ᠲᠣᠷᠣᠢ ᠶᠢ ᠡᠮ ᠤᠤᠭᠤᠵᠤ ᠪᠠᠶᠢᠬᠤ ᠬᠤᠭᠤᠴᠠᠭᠠᠨ ᠳᠤ ᠬᠡᠷᠬᠢᠨ ᠲᠡᠵᠢᠭᠡᠬᠦ ᠪᠣᠢ︖
ᠨᠡᠶᠢᠲᠡᠯᠡᠭᠰᠡᠨ ᠴᠠᠭ᠄
2024/4/1
      ᠰᠢᠰᠢ ᠲᠡᠵᠢᠭᠡᠬᠦ ᠶᠢ ᠴᠡᠭᠡᠷᠯᠡᠨ᠎ᠡ᠄ ᠰᠢᠰᠢ ᠳᠤ ᠨᠡᠯᠢᠶᠡᠳ ᠠᠷᠪᠢᠨ ᠲᠠᠨᠨᠢᠨ ᠬᠦᠴᠢᠯ ᠠᠭᠤᠯᠤᠭᠳᠠᠵᠤ᠂ ᠰᠠᠭᠤᠯᠭᠠᠬᠤ ᠶᠢ ᠵᠣᠭᠰᠤᠭᠠᠬᠤ ᠦᠢᠯᠡᠳᠦᠯ ᠲᠠᠢ᠂ ᠵᠢᠱᠢᠶᠡᠯᠡᠪᠡᠯ ᠲᠣᠷᠣᠢ ᠬᠤᠣᠷᠳᠠᠭᠳᠠᠬᠤ ᠪᠤᠶᠤ ᠬᠤᠷᠭᠤᠰᠤᠯᠠᠬᠤ ᠳᠤ ᠰᠠᠭᠤᠯᠭᠠᠬᠤ ᠡᠮ ᠢ ᠬᠡᠷᠡᠭᠯᠡᠬᠦ ᠦᠶ᠎ᠡ ᠳᠤ ᠲᠡᠷᠡ ᠳᠠᠷᠤᠢ ᠳᠤᠨᠢ ᠰᠢᠰᠢ ᠲᠡᠵᠢᠭᠡᠬᠦ ᠪᠠᠨ ᠵᠣᠭᠰᠣᠬᠤ ᠬᠡᠷᠡᠭᠲᠡᠢ᠃      ᠨᠣᠭᠤᠭᠠᠨ ᠪᠤᠷᠴᠠᠭ ᠲᠡᠵᠢᠭᠡᠬᠦ ᠶᠢ ᠴᠡᠭᠡᠷᠯᠡᠨ᠎ᠡ᠄ ᠨᠣᠭᠤᠭᠠᠨ ᠪᠤᠷᠴᠠᠭ ᠤᠯᠠᠨ ᠵᠦᠢᠯ ᠤᠨ ᠡᠮ ᠢ  ᠲᠠᠶᠢᠯᠠᠨ᠎ᠠ ᠂ ᠳᠤᠷᠤᠢ ᠳᠤ ᠶᠠᠮᠠᠷ ᠡᠮ ᠤᠤᠭᠤᠯᠭᠠᠭᠰᠠᠨ ᠴᠤ ᠨᠣᠭᠤᠭᠠᠨ ᠪᠤᠷᠴᠠᠭ ᠢᠳᠡᠭᠦᠯᠬᠦ ᠶᠢ ᠴᠡᠭᠡᠷᠯᠡᠨ᠎ᠡ᠃      ᠬᠡᠪᠡᠭ ᠢᠶᠠᠷ ᠲᠡᠵᠢᠭᠡᠬᠦ ᠶᠢ ᠴᠡᠭᠡᠷᠯᠡᠨ᠎ᠡ᠄ ᠪᠤᠭᠤᠳᠠᠢ ᠶᠢᠨ ᠬᠡᠪᠡᠭ ᠨᠢ ᠹᠣᠰᠹᠣᠷ ᠶᠡᠬᠡᠲᠡᠢ᠂ ᠺᠠᠯᠼ ᠪᠠᠭ᠎ᠠ ᠲᠠᠢ ᠲᠡᠵᠢᠭᠡᠯ ᠪᠣᠷᠳᠤᠭ᠎ᠠ᠂ ᠲᠡᠭᠦᠨ ᠤ ᠹᠣᠰᠹᠣᠷ ᠤᠨ ᠠᠭᠤᠯᠤᠭᠳᠠᠴᠠ ᠨᠢ ᠺᠠᠯᠼ ᠤᠨ ᠬᠡᠮᠵᠢᠶ᠎ᠡ ᠶᠢᠨ 3.5 ᠳᠠᠬᠢᠨ ᠠᠴᠠ ᠳᠡᠭᠡᠭᠰᠢ᠂ ᠶᠠᠰᠤ ᠵᠥᠭᠡᠯᠡᠷᠡᠬᠦ ᠡᠪᠡᠳᠴᠢᠨ᠂ ᠰᠢᠭᠡᠰᠦᠨ ᠤ ᠴᠢᠯᠠᠭᠤᠰᠢᠷᠠᠯ ᠵᠡᠷᠭᠡ ᠡᠪᠡᠳᠴᠢᠨ ᠢ ᠵᠠᠰᠠᠬᠤ ᠳᠤ ᠬᠡᠪᠡᠭ ᠢᠶᠠᠷ ᠲᠡᠵᠢᠭᠡᠬᠦ ᠪᠠᠨ ᠵᠣᠭᠰᠣᠬᠤ ᠬᠡᠷᠡᠭᠲᠡᠢ᠃ ᠹᠣᠰᠹᠣᠷ ᠢ ᠬᠡᠲᠦᠷᠬᠡᠢ ᠠᠷᠪᠢᠨ ᠬᠡᠷᠡᠭᠯᠡᠪᠡᠯ ᠲᠡᠮᠦᠷ ᠤᠨ ᠰᠢᠩᠭᠡᠭᠡᠯᠲᠡ ᠶᠢ ᠪᠠᠭᠤᠷᠠᠭᠤᠯᠤᠨ᠎ᠠ᠂ ᠬᠦᠬᠦᠷ ᠬᠦᠴᠢᠯ ᠤᠨ ᠳᠤᠲᠠᠭᠤ ᠲᠡᠮᠦᠷ ᠵᠡᠷᠭᠡ ᠡᠮ ᠢᠶᠠᠷ ᠭᠠᠭ᠋ᠠᠢ ᠶᠢᠨ ᠴᠢᠰᠤ ᠳᠤᠲᠠᠬᠤ ᠭᠡᠮ ᠢ ᠵᠠᠰᠠᠬᠤ ᠳᠠᠭᠠᠨ ᠬᠡᠪᠡᠭ ᠢ ᠨᠢ ᠨᠡᠩ ᠴᠤ ᠵᠣᠭᠰᠤᠭᠠᠬᠤ ᠬᠡᠷᠡᠭᠲᠡᠢ᠃      ᠴᠢᠰᠤᠨ ᠤ ᠨᠣᠨᠳᠠᠭ ᠲᠡᠵᠢᠭᠡᠬᠦ ᠶᠢ ᠴᠡᠭᠡᠷᠯᠡᠨ᠎ᠡ᠄ ᠴᠢᠰᠤᠨ ᠤ ᠨᠤᠨᠳᠠᠭ ᠪᠣᠯ ᠤᠭᠤᠷᠠᠭ ᠢᠶᠠᠷ ᠨᠡᠯᠢᠶᠡᠳ ᠠᠷᠪᠢᠨ ᠠᠭᠤᠯᠤᠭᠳᠠᠬᠤ ᠠᠮᠢᠲᠠᠨ ᠤ ᠴᠢᠨᠠᠷᠲᠠᠢ ᠤᠭᠤᠷᠠᠭᠲᠤ ᠪᠣᠷᠳᠤᠭ᠎ᠠ ᠪᠣᠯᠣᠨ᠎ᠠ᠃ ᠰᠢᠮᠡᠲᠦ᠂ ᠪᠣᠯᠭᠤᠭᠰᠠᠨ ᠬᠤᠷᠤᠭᠤᠪᠴᠢᠨ ᠴᠡᠴᠡᠭ᠂ ᠵᠣᠵᠢᠷ ᠡᠪᠡᠰᠦ᠂ ᠲᠦᠭᠦᠬᠡᠢ ᠬᠤᠷᠤᠭᠤᠪᠴᠢᠨ ᠴᠡᠴᠡᠭ᠂ ᠶᠠᠰᠤ ᠰᠢᠮᠡᠵᠢᠭᠦᠯᠬᠦ ᠥᠭᠡᠬᠦ ᠵᠡᠷᠭᠡ ᠶᠢ ᠦᠷᠭᠦᠯᠵᠢ ᠬᠡᠷᠡᠭᠯᠡᠳᠡᠭ ᠬᠢᠲᠠᠳ ᠡᠪᠡᠰᠦᠨ ᠡᠮ ᠢ ᠴᠢᠰᠤᠨ ᠤ ᠨᠤᠨᠳᠠᠭ ᠲᠠᠢ ᠬᠠᠮᠲᠤ ᠬᠡᠷᠡᠭᠯᠡᠬᠦ ᠶᠢ ᠴᠡᠭᠡᠷᠯᠡᠵᠦ᠂ ᠭᠠᠵᠢᠭᠤ ᠦᠢᠯᠡᠳᠦᠯ ᠢ ᠨᠡᠮᠡᠭᠳᠡᠭᠦᠯᠬᠦ ᠠᠴᠠ ᠰᠡᠷᠭᠡᠶᠢᠯᠡᠨ᠎ᠡ᠃      ᠶᠠᠰᠤᠨ ᠨᠤᠨᠳᠠᠭ ᠲᠡᠵᠢᠭᠡᠬᠦ ᠶᠢ ᠴᠡᠭᠡᠷᠯᠡᠨ᠎ᠡ᠄ ᠶᠠᠰᠤᠨ ᠨᠤᠨᠳᠠᠭ ᠲᠤ ᠨᠡᠯᠢᠶᠡᠳ ᠠᠷᠪᠢᠨ ᠡᠷᠦᠳᠡᠰᠦ ᠪᠣᠳᠠᠰ ᠠᠭᠤᠯᠤᠭᠳᠠᠵᠤ᠂ ᠰᠢᠷᠣᠢ ᠶᠢᠨ ᠬᠥᠭᠡᠴᠦ ᠶᠢᠨ ᠡᠳ᠋᠂ ᠲᠧᠲᠷᠠᠼᠢᠺᠯᠢᠨ ᠤ ᠡᠮᠴᠢᠯᠡᠭᠡᠨ ᠤ ᠠᠴᠢ ᠲᠤᠰᠠ ᠶᠢ ᠪᠠᠭᠤᠷᠠᠭᠤᠯᠤᠨ᠎ᠠ᠂ ᠡᠨᠡ ᠬᠤᠶᠠᠷ ᠵᠦᠢᠯ ᠤᠨ ᠪᠠᠺᠲ᠋ᠧᠷᠢ ᠡᠰᠡᠷᠭᠦᠴᠡᠬᠦ ᠡᠳ᠋ ᠢᠶᠠᠷ ᠬᠠᠯᠳᠠᠪᠤᠷᠢᠯᠠᠯ ᠤᠨ ᠴᠢᠨᠠᠷᠲᠠᠢ ᠡᠪᠡᠳᠴᠢᠨ ᠢ ᠵᠠᠰᠠᠬᠤ ᠦᠶ᠎ᠡ ᠳᠤ ᠶᠠᠰᠤᠨ ᠨᠤᠨᠳᠠᠭ ᠤᠤᠭᠤᠯᠭᠠᠬᠤ ᠶᠢ ᠴᠡᠭᠡᠷᠯᠡᠨ᠎ᠡ᠃      ᠳᠠᠪᠤᠰᠤ ᠲᠡᠵᠢᠭᠡᠬᠦ ᠶᠢ ᠴᠡᠭᠡᠷᠯᠡᠨ᠎ᠡ᠄ ᠲᠣᠷᠣᠢ ᠶᠢᠨ ᠤᠤᠭᠤᠬᠤ ᠯᠢᠶᠠᠨ ᠮᠧᠢ ᠰᠦ ᠪᠷᠤᠮ ᠳᠤ ᠨᠢᠭᠡᠳᠪᠦᠷᠢ ᠶᠢᠨ ᠨᠠᠶᠢᠷᠠᠯᠭ᠎ᠠ ᠶᠢ ᠬᠡᠷᠡᠭᠯᠡᠬᠦ ᠪᠤᠶᠤ ᠪᠥᠭᠡᠷᠡᠨ ᠤ ᠦᠷᠪᠢᠰᠦᠯ ᠢ ᠵᠠᠰᠠᠬᠤ ᠬᠤᠭᠤᠴᠠᠭᠠᠨ ᠳᠤ ᠴᠥᠮ ᠳᠠᠪᠤᠰᠤ ᠢᠳᠡᠭᠦᠯᠬᠦ ᠶᠢ ᠬᠢᠵᠠᠭᠠᠷᠯᠠᠬᠤ ᠪᠤᠶᠤ ᠵᠣᠭᠰᠤᠭᠠᠬᠤ ᠬᠡᠷᠡᠭᠲᠡᠢ᠃ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号