ᠪᠣᠷᠣᠭᠠᠨ ᠤ ᠤᠰᠤ ᠨᠡᠯᠢᠶᠡᠳ ᠠᠷᠪᠢᠨ ᠦᠶ᠎ᠡ ᠳᠤ ᠲᠠᠬᠢᠶ᠎ᠠ ᠲᠡᠵᠢᠭᠡᠨ ᠦᠷᠡᠵᠢᠭᠦᠯᠬᠦ ᠡᠷᠦᠬᠡ ᠳᠤ ᠵᠣᠬᠢᠬᠤ | ᠨᠥᠯᠥᠭᠡ ᠦᠵᠡᠭᠦᠯᠳᠡᠭ᠂ ᠭᠡᠪᠡᠴᠦ ᠴᠠᠭ ᠠᠭᠤᠷ ᠢ ᠬᠢᠵᠠᠭᠠᠷᠯᠠᠵᠤ ᠳᠡᠶᠢᠯᠬᠦ ᠦᠭᠡᠢ᠂ ᠲᠡᠭᠡᠪᠡᠯ ᠪᠣᠷᠣᠭᠠᠨ ᠲᠠᠢ ᠡᠳᠦᠷ᠂ | ᠲᠠᠬᠢᠶ᠎ᠠ ᠲᠡᠵᠢᠭᠡᠨ ᠦᠷᠡᠵᠢᠭᠦᠯᠬᠦ ᠡᠷᠦᠬᠡ ᠬᠡᠷᠬᠢᠨ ᠰᠢᠢᠳᠪᠦᠷᠢᠯᠡᠪᠡᠯ ᠵᠣᠬᠢᠬᠤ ᠪᠣᠶ︖ | ᠪᠣᠷᠣᠭᠠᠨ ᠲᠠᠢ ᠡᠳᠦᠷ ᠲᠠᠬᠢᠶ᠎ᠠ ᠲᠡᠵᠢᠭᠡᠬᠦ ᠲᠠᠯᠠᠪᠠᠶ ᠳᠤ ᠦᠷᠭᠦᠯᠵᠢ ᠲᠣᠬᠢᠶᠠᠯᠳᠤᠳᠠᠭ ᠠᠰᠠᠭᠤᠳᠠᠯ᠄ | 1. ᠪᠣᠷᠣᠭᠠᠨ ᠣᠷᠣᠪᠠᠯ ᠲᠠᠬᠢᠶᠠᠨ ᠰᠦᠷᠦᠭ ᠲᠤ ᠲᠤᠶᠢᠯ ᠤᠨ ᠠᠮᠠᠷᠬᠠᠨ ᠲᠠᠭᠰᠢᠭᠤᠷ ᠬᠠᠯᠳᠠᠨ᠎ᠠ ᠃ | 2. ᠬᠤᠷ᠎ᠠ ᠪᠣᠷᠣᠭᠠᠨ ᠬᠡᠲᠦᠷᠬᠡᠢ ᠠᠷᠪᠢᠳᠪᠠᠯ᠂ ᠲᠠᠬᠢᠶᠠᠨ ᠰᠦᠷᠦᠭ ᠠᠮᠠᠷᠬᠠᠨ ᠪᠥᠮᠪᠥᠭᠡᠨ ᠬᠤᠷᠣᠬᠠᠢ ᠶᠢᠨ | ᠡᠪᠡᠳᠴᠢᠨ ᠡᠭᠦᠰᠦᠨ᠎ᠡ᠃ | 3. ᠬᠤᠷ᠎ᠠ ᠪᠣᠷᠣᠭᠠᠨ ᠬᠡᠲᠦᠷᠬᠡᠢ ᠠᠷᠪᠢᠳᠪᠠᠯ᠂ ᠲᠠᠬᠢᠶ᠎ᠠ ᠴᠠᠴᠠᠵᠦ ᠦᠬᠦᠬᠦ ᠠᠶᠤᠯᠳᠠᠢ ᠃ | 4. ᠪᠣᠷᠣᠭᠠᠨ ᠲᠠᠢ ᠡᠳᠦᠷ ᠨᠡᠯᠢᠶᠡᠳ ᠬᠦᠢᠲᠡᠨ ᠪᠤᠯᠬᠤᠷ ᠲᠠᠬᠢᠶᠠᠨ ᠰᠦᠷᠦᠭ ᠳᠠᠭᠠᠷᠠᠨ᠎ᠠ᠃ | 5. ᠲᠡᠵᠢᠭᠡᠯ ᠪᠣᠷᠳᠤᠭ᠎ᠠ ᠲᠡᠵᠢᠭᠡᠬᠦ ᠳᠤ ᠳᠥᠭᠦᠮ ᠦᠭᠡᠢ᠃ | 6. ᠠᠶᠤᠩᠭ᠎ᠠ ᠲᠠᠢ ᠡᠳᠦᠷ ᠲᠣᠬᠢᠶᠠᠯᠳᠤᠪᠠᠯ ᠲᠠᠬᠢᠶᠠᠨ ᠤ ᠰᠦᠷᠦᠭ ᠤᠨ ᠰᠡᠷᠡᠯᠵᠢᠯ ᠢ ᠠᠮᠠᠷᠬᠠᠨ ᠡᠭᠦᠰᠬᠡᠳᠡᠭ᠃ | 7. ᠪᠣᠷᠣᠭᠠᠨ ᠲᠠᠢ ᠡᠳᠦᠷ ᠠᠮᠠᠷᠬᠠᠨ ᠴᠠᠬᠢᠯᠭᠠᠨ ᠲᠠᠰᠤᠷᠠᠨ᠎ᠠ᠃ | ᠪᠣᠷᠣᠭᠠᠨ ᠲᠠᠢ ᠡᠳᠦᠷ ᠲᠠᠬᠢᠶ᠎ᠠ ᠲᠡᠵᠢᠭᠡᠬᠦ ᠲᠠᠯᠠᠪᠠᠶ ᠶᠢᠨ ᠠᠷᠭᠠᠴᠠᠬᠤ ᠠᠷᠭ᠎ᠠ ᠬᠡᠮᠵᠢᠶ᠎ᠡ᠄ | 1. ᠪᠣᠷᠣᠭᠠᠨ ᠳᠤ ᠨᠣᠷᠣᠭᠳᠠᠵᠤ ᠲᠠᠭᠰᠢᠭᠤᠷ ᠲᠤ ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠢ᠃ | 2. ᠲᠠᠬᠢᠶᠠᠨ ᠤ ᠰᠦᠷᠦᠭ ᠤᠨ ᠤᠰᠤ ᠪᠠ ᠲᠡᠵᠢᠭᠡᠯ ᠪᠣᠷᠳᠤᠭ᠎ᠠ ᠶᠢ ᠭᠦᠢᠴᠡᠳ ᠬᠠᠩᠭᠠᠬᠤ ᠶᠢ ᠪᠠᠲᠤᠯᠠᠵᠤ᠂ | ᠴᠠᠭ ᠲᠤᠬᠠᠢ ᠳᠤ ᠨᠢ ᠲᠠᠬᠢᠶᠠᠨ ᠤ ᠰᠦᠷᠦᠭ ᠤᠨ ᠲᠡᠵᠢᠭᠡᠯ ᠪᠣᠷᠳᠤᠭ᠎ᠠ ᠪᠠ ᠤᠰᠤ ᠤᠮᠳᠠ ᠶᠢ ᠨᠡᠮᠡᠭᠳᠡᠭᠦᠯᠬᠦ ᠨᠢ | ᠲᠠᠬᠢᠶᠠᠨ ᠤ ᠰᠦᠷᠦᠭ ᠤᠨ ᠭᠠᠵᠠᠷ ᠳᠡᠭᠡᠷᠡᠬᠢ ᠤᠰᠤᠨ ᠰᠤᠪᠠᠭ ᠲᠠᠬᠢ ᠤᠰᠤ ᠶᠢ ᠠᠯᠢ ᠴᠢᠳᠠᠬᠤ ᠪᠠᠷ | ᠤᠤᠭᠤᠬᠤ ᠠᠴᠠ ᠵᠠᠶᠢᠯᠠᠰᠬᠢᠯᠭᠡᠬᠦ ᠶᠢᠨ ᠲᠥᠯᠥᠭᠡ ᠶᠤᠮ᠂ ᠭᠤᠣᠯᠳᠠᠭᠤ ᠲᠠᠬᠢᠶᠠᠨ ᠤ ᠰᠦᠷᠦᠭ ᠤᠨ ᠴᠡᠪᠡᠷ ᠤᠰᠤ ᠪᠠ | ᠢᠳᠡᠰᠢ ᠶᠢ ᠪᠠᠲᠤᠯᠠᠬᠤ ᠶᠢᠨ ᠲᠥᠯᠥᠭᠡ ᠶᠤᠮ᠃ | 3. ᠬᠢᠵᠢᠭ ᠢ ᠰᠡᠷᠭᠡᠶᠢᠯᠡᠬᠦ ᠠᠵᠢᠯ ᠢ ᠤᠷᠢᠳᠴᠢᠯᠠᠨ ᠬᠢᠵᠦ᠂ ᠪᠣᠷᠣᠭᠠᠨ ᠲᠠᠢ ᠡᠳᠦᠷ ᠢ ᠤᠷᠢᠳᠴᠢᠯᠠᠨ ᠮᠡᠳᠡᠵᠦ᠂ | ᠲᠠᠬᠢᠶᠠᠨ ᠤ ᠰᠦᠷᠦᠭ ᠲᠤ ᠸᠢᠷᠦ᠋ᠰ ᠢ ᠰᠡᠷᠭᠡᠶᠢᠯᠡᠬᠦ ᠡᠮ ᠢ ᠤᠷᠢᠳᠴᠢᠯᠠᠨ ᠤᠤᠭᠤᠯᠭᠠᠨ᠎ᠠ᠃ | 4. ᠪᠣᠷᠣᠭᠠᠨ ᠣᠷᠣᠭᠰᠠᠨ ᠤ ᠳᠠᠷᠠᠭ᠎ᠠ᠂ ᠪᠠᠭ᠎ᠠ ᠰᠠᠭ᠎ᠠ ᠭᠡᠳᠡᠰᠦᠨ ᠤ ᠡᠮ ᠪᠠ ᠪᠤᠯᠴᠢᠷᠬᠠᠢ ᠬᠤᠳᠣᠭᠤᠳᠤᠨ ᠤ | ᠦᠷᠪᠢᠰᠦᠯ ᠢ ᠰᠡᠷᠭᠡᠶᠢᠯᠡᠬᠦ ᠡᠮ ᠢ ᠬᠡᠷᠡᠭᠯᠡᠨ᠎ᠡ᠂ ᠤᠴᠢᠷ ᠨᠢ ᠴᠠᠭ ᠠᠭᠤᠷ ᠴᠢᠭᠢᠭᠯᠢᠭ ᠪᠣᠯ ᠲᠡᠵᠢᠭᠡᠯ ᠪᠣᠷᠳᠤᠭ᠎ᠠ | ᠠᠮᠠᠷᠬᠠᠨ ᠸᠠᠯᠠᠵᠤ᠂ ᠪᠤᠯᠴᠢᠷᠬᠠᠢ ᠬᠤᠳᠣᠭᠤᠳᠤᠨ ᠤ ᠦᠷᠪᠢᠰᠦᠯ ᠪᠠ ᠨᠠᠷᠢᠨ ᠭᠡᠳᠡᠰᠦᠨ ᠤ ᠪᠥᠮᠪᠥᠭᠡᠨ ᠬᠤᠷᠣᠬᠠᠢ ᠳᠤ | ᠠᠮᠠᠷᠬᠠᠨ ᠨᠡᠷᠪᠡᠭᠳᠡᠨ᠎ᠡ᠃ | 5. ᠳᠤᠯᠠᠭᠠᠨ ᠢ ᠬᠠᠮᠠᠭᠠᠯᠠᠬᠤ ᠶᠢ ᠠᠩᠬᠠᠷᠴᠤ᠂ ᠲᠠᠬᠢᠶᠠᠨ ᠰᠦᠷᠦᠭ ᠤᠨ ᠣᠪᠣᠭᠠᠷᠠᠵᠤ ᠳᠠᠷᠤᠭᠳᠠᠵᠤ | ᠦᠬᠦᠬᠦ ᠠᠴᠠ ᠰᠡᠷᠭᠡᠶᠢᠯᠡᠨ᠎ᠡ᠃ | 6. ᠸᠢᠲ᠋ᠠᠮᠢᠨ C ᠢ ᠤᠷᠢᠳᠴᠢᠯᠠᠨ ᠤᠤᠭᠤᠯᠭᠠᠵᠤ᠂ ᠠᠶᠤᠩᠭ᠎ᠠ ᠳᠤᠤᠭᠠᠷᠬᠤ ᠦᠶ᠎ᠡ ᠶᠢᠨ ᠰᠡᠷᠡᠯᠵᠢᠯ ᠠᠴᠠ | ᠵᠠᠶᠢᠯᠠᠰᠬᠢᠵᠦ᠂ ᠰᠥᠨᠢ ᠴᠠᠬᠢᠯᠭᠠᠨ ᠵᠣᠭᠰᠣᠪᠠᠯ ᠴᠠᠭ ᠲᠤᠬᠠᠢ ᠳᠤ ᠨᠢ ᠭᠡᠷᠡᠯᠲᠦᠭᠦᠯᠦᠨ᠎ᠡ᠃ | 7. ᠪᠣᠷᠣᠭᠠᠨ ᠲᠣᠩ ᠶᠡᠭᠡ ᠪᠣᠯ ᠲᠠᠬᠢᠶᠠᠨ ᠰᠦᠷᠦᠭ ᠭᠠᠷᠭᠠᠬᠤ ᠦᠭᠡᠢ᠂ ᠭᠡᠪᠡᠴᠦ ᠰᠠᠯᠬᠢ ᠵᠢᠪᠠᠷ | ᠨᠡᠪᠲᠡᠷᠡᠭᠦᠯᠬᠦ ᠶᠢ ᠪᠠᠲᠤᠯᠠᠬᠤ ᠬᠡᠷᠡᠭᠲᠡᠢ᠃ | | | | | |