ᠡᠭᠦᠯᠳᠡᠷ ᠤᠨ ᠨᠡᠷᠡᠶᠢᠳᠦᠯ᠄ ᠹᠧᠩ ᠺᠧᠨ 599 | ᠬᠢᠨᠠᠨ ᠲᠣᠭᠲᠠᠭᠠᠭᠰᠠᠨ ᠳ᠋ᠤᠭᠠᠷ᠄ ᠭᠦᠸᠧ ᠱᠧᠨ ᠢᠦᠢ 20210155 | ᠰᠣᠩᠭᠤᠨ ᠪᠣᠶᠢᠵᠢᠭᠤᠯᠬᠤ ᠨᠢᠭᠡᠴᠡ᠄ ᠥᠪᠥᠷ ᠮᠣᠩᠭᠤᠯ ᠤᠨ ᠹᠧᠩ ᠺᠧᠨ ᠦᠷ᠎ᠡ ᠶᠢᠨ ᠦᠢᠯᠡᠰ ᠤᠨ | ᠬᠢᠵᠠᠭᠠᠷᠲᠤ ᠬᠠᠷᠢᠭᠤᠴᠠᠯᠭᠠᠲᠤ ᠺᠣᠮᠫᠠᠨᠢ | ᠣᠨᠴᠠᠯᠢᠭ ᠰᠢᠨᠵᠢ᠄ ᠤᠮᠠᠷᠠᠲᠤ ᠣᠷᠣᠨ ᠤ ᠲᠤᠶᠢᠯ ᠤᠨ ᠡᠷᠲᠡ ᠪᠣᠯᠪᠠᠰᠤᠷᠠᠬᠤ ᠬᠠᠪᠤᠷ ᠤᠨ ᠡᠷᠳᠡᠨᠢ ᠰᠢᠰᠢ ᠶᠢᠨ | ᠳᠤᠭᠤᠶᠢᠯᠠᠩ ᠤᠨᠴᠢᠬᠢᠯᠡᠬᠦ ᠠᠴᠠ ᠪᠣᠯᠪᠠᠰᠤᠷᠠᠬᠤ ᠬᠦᠷᠲᠡᠯ᠎ᠡ 120.2 ᠡᠳᠦᠷ᠂ ᠳ᠋ᠧ ᠮᠧᠶ ᠶᠠ 1 ᠳ᠋ᠤᠭᠡᠷ ᠨᠣᠮᠧᠷ ᠲᠠᠢ | ᠬᠠᠷᠢᠴᠠᠭᠤᠯᠪᠠᠯ 1 ᠡᠳᠦᠷ ᠣᠷᠣᠢ ᠪᠣᠯᠪᠠᠰᠤᠷᠠᠨ᠎ᠠ᠃ ᠨᠢᠯᠬ᠎ᠠ ᠴᠢᠬᠢ ᠶᠢᠨ ᠨᠠᠪᠴᠢᠨ ᠤ ᠳᠤᠭᠲᠤᠢ ᠨᠢ ᠨᠣᠭᠤᠭᠠᠨ᠂ | ᠨᠠᠪᠴᠢᠨ ᠤ ᠢᠯᠲᠠᠰᠤ ᠨᠢ ᠨᠣᠭᠤᠭᠠᠨ᠂ ᠨᠠᠪᠴᠢᠨ ᠤ ᠬᠦᠪᠡᠭᠡ ᠨᠢ ᠨᠣᠭᠤᠭᠠᠨ᠂ ᠴᠡᠴᠡᠭ ᠤᠨ ᠡᠮ ᠨᠢ ᠰᠢᠷ᠎ᠠ᠂ ᠬᠠᠯᠢᠰᠤ | ᠨᠢ ᠨᠣᠭᠤᠭᠠᠨ ᠪᠠᠶᠢᠳᠠᠭ᠃ ᠰᠠᠭᠤᠷᠢ ᠶᠢᠨ ᠬᠡᠯᠪᠡᠷᠢ ᠨᠢ ᠬᠠᠭᠠᠰ ᠨᠢᠭᠲᠠ᠂ ᠥᠨᠳᠥᠷ ᠨᠢ 273 ᠰᠠᠨᠲ᠋ᠢᠮᠧᠲᠷ᠂ | ᠲᠦᠷᠦᠭᠦᠦ ᠶᠢᠨ ᠪᠠᠶᠢᠷᠢ ᠨᠢ 103 ᠰᠠᠨᠲ᠋ᠢᠮᠧᠲᠷ᠂ ᠪᠣᠯᠪᠠᠰᠤᠷᠠᠭᠰᠠᠨ ᠨᠠᠪᠴᠢᠨ ᠤ ᠢᠯᠲᠠᠰᠤ ᠨᠢ 16 ᠬᠡᠰᠡᠭ | ᠪᠠᠶᠢᠳᠠᠭ᠃ ᠵᠢᠮᠢᠰ ᠤᠨ ᠲᠦᠷᠦᠭᠦᠦ ᠨᠢ ᠪᠣᠷᠲᠣᠭᠤᠨ ᠬᠡᠯᠪᠡᠷᠢᠲᠡᠢ᠂ ᠲᠦᠷᠦᠭᠦᠦ ᠶᠢᠨ ᠤᠷᠳᠤ ᠨᠢ 17.9 ᠰᠠᠨᠲ᠋ᠢᠮᠧᠲᠷ᠂ | ᠲᠦᠷᠦᠭᠦᠦ ᠶᠢᠨ ᠮᠥᠷ ᠨᠢ 14 -16 ᠮᠥᠷ᠂ ᠲᠦᠷᠦᠭᠦᠦ ᠶᠢᠨ ᠪᠦᠳᠦᠭᠦᠨ ᠨᠢ 4.7 ᠰᠠᠨᠲ᠋ᠢᠮᠧᠲᠷ᠂ ᠲᠦᠷᠦᠭᠦᠦ ᠶᠢᠨ | ᠲᠡᠩᠭᠡᠯᠢᠭ ᠨᠢ ᠤᠯᠠᠭᠠᠨ᠂ ᠮᠥᠬᠦᠯᠢᠭ ᠨᠢ ᠰᠢᠷ᠎ᠠ᠂ ᠬᠠᠭᠠᠰ ᠮᠣᠷᠢᠨ ᠰᠢᠳᠦ ᠶᠢᠨ ᠬᠡᠯᠪᠡᠷᠢᠲᠠᠢ᠂ ᠵᠠᠭᠤᠨ ᠮᠥᠬᠦᠯᠢᠭ ᠤᠨ | ᠬᠦᠨᠳᠦ ᠨᠢ 32.9 ᠭᠷᠡᠮ ᠪᠠᠶᠢᠳᠠᠭ᠃ ᠲᠠᠷᠢᠯᠭ᠎ᠠ ᠶᠢᠨ ᠰᠢᠯᠭᠠᠨ ᠲᠣᠭᠲᠠᠭᠠᠯᠲᠠ ᠳᠤ᠂ ᠲᠣᠮᠣ ᠲᠣᠯᠪᠣᠲᠤ ᠡᠪᠡᠳᠴᠢᠨ᠂ | ᠰᠢᠷᠬᠡᠭ ᠬᠠᠷ᠎ᠠ ᠲᠦᠷᠦᠭᠦᠲᠦ ᠡᠪᠡᠳᠴᠢᠨ᠂ ᠪᠣᠷᠣ ᠲᠣᠯᠪᠣᠲᠤ ᠡᠪᠡᠳᠴᠢᠨ᠂ ᠦᠨᠳᠦᠷ ᠡᠰᠡᠷᠭᠦᠴᠡᠯᠳᠦ ᠡᠰᠢ ᠢᠯᠵᠢᠷᠡᠬᠦ | ᠡᠪᠡᠳᠴᠢᠨ᠂ ᠲᠦᠷᠦᠭᠦᠸ ᠶᠢᠨ ᠢᠯᠵᠢᠷᠡᠬᠦ ᠶᠢ ᠡᠰᠡᠷᠭᠦᠴᠡᠬᠦ ᠡᠪᠡᠳᠴᠢᠨ ᠵᠡᠷᠭᠡ ᠶᠢ ᠡᠰᠡᠷᠭᠦᠴᠡᠳᠡᠭ᠃ ᠮᠥᠬᠦᠯᠢᠭ ᠤᠨ | ᠡᠵᠡᠯᠡᠬᠦᠨ ᠤ ᠬᠦᠨᠳᠦ ᠨᠢ 790 ᠭᠷᠡᠮ/ ᠯᠢᠲᠷ᠂ ᠪᠦᠳᠦᠭᠦᠯᠢᠭ ᠤᠭᠤᠷᠠᠭ ᠤᠨ ᠠᠭᠤᠯᠤᠭᠳᠠᠴᠠ ᠨᠢ 10.66%᠂ | ᠪᠦᠳᠦᠭᠦᠯᠢᠭ ᠥᠭᠡᠬᠦ ᠶᠢᠨ ᠠᠭᠤᠯᠤᠭᠳᠠᠴᠠ ᠨᠢ 3.91%᠂ ᠪᠦᠳᠦᠭᠦᠯᠢᠭ ᠴᠠᠷᠳᠠᠭᠤᠯ ᠤᠨ ᠠᠭᠤᠯᠤᠭᠳᠠᠴᠠ ᠨᠢ | 76.18%᠂ ᠯᠠᠶᠢᠰᠢᠨ ᠰᠢᠪᠲᠦᠷᠲᠦ ᠬᠦᠴᠢᠯ ᠤᠨ ᠠᠭᠤᠯᠤᠭᠳᠠᠴᠠ ᠨᠢ 0.32% ᠪᠠᠶᠢᠳᠠᠭ᠃ | ᠲᠣᠬᠢᠷᠠᠮᠵᠢᠲᠠᠢ ᠲᠠᠷᠢᠬᠤ ᠣᠷᠣᠨ ᠪᠦᠰᠡ᠄ ᠤᠮᠠᠷᠠᠲᠤ ᠣᠷᠣᠨ ᠤ ᠲᠤᠶᠢᠯ ᠤᠨ ᠡᠷᠲᠡ ᠪᠣᠯᠪᠠᠰᠤᠷᠠᠬᠤ | ᠬᠠᠪᠤᠷ ᠤᠨ ᠡᠷᠳᠡᠨᠢ ᠰᠢᠰᠢ ᠶᠢᠨ ᠲᠣᠭᠤᠷᠢᠭ ᠤᠨ ᠥᠪᠥᠷ ᠮᠣᠩᠭᠤᠯ ᠤᠨ ᠬᠥᠯᠥᠨ ᠪᠤᠶᠢᠷ ᠬᠤᠲᠠ ᠶᠢᠨ ᠬᠡᠰᠡᠭ ᠭᠠᠵᠠᠷ | ᠣᠷᠣᠨ᠂ ᠬᠢᠩᠭᠠᠨ ᠠᠶᠢᠮᠠᠭ ᠤᠨ ᠬᠡᠰᠡᠭ ᠭᠠᠵᠠᠷ ᠣᠷᠣᠨ᠂ ᠰᠢᠯᠢ ᠶᠢᠨ ᠭᠤᠣᠯ ᠠᠶᠢᠮᠠᠭ ᠤᠨ ᠬᠡᠰᠡᠭ ᠭᠠᠵᠠᠷ ᠣᠷᠣᠨ᠂ | ᠤᠯᠠᠭᠠᠨᠴᠠᠪ ᠠᠶᠢᠮᠠᠭ ᠤᠨ ᠬᠡᠰᠡᠭ ᠭᠠᠵᠠᠷ ᠣᠷᠣᠨ᠂ ᠲᠦᠩᠯᠢᠶᠣᠣ ᠬᠤᠲᠠ ᠶᠢᠨ ᠬᠡᠰᠡᠭ ᠭᠠᠵᠠᠷ ᠣᠷᠣᠨ᠂ | ᠤᠯᠠᠭᠠᠨᠬᠠᠳᠠ ᠬᠤᠲᠠ ᠶᠢᠨ ᠬᠡᠰᠡᠭ ᠭᠠᠵᠠᠷ ᠣᠷᠣᠨ᠂ ᠪᠤᠭᠤᠲᠤ ᠬᠤᠲᠠ ᠶᠢᠨ ᠬᠤᠶᠢᠲᠤ ᠬᠡᠰᠡᠭ᠂ ᠬᠥᠬᠡᠬᠤᠲᠠ ᠶᠢᠨ | ᠬᠤᠶᠢᠲᠤ ᠬᠡᠰᠡᠭ ᠤᠨ ᠭᠠᠵᠠᠷ ᠣᠷᠣᠨ ᠳᠤ ᠳᠠᠷᠢᠬᠤ ᠳᠤ ᠲᠣᠬᠢᠷᠠᠮᠵᠢᠲᠠᠢ᠃ | | | | | |