ᠰᠢᠶᠠᠨ ᠢᠦᠢ 1219
ᠨᠡᠶᠢᠲᠡᠯᠡᠭᠰᠡᠨ ᠴᠠᠭ᠄
2024/2/16
      ᠡᠭᠦᠯᠳᠡᠷ ᠤᠨ ᠨᠡᠷᠡᠶᠢᠳᠦᠯ᠄ ᠰᠢᠶᠠᠨ ᠢᠦᠢ 1219      ᠭᠤᠶᠤᠴᠢᠯᠠᠭᠰᠠᠨ ᠨᠢᠭᠡᠴᠡ᠄ ᠲᠢᠶᠧᠯᠢᠩ ᠤᠨ ᠰᠢᠶᠠᠨ ᠹᠧᠩ ᠦᠷ᠎ᠡ ᠶᠢᠨ ᠰᠤᠳᠤᠯᠭᠠᠨ ᠤ ᠬᠢᠵᠠᠭᠠᠷᠲᠤ ᠺᠣᠮᠫᠠᠨᠢ      ᠰᠣᠩᠭᠤᠨ ᠪᠤᠶᠢᠵᠢᠭᠤᠯᠤᠭᠰᠠᠨ ᠨᠢᠭᠡᠴᠡ᠄ ᠲᠢᠶᠧᠯᠢᠩ ᠨᠡᠷᠡᠮᠵᠢᠲᠦ ᠰᠢᠶᠠᠨ ᠹᠧᠩ ᠦᠷ᠎ᠡ ᠶᠢᠨ ᠰᠤᠳᠤᠯᠭᠠᠨ ᠤ ᠬᠢᠵᠠᠭᠠᠷᠲᠤ ᠺᠣᠮᠫᠠᠨᠢ      ᠡᠭᠦᠯᠳᠡᠷ ᠤᠨ ᠢᠷᠡᠯᠲᠡ᠄ PHEHG  ᠪᠠᠷ ᠡᠬᠡ ᠦᠨᠳᠦᠰᠦ ᠪᠣᠯᠭᠠᠵᠤ᠂ PHF1J ᠪᠠᠷ ᠡᠴᠢᠭᠡ ᠦᠨᠳᠦᠰᠦ ᠶᠢᠨ ᠡᠷᠯᠢᠰᠡᠵᠢᠭᠦᠯᠦᠨ ᠰᠣᠩᠭᠤᠨ ᠪᠣᠶᠢᠵᠢᠭᠤᠯᠤᠭᠰᠠᠨ ᠶᠤᠮ᠃ ᠡᠬᠡ ᠦᠨᠳᠦᠰᠦ ᠨᠢ PH1MC/PH51H ᠢᠶᠠᠷ ᠰᠠᠭᠤᠷᠢ ᠮᠠᠲ᠋ᠧᠷᠢᠶᠠᠯ ᠪᠣᠯᠭᠠᠨ ᠰᠣᠩᠭᠤᠨ ᠪᠣᠶᠢᠵᠢᠭᠤᠯᠵᠠᠢ︔ ᠡᠴᠢᠭᠡ ᠦᠨᠳᠦᠰᠦ  ᠨᠢ ᠭᠠᠭᠴᠠ ᠡᠷᠯᠢᠰᠡᠵᠢᠭᠦᠯᠦᠭᠰᠡᠨ PH0AV/PH1CN ᠪᠣᠯᠣᠨ PH0AV ᠪᠦᠯᠦᠭᠯᠡᠯ ᠤᠨ ᠰᠣᠯᠪᠢᠴᠠᠯ ᠤᠨ ᠪᠦᠯᠦᠭᠯᠡᠯ ᠠᠴᠠ ᠢᠷᠡᠯᠲᠡ ᠲᠠᠢ᠃      ᠰᠢᠨᠵᠢ ᠪᠠᠶᠢᠳᠠᠯ᠄      ᠨᠢᠯᠬ᠎ᠠ ᠴᠢᠬᠢ᠄ ᠨᠠᠪᠴᠢᠨ ᠤ ᠢᠯᠲᠠᠰᠤ ᠨᠢ ᠨᠣᠭᠤᠭᠠᠨ᠂ ᠨᠠᠪᠴᠢᠨ ᠤ ᠳᠤᠭᠲᠤᠢ ᠨᠢ ᠪᠣᠷᠣ ᠥᠩᠭᠡᠲᠡᠢ᠃      ᠰᠠᠭᠤᠷᠢ ᠤᠷᠭᠤᠮᠠᠯ᠄ ᠠᠪᠴᠠᠯᠳᠤᠩᠭᠤᠢ ᠬᠡᠯᠪᠡᠷᠢ ᠲᠠᠢ᠂ ᠰᠠᠭᠤᠷᠢ ᠶᠢᠨ ᠥᠨᠳᠥᠷ ᠨᠢ 266cm᠂ ᠲᠦᠷᠦᠭᠦᠦ ᠶᠢᠨ ᠪᠠᠶᠢᠷᠢ ᠨᠢ 101cm᠂ 17.6 ᠨᠠᠪᠴᠢ  ᠲᠠᠢ᠃      ᠡᠷ᠎ᠡ ᠲᠦᠷᠦᠭᠦᠦ᠄ ᠨᠢᠭᠡᠳᠦᠭᠡᠷ ᠳᠡᠰ ᠤᠨ ᠰᠠᠯᠠᠭ᠎ᠠ ᠨᠢ 8 - 12᠂ ᠬᠠᠮᠠᠭᠠᠯᠠᠯᠲᠠ ᠶᠢᠨ ᠢᠯᠳᠠᠰᠤ ᠨᠢ ᠨᠣᠭᠤᠭᠠᠨ ᠥᠩᠭᠡ ᠲᠠᠢ᠂ ᠴᠡᠴᠡᠭ ᠤᠨ ᠡᠮ ᠨᠢ ᠰᠢᠷ᠎ᠠ ᠥᠩᠭᠡ ᠲᠠᠢ᠃      ᠡᠮ᠎ᠡ ᠲᠦᠷᠦᠭᠦᠦ᠄ ᠴᠡᠴᠡᠭ ᠤᠨ ᠰᠢᠷᠬᠡᠭ ᠨᠢ ᠭᠦᠢᠬᠡᠨ ᠨᠣᠭᠤᠭᠠᠨ ᠥᠩᠭᠡ ᠲᠠᠢ᠃      ᠵᠢᠮᠢᠰ ᠤᠨ ᠲᠦᠷᠦᠭᠦᠦ᠄ ᠪᠣᠭᠤᠨᠢ ᠲᠦᠩᠰᠡ ᠶᠢᠨ ᠬᠡᠯᠪᠡᠷᠢ ᠲᠠᠢ᠂ ᠤᠯᠠᠭᠠᠨ ᠲᠡᠩᠭᠡᠯᠢᠭ ᠲᠠᠢ᠂ ᠲᠦᠷᠦᠭᠦᠦ ᠶᠢᠨ ᠣᠷᠳᠣ ᠨᠢ 17.3cm᠂ ᠲᠦᠷᠦᠭᠦᠦ ᠶᠢᠨ ᠪᠦᠳᠦᠭᠦᠨ ᠨᠢ 4.3cm᠂ ᠬᠤᠵᠢᠭᠢᠷ ᠦᠵᠦᠭᠦᠷ  ᠨᠢ 0.3cm᠂ ᠲᠦᠷᠦᠭᠦᠦ ᠶᠢᠨ ᠮᠥᠷ ᠨᠢ 14 -16᠂ ᠮᠥᠷ ᠪᠦᠷᠢ ᠶᠢᠨ ᠮᠦᠬᠦᠯᠢᠭ ᠤᠨ ᠲᠤᠭ᠎ᠠ  ᠨᠢ 35.0᠂ ᠦᠷ᠎ᠡ ᠭᠠᠷᠬᠤ ᠨᠣᠷᠮ᠎ᠠ ᠨᠢ 81.2% ᠪᠠᠶᠢᠳᠠᠭ᠃      ᠦᠷ᠎ᠡ ᠶᠢᠨ ᠮᠥᠬᠦᠯᠢᠭ᠄ ᠮᠣᠷᠢᠨ ᠰᠢᠳᠦ ᠶᠢᠨ ᠬᠡᠯᠪᠡᠷᠢ  ᠲᠠᠢ᠂ ᠰᠢᠷ᠎ᠠ ᠥᠩᠭᠡᠲᠡᠢ᠂ ᠵᠠᠭᠤᠨ ᠮᠥᠬᠦᠯᠢᠭ ᠤᠨ ᠬᠦᠨᠳᠦ ᠨᠢ 30.5g ᠪᠠᠶᠢᠳᠠᠭ᠃      ᠶᠠᠰᠤ ᠴᠢᠨᠠᠷ᠄ 2014 ᠣᠨ ᠳᠤ ᠲᠠᠷᠢᠶᠠᠯᠠᠩ ᠤᠨ ᠶᠠᠮᠤᠨ ᠤ ᠠᠮᠤ ᠪᠤᠳᠠᠭ᠎ᠠ ᠵᠢᠴᠢ ᠪᠦᠲᠦᠭᠡᠭᠳᠡᠬᠦᠨ ᠤ ᠶᠠᠰᠤ ᠴᠢᠨᠠᠷ ᠲᠤ ᠬᠢᠨᠠᠯᠲᠠ ᠲᠠᠯᠪᠢᠵᠤ ᠰᠢᠯᠭᠠᠨ ᠪᠠᠶᠢᠴᠠᠭᠠᠬᠤ ᠲᠥᠪ ︵ᠬᠠᠷᠪᠢᠨ︶ ᠤᠨ ᠬᠡᠮᠵᠢᠨ ᠲᠣᠭᠲᠠᠭᠠᠭᠰᠠᠨ ᠢᠶᠠᠷ᠂ ᠪᠠᠭᠲᠠᠭᠠᠮᠵᠢ ᠶᠢᠨ ᠬᠦᠨᠳᠦ ᠨᠢ 721g/L᠂ ᠪᠦᠳᠦᠭᠦᠯᠢᠭ ᠤᠭᠤᠷᠠᠭ  ᠨᠢ 9.02%᠂ ᠪᠦᠳᠦᠭᠦᠯᠢᠭ ᠥᠭᠡᠬᠦ  ᠨᠢ 3.09%᠂ ᠪᠦᠳᠦᠭᠦᠯᠢᠭ ᠴᠠᠷᠳᠠᠭᠤᠯ  ᠨᠢ 73.57%᠂ ᠯᠠᠶᠢᠰᠢᠨ ᠰᠢᠪᠲᠦᠷᠲᠦ ᠬᠦᠴᠢᠯ  ᠨᠢ 0.28% ᠪᠣᠯᠣᠨ᠎ᠠ᠃      ᠡᠰᠡᠷᠭᠦᠴᠡᠬᠦ ᠴᠢᠨᠠᠷ᠄ 2014 ᠣᠨ ᠤ ᠭᠢᠷᠢᠨ ᠮᠤᠵᠢ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠷᠭᠤᠮᠠᠯ ᠤᠨ ᠬᠠᠮᠠᠭᠠᠯᠠᠯᠲᠠ ᠶᠢᠨ ᠭᠠᠵᠠᠷ ᠤᠨ ᠬᠥᠮᠥᠨ ᠤ ᠬᠦᠴᠦ ᠪᠠᠷ ᠳᠠᠷᠢᠭᠰᠠᠨ᠂ ᠬᠤᠷᠣᠬᠠᠢ ᠡᠰᠡᠷᠭᠦᠴᠡᠬᠦ ᠴᠢᠨᠠᠷ ᠤᠨ ᠬᠢᠨᠠᠨ ᠲᠣᠭᠲᠠᠭᠠᠯᠲᠠ ᠳᠤ᠂ ᠲᠣᠮᠣ ᠲᠣᠯᠪᠣᠲᠤ ᠡᠪᠡᠳᠴᠢᠨ ︵7S︶᠂ ᠮᠤᠷᠤᠢ ᠰᠫᠣᠷᠲᠦ ᠡᠪᠡᠳᠴᠢᠨ ︵7S︶ ᠢ ᠡᠰᠡᠷᠭᠦᠴᠡᠨ᠂ ᠰᠢᠷᠬᠡᠭ  ᠨᠢ ᠬᠠᠷᠠᠤ ᠲᠦᠷᠦᠭᠦᠲᠦ ᠡᠪᠡᠳᠴᠢᠨ ︵0.0% HR︶ ᠢ ᠴᠢᠩᠭ᠎ᠠ ᠡᠰᠡᠷᠭᠦᠴᠡᠵᠦ᠂ ᠡᠰᠢ  ᠨᠢ ᠢᠯᠵᠢᠷᠡᠬᠦ ᠡᠪᠡᠳᠴᠢᠨ ︵13.8% MR︶ ᠢ ᠳᠤᠮᠳᠠ ᠡᠰᠡᠷᠭᠦᠴᠡᠵᠦ᠂ ᠡᠷᠳᠡᠨᠢ ᠰᠢᠰᠢ ᠶᠢᠨ ᠮᠢᠩ ᠡᠷᠪᠡᠬᠡᠢ ︵4.7 MR︶ ᠶᠢ ᠳᠤᠮᠳᠠ ᠡᠰᠡᠷᠭᠦᠴᠡᠳᠡᠭ᠃      ᠲᠤᠷᠰᠢᠯᠲᠠ ᠶᠢᠨ ᠪᠠᠶᠢᠳᠠᠯ᠄      2012 ᠣᠨ ᠳᠤ ᠲᠤᠶᠢᠯ ᠤᠨ ᠡᠷᠲᠡ ᠪᠣᠯᠪᠠᠰᠤᠷᠠᠬᠤ ᠳᠤᠭᠤᠶᠢᠯᠠᠩ ᠤᠨ ᠪᠡᠯᠡᠳᠬᠡᠯ ᠲᠤᠷᠰᠢᠯᠲᠠ ᠳᠤ ᠣᠷᠣᠯᠴᠠᠵᠤ᠂ ᠮᠦ ᠪᠦᠷᠢ ᠶᠢᠨ ᠳᠤᠮᠳᠠᠴᠢ ᠤᠨᠠᠯᠲᠠ  ᠨᠢ 633.0kg᠂ ᠳ᠋ᠠ ᠳ᠋ᠢ ᠨᠢᠭᠡᠳᠦᠭᠡᠷ  ᠲᠠᠢ ᠬᠠᠷᠢᠴᠠᠭᠤᠯᠪᠠᠯ 8.5% ᠪᠠᠷ ᠨᠡᠮᠡᠭᠳᠡᠵᠡᠢ᠃ ᠦᠷᠡᠵᠢᠯ ᠤᠨ ᠳᠤᠮᠳᠠᠴᠢ ᠬᠤᠭᠤᠴᠠᠭ᠎ᠠ ᠨᠢ 119 ᠡᠳᠦᠷ ᠪᠠᠶᠢᠵᠤ᠂ ᠵᠢᠦ ᠢᠦᠢ ᠲᠠᠢ ᠬᠠᠷᠢᠴᠠᠭᠤᠯᠪᠠᠯ 3 ᠡᠳᠦᠷ ᠣᠷᠣᠢ ᠪᠠᠶᠢᠳᠠᠭ᠃      2013 ᠣᠨ ᠳᠤ ᠲᠤᠶᠢᠯ ᠤᠨ ᠡᠷᠲᠡ ᠪᠣᠯᠪᠠᠰᠤᠷᠠᠬᠤ ᠳᠤᠭᠤᠶᠢᠯᠠᠩ ᠤᠨ ᠣᠷᠣᠨ ᠪᠦᠰᠡ ᠶᠢᠨ ᠲᠤᠷᠰᠢᠯᠲᠠ ᠳᠤ ᠣᠷᠣᠯᠴᠠᠵᠤ᠂ ᠮᠦ ᠪᠦᠷᠢ ᠶᠢᠨ ᠳᠤᠮᠳᠠᠴᠢ ᠤᠨᠠᠯᠲᠠ  ᠨᠢ 694.4kg᠂ ᠳᠤᠭᠤᠶᠢᠯᠠᠩ ᠤᠨ ᠳᠤᠮᠳᠠᠴᠢ ᠬᠡᠮᠵᠢᠭᠳᠡᠯ ᠠᠴᠠ 2.8% ᠪᠠᠷ ᠨᠡᠮᠡᠭᠳᠡᠵᠡᠢ᠃ ᠦᠷᠡᠵᠢᠯ ᠤᠨ ᠳᠤᠮᠳᠠᠴᠢ ᠬᠤᠭᠤᠴᠠᠭ᠎ᠠ ᠨᠢ 115 ᠡᠳᠦᠷ ᠪᠠᠶᠢᠵᠤ᠂ ᠵᠢᠦ ᠢᠦᠢ ᠲᠠᠢ ᠬᠠᠷᠢᠴᠠᠭᠤᠯᠪᠠᠯ 2 ᠡᠳᠦᠷ ᠣᠷᠣᠢ ᠪᠠᠶᠢᠳᠠᠭ᠃      2014 ᠣᠨ ᠳᠤ ᠲᠤᠶᠢᠯ ᠤᠨ ᠡᠷᠲᠡ ᠪᠣᠯᠪᠠᠰᠤᠷᠠᠬᠤ ᠳᠤᠭᠤᠶᠢᠯᠠᠩ ᠤᠨ ᠦᠢᠯᠡᠳᠪᠦᠷᠢᠯᠡᠯ ᠤᠨ ᠲᠤᠷᠰᠢᠯᠲᠠ ᠳᠤ ᠣᠷᠣᠯᠴᠠᠵᠤ᠂ ᠮᠦ ᠪᠦᠷᠢ ᠶᠢᠨ ᠳᠤᠮᠳᠠᠴᠢ ᠤᠨᠠᠯᠲᠠ  ᠨᠢ 649.4kg᠂ ᠵᠢᠦ ᠢᠦᠢ ᠲᠠᠢ ᠬᠠᠷᠢᠴᠠᠭᠤᠯᠪᠠᠯ 3.1% ᠪᠠᠷ ᠨᠡᠮᠡᠭᠳᠡᠵᠡᠢ᠃ ᠦᠷᠡᠵᠢᠯ ᠤᠨ ᠳᠤᠮᠳᠠᠴᠢ ᠬᠤᠭᠤᠴᠠᠭ᠎ᠠ ᠨᠢ 118 ᠡᠳᠦᠷ ᠪᠠᠶᠢᠵᠤ᠂ ᠬᠠᠷᠢᠴᠠᠭᠤᠯᠪᠠᠯ 3 ᠡᠳᠦᠷ ᠣᠷᠣᠢ ᠪᠠᠶᠢᠳᠠᠭ᠃      ᠲᠠᠷᠢᠵᠤ ᠪᠣᠶᠢᠵᠢᠭᠤᠯᠬᠤ ᠮᠡᠷᠭᠡᠵᠢᠯ ᠤᠨ ᠭᠤᠣᠯᠳᠠᠯᠭ᠎ᠠ᠄      ᠲᠠᠷᠢᠬᠤ ᠬᠤᠭᠤᠴᠠᠭ᠎ᠠ᠄ 4 ᠰᠠᠷ᠎ᠠ ᠶᠢᠨ ᠰᠡᠭᠦᠯᠴᠢ ᠠᠴᠠ 5 ᠰᠠᠷ᠎ᠠ ᠶᠢᠨ ᠡᠬᠢ ᠪᠣᠯᠲᠠᠯ᠎ᠠ᠃      ᠨᠢᠭᠲᠠᠴᠠ᠄ ᠮᠦ ᠪᠦᠷᠢ ᠶᠢᠨ ᠬᠠᠮᠠᠭᠠᠯᠠᠯᠲᠠ ᠶᠢᠨ ᠴᠢᠬᠢ  ᠨᠢ 5000 ᠰᠠᠭᠤᠷᠢ ᠣᠷᠴᠢᠮ᠃      ᠪᠣᠷᠳᠣᠭᠤᠷ ᠣᠷᠣᠭᠤᠯᠬᠤ᠄ ᠮᠦ ᠪᠦᠷᠢ ᠳᠤ ᠹᠣᠰᠹᠣᠷ ᠬᠦᠴᠢᠯ ᠤᠨ ᠬᠤᠶᠠᠷᠴᠢ ᠠᠮᠮᠤᠨᠢ 15-20kg ᠢ ᠣᠷᠤᠭᠤᠯᠵᠤ᠂ ᠦᠶᠡᠯᠡᠬᠦ ᠬᠤᠭᠤᠴᠠᠭ᠎ᠠ ᠠᠴᠠ ᠪᠠᠭ᠎ᠠ ᠪᠦᠷᠢᠶᠡᠨ ᠤ ᠠᠮᠠᠰᠠᠷ ᠤᠨ ᠬᠤᠭᠤᠴᠠᠭ᠎ᠠ ᠬᠦᠷᠲᠡᠯ᠎ᠡ ᠮᠦ ᠪᠦᠷᠢ ᠳᠤ 30-35kg ᠤᠨ ᠰᠢᠭᠡᠰᠦᠯᠢᠭ ᠡᠳ᠋ ᠨᠡᠮᠡᠵᠦ ᠣᠷᠤᠭᠤᠯᠬᠤ ᠬᠡᠷᠡᠭᠲᠡᠢ᠃      ᠠᠩᠬᠠᠷᠬᠤ ᠵᠦᠢᠯ᠄ ᠡᠷᠳᠡᠨᠢ ᠰᠢᠰᠢ ᠶᠢᠨ ᠲᠣᠮᠣ ᠲᠣᠯᠪᠣᠲᠤ ᠡᠪᠡᠳᠴᠢᠨ ᠬᠦᠨᠳᠦ ᠡᠭᠦᠰᠬᠦ ᠣᠷᠣᠨ ᠳᠤ ᠪᠣᠯᠭᠤᠮᠵᠢᠲᠠᠢ ᠪᠠᠷ ᠬᠡᠷᠡᠭᠯᠡᠬᠦ ᠬᠡᠷᠡᠭᠲᠡᠢ︔ ᠮᠤᠷᠤᠢ ᠰᠫᠣᠷᠲᠦ ᠡᠪᠡᠳᠴᠢᠨ ᠢ ᠰᠡᠷᠭᠡᠶᠢᠯᠡᠨ ᠵᠠᠰᠠᠬᠤ ᠶᠢ ᠠᠩᠬᠠᠷᠬᠤ ᠬᠡᠷᠡᠭᠲᠡᠢ᠃      ᠲᠣᠬᠢᠷᠠᠮᠵᠢᠲᠠᠢ ᠭᠠᠵᠠᠷ ᠣᠷᠣᠨ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 10℃ ᠤᠨ ᠠᠵᠢᠯᠯᠠᠭ᠎ᠠ ᠶᠢᠨ ᠬᠤᠷᠠᠮᠳᠤᠭᠰᠠᠨ ᠳᠤᠯᠠᠭᠠᠨ ᠤ ᠬᠡᠮᠵᠢᠶ᠎ᠡ  ᠨᠢ 2100℃ ᠠᠴᠠ ᠳᠡᠭᠡᠭᠰᠢᠬᠢ ᠭᠠᠵᠠᠷ ᠣᠷᠣᠨ ᠳᠤ ᠲᠠᠷᠢᠪᠠᠯ ᠲᠣᠬᠢᠷᠠᠮᠵᠢᠲᠠᠢ ᠪᠠᠶᠢᠳᠠᠭ᠃ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号