠳᠤᠭᠤᠯᠤᠨ ᠂ ᠨᠠᠪᠴᠢᠨ ᠤ ᠭᠠᠳᠠᠷᠭᠤ ᠶᠢᠨ ᠪᠣᠷᠳᠣᠭᠤᠷ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ ᠶᠢ ᠰᠦᠷᠴᠢᠨ ᠣᠷᠣᠭᠤᠯᠵᠤ ᠂ ᠪᠤᠭᠤᠳᠠᠢ ᠶᠢᠨ ᠰᠦᠷᠡᠯ ᠤᠨ ᠳᠣᠲᠣᠷᠠᠬᠢ ᠹᠣᠰᠹᠣᠷ ᠺᠠᠯᠢ ᠶᠢᠨ ᠠᠭᠤᠯᠤᠭᠳᠠᠴᠠ ᠶᠢ ᠳᠡᠭᠡᠭᠰᠢᠯᠡᠭᠦᠯᠵᠦ ᠂ ᠬᠠᠭᠤᠷᠠᠢ ᠬᠠᠯᠠᠭᠤᠨ ᠰᠠᠯᠬᠢ ᠶᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠦᠨ᠎ᠡ ᠃      ᠭᠤᠷᠪᠠ ᠳᠤ ᠲᠠᠷᠢᠵᠦ ᠪᠣᠶᠢᠵᠢᠭᠤᠯᠬᠤ ᠬᠠᠮᠢᠶᠠᠷᠤᠯᠲᠠ ᠶᠢᠨ ᠲᠠᠯ᠎ᠠ ᠪᠠᠷ ᠰᠡᠭᠦᠯᠴᠢ ᠶᠢᠨ ᠬᠤᠭᠤᠴᠠᠭᠠᠨ ᠤ ᠤᠰᠤ ᠢᠯᠡᠭᠦᠳᠡᠬᠦ ᠶᠢ ᠰᠡᠷᠭᠡᠶᠢᠯᠡᠵᠦ ᠂ ᠬᠥᠬᠡᠷᠡᠵᠦ ᠣᠷᠣᠢ ᠪᠣᠯᠪᠠᠰᠤᠷᠠᠬᠤ ᠠᠴᠠ ᠵᠠᠶᠢᠯᠠᠰᠬᠢᠵᠦ ᠂ ᠬᠠᠭᠤᠷᠠᠢ ᠬᠠᠯᠠᠭᠤᠨ ᠰᠠᠯᠬᠢᠨ ᠤ ᠬᠥᠨᠥᠭᠡᠯ ᠢ ᠪᠠᠭᠠᠰᠬᠠᠨ᠎ᠠ ᠃
 
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号