2024 ᠣᠨ ᠤ ᠲᠠᠷᠢᠶ᠎ᠠ ᠦᠵᠡᠵᠦ ᠦᠷ᠎ᠡ ᠰᠤᠩᠭᠤᠬᠤ ᠡᠭᠦᠯᠳᠡᠷ ᠤᠨ ᠲᠠᠨᠢᠯᠴᠠᠭᠤᠯᠭ᠎ᠠ ︵ᠭᠤᠷᠪᠠ︶
ᠨᠡᠶᠢᠲᠡᠯᠡᠭᠰᠡᠨ ᠴᠠᠭ᠄
2024/4/26
      ᠡᠭᠦᠯᠳᠡᠷ ᠤᠨ ᠨᠡᠷᠡᠶᠢᠳᠦᠯ᠄ ᠯᠢ ᠾᠧ 819      ᠬᠢᠨᠠᠨ ᠲᠣᠭᠲᠠᠭᠠᠭᠰᠠᠨ ᠳ᠋ᠤᠭᠠᠷ᠄ ᠦᠪᠦᠷ ᠬᠢᠨᠠᠨ ᠰᠢᠰᠢ 2021004 ᠳ᠋ᠤᠭᠡᠷ ᠲᠣᠭᠠᠲᠤ      ᠰᠣᠩᠭᠤᠨ ᠪᠤᠶᠢᠵᠢᠭᠤᠯᠤᠭᠰᠠᠨ ᠨᠢᠭᠡᠴᠡ᠄ ᠱᠠᠨ ᠰᠢ ᠶᠢᠨ ᠯᠢᠮᠠ ᠭᠷᠠᠨᠲ ᠦᠷ᠎ᠡ ᠶᠢᠨ ᠠᠮᠤ ᠪᠤᠳᠠᠭᠠᠨ ᠤ ᠰᠤᠳᠤᠯᠤᠨ ᠨᠡᠭᠡᠭᠡᠬᠦ ᠬᠢᠵᠠᠭᠠᠷᠲᠤ ᠺᠣᠮᠫᠠᠨᠢ      ᠣᠨᠴᠠᠯᠢᠭ ᠰᠢᠨᠵᠢ᠄ ᠴᠢᠬᠢᠯᠡᠬᠦ ᠠᠴᠠ ᠪᠣᠯᠪᠠᠰᠤᠷᠠᠬᠤ ᠬᠦᠷᠲᠡᠯ᠎ᠡ 100 ᠡᠳᠦᠷ ᠣᠷᠴᠢᠮ︔ ᠨᠢᠯᠬ᠎ᠠ ᠴᠢᠬᠢ ᠶᠢᠨ ᠨᠠᠪᠴᠢᠨ ᠤ ᠳᠤᠭᠲᠤᠢ ᠨᠢ ᠬᠦᠷᠡᠩ ᠥᠩᠭᠡᠲᠡᠢ᠂ ᠨᠠᠪᠴᠢᠨ ᠤ ᠢᠯᠲᠠᠰᠤ ᠨᠢ ᠨᠣᠭᠤᠭᠠᠨ᠂ ᠨᠠᠪᠴᠢᠨ ᠤ ᠬᠦᠪᠡᠭᠡ ᠨᠢ ᠨᠣᠭᠤᠭᠠᠨ᠂ ᠨᠢᠭᠡᠳᠦᠭᠡᠷ ᠨᠠᠪᠴᠢ ᠨᠢ ᠲᠣᠭᠤᠷᠢᠭ ᠬᠡᠯᠪᠡᠷᠢ ᠲᠠᠢ︔ ᠡᠰᠢ ᠶᠢᠨ ᠬᠡᠯᠪᠡᠷᠢ ᠨᠢ ᠬᠠᠭᠠᠰ ᠨᠢᠭᠲᠠ᠂ ᠡᠰᠢ  ᠨᠢ 290 ᠰᠠᠨᠲ᠋ᠢᠮᠧᠲᠷ ᠥᠨᠳᠥᠷ᠂ ᠲᠦᠷᠦᠭᠦᠦ ᠶᠢᠨ ᠪᠠᠶᠢᠷᠢ ᠨᠢ 98 ᠰᠠᠨᠲ᠋ᠢᠮᠧᠲᠷ ᠥᠨᠳᠥᠷ᠂ ᠪᠣᠯᠪᠠᠰᠤᠷᠠᠭᠰᠠᠨ ᠡᠰᠢ ᠶᠢᠨ ᠨᠠᠪᠴᠢᠨ ᠤ ᠲᠤᠭ᠎ᠠ ᠨᠢ 16 ~ 18 ᠬᠡᠰᠡᠭ᠂ ᠴᠡᠴᠡᠭ ᠤᠨ ᠡᠮ ᠨᠢ ᠭᠦᠢᠬᠡᠨ ᠪᠣᠷᠣ᠂ ᠴᠡᠴᠡᠭ ᠤᠨ ᠰᠢᠷᠬᠡᠭ ᠨᠢ ᠭᠦᠨ ᠪᠣᠷᠣ᠂ ᠡᠷ᠎ᠡ ᠲᠦᠷᠦᠭᠦᠦ ᠶᠢᠨ ᠨᠢᠭᠡᠳᠦᠭᠡᠷ ᠳᠡᠰ ᠤᠨ ᠰᠠᠯᠠᠭ᠎ᠠ ᠨᠢ 6 ~ 9 ᠪᠠᠶᠢᠳᠠᠭ︔ ᠵᠢᠮᠢᠰ ᠤᠨ ᠲᠦᠷᠦᠭᠦᠦ ᠨᠢ ᠳᠤᠭᠤᠷᠢᠭ ᠬᠡᠯᠪᠡᠷᠢᠲᠡᠢ᠂ ᠲᠦᠷᠦᠭᠦᠦ ᠶᠢᠨ ᠲᠡᠩᠭᠡᠯᠢᠭ ᠨᠢ ᠤᠯᠠᠭᠠᠨ᠂ ᠲᠦᠷᠦᠭᠦᠦ ᠶᠢᠨ ᠣᠷᠳᠣ ᠨᠢ 21.0 ᠰᠠᠨᠲ᠋ᠢᠮᠧᠲᠷ᠂ ᠲᠦᠷᠦᠭᠦᠦ ᠶᠢᠨ ᠪᠦᠳᠦᠭᠦᠨ ᠨᠢ 4.5 ᠰᠠᠨᠲ᠋ᠢᠮᠧᠲᠷ᠂ ᠲᠦᠷᠦᠭᠦᠦ ᠶᠢᠨ ᠮᠥᠷ ᠨᠢ 12 ~ 14 ᠮᠥᠷ᠂ ᠮᠥᠷ ᠪᠦᠷᠢ  ᠨᠢ 36.5 ᠮᠥᠬᠦᠯᠢᠭ᠂ ᠳᠠᠩ ᠲᠦᠷᠦᠭᠦᠦ ᠶᠢᠨ ᠮᠥᠬᠦᠯᠢᠭ ᠤᠨ ᠬᠦᠨᠳᠦ ᠨᠢ 145.0 ᠭᠷᠡᠮ᠂ ᠦᠷ᠎ᠡ ᠭᠠᠷᠬᠤ ᠨᠣᠷᠮ᠎ᠠ ᠨᠢ 85.5%︔ ᠮᠥᠬᠦᠯᠢᠭ ᠨᠢ ᠰᠢᠷ᠎ᠠ ᠥᠩᠭᠡᠲᠡᠢ᠂ ᠬᠠᠲᠠᠭᠤᠯᠢᠭ ᠦᠷ᠎ᠡ ᠬᠡᠯᠪᠡᠷᠢᠲᠡᠢ᠂ ᠵᠠᠭᠤᠨ ᠮᠥᠬᠦᠯᠢᠭ ᠤᠨ ᠬᠦᠨᠳᠦ ᠨᠢ 32.8 ᠭᠷᠡᠮ ᠪᠠᠶᠢᠳᠠᠭ᠃      ᠶᠠᠰᠤ ᠴᠢᠨᠠᠷ᠄ 2020 ᠣᠨ ᠳᠤ ᠲᠠᠷᠢᠶᠠᠯᠠᠩ ᠬᠥᠳᠡᠭᠡ ᠲᠣᠰᠬᠤᠨ ᠤ ᠶᠠᠮᠤᠨ ᠤ ᠲᠠᠷᠢᠶᠠᠯᠠᠩ ᠤᠨ ᠪᠦᠲᠦᠭᠡᠭᠳᠡᠬᠦᠨ ᠤ ᠶᠠᠰᠤ ᠴᠢᠨᠠᠷ ᠲᠤ ᠬᠢᠨᠠᠯᠲᠠ ᠲᠠᠯᠪᠢᠵᠤ ᠰᠢᠯᠭᠠᠨ ᠪᠠᠶᠢᠴᠠᠭᠠᠬᠤ ᠲᠥᠪ ︵ᠬᠠᠷᠪᠢᠨ︶ ᠤᠨ ᠪᠠᠶᠢᠴᠠᠭᠠᠨ ᠬᠡᠮᠵᠢᠯᠲᠡ ᠳᠤ᠂ ᠮᠥᠬᠦᠯᠢᠭ ᠤᠨ ᠪᠦᠳᠦᠭᠦᠯᠢᠭ ᠤᠭᠤᠷᠠᠭ  ᠨᠢ 9.25%᠂ ᠪᠦᠳᠦᠭᠦᠯᠢᠭ ᠥᠭᠡᠬᠦ  ᠨᠢ 3.37%᠂ ᠪᠦᠳᠦᠭᠦᠯᠢᠭ ᠴᠠᠷᠳᠠᠭᠤᠯ  ᠨᠢ 76.82%᠂ ᠯᠠᠶᠢᠰᠢᠨ ᠰᠢᠪᠲᠦᠷᠲᠦ ᠬᠦᠴᠢᠯ  ᠨᠢ 0.25%᠂ ᠪᠠᠭᠲᠠᠭᠠᠮᠵᠢ ᠶᠢᠨ ᠬᠦᠨᠳᠦ  ᠨᠢ 771 ᠭᠷᠡᠮ \ ᠯᠢᠲᠷ ᠪᠠᠶᠢᠳᠠᠭ᠃      ᠲᠠᠷᠢᠯᠭ᠎ᠠ ᠶᠢᠨ ᠬᠢᠨᠠᠨ ᠲᠣᠭᠲᠠᠭᠠᠯᠲᠠ᠄ 2020 ᠣᠨ ᠳᠤ ᠭᠢᠷᠢᠨ ᠮᠤᠵᠢ ᠶᠢᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠷᠭᠤᠮᠠᠯ ᠤᠨ ᠬᠠᠮᠠᠭᠠᠯᠠᠯᠲᠠ ᠶᠢᠨ ᠭᠠᠵᠠᠷ ᠤᠨ ᠬᠥᠮᠥᠨ ᠤ ᠬᠦᠴᠦ ᠪᠠᠷ ᠳᠠᠷᠢᠬᠤ᠂ ᠬᠤᠷᠣᠬᠠᠢ ᠲᠤᠰᠴᠤ ᠡᠪᠡᠳᠴᠢᠨ ᠬᠤᠷᠣᠬᠠᠢ ᠶᠢ ᠡᠰᠡᠷᠭᠦᠴᠡᠬᠦ ᠬᠢᠨᠠᠨ ᠲᠣᠭᠲᠠᠭᠠᠯᠲᠠ ᠳᠤ᠂ ᠡᠰᠢ ᠢᠯᠵᠢᠷᠡᠬᠦ ᠡᠪᠡᠳᠴᠢᠨ ︵7.9%R︶᠂ ᠡᠷᠳᠡᠨᠢ ᠰᠢᠰᠢ ᠶᠢᠨ ᠮᠢᠩ ᠬᠤᠷᠤᠬᠠᠢ ︵3.1R︶ ᠶᠢ ᠡᠰᠡᠷᠭᠦᠴᠡᠵᠦ᠂ ᠮᠤᠷᠤᠢ ᠰᠫᠣᠷᠲᠦ ᠨᠠᠪᠴᠢᠨ ᠲᠣᠯᠪᠣᠲᠤ ᠡᠪᠡᠳᠴᠢᠨ ︵5MR︶ ᠢ ᠳᠤᠮᠳᠠ ᠵᠡᠷᠭᠡ ᠡᠰᠡᠷᠭᠦᠴᠡᠵᠦ᠂ ᠲᠣᠮᠣ ᠲᠣᠯᠪᠣᠲᠤ ᠡᠪᠡᠳᠴᠢᠨ ︵7S︶᠂ ᠰᠢᠷᠬᠡᠭ ᠬᠠᠷ᠎ᠠ ᠲᠦᠷᠦᠭᠦᠲᠦ ᠡᠪᠡᠳᠴᠢᠨ ︵36.6%S︶ ᠢ ᠨᠦᠯᠦᠭᠡᠯᠡᠳᠡᠭ᠃      ᠲᠣᠬᠢᠷᠠᠮᠵᠢᠲᠠᠢ ᠲᠠᠷᠢᠬᠤ ᠣᠷᠣᠨ ᠪᠦᠰᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠢᠬᠢᠯᠡᠬᠦ ᠠᠴᠠ ᠪᠣᠯᠪᠠᠰᠤᠷᠠᠬᠤ≥10℃ ᠤᠨ ᠬᠥᠳᠡᠯᠭᠡᠭᠡᠨ ᠤ ᠬᠤᠷᠠᠮᠳᠤᠭᠰᠠᠨ ᠳᠤᠯᠠᠭᠠᠨ ᠤ ᠬᠡᠮᠵᠢᠶ᠎ᠡ 2050℃  ᠠᠴᠠ ᠳᠡᠭᠡᠭᠰᠢᠬᠢ ᠭᠠᠵᠠᠷ ᠣᠷᠣᠨ ᠳᠤ ᠳᠠᠷᠢᠬᠤ ᠳᠤ ᠲᠣᠬᠢᠷᠠᠮᠵᠢᠲᠠᠢ ᠪᠠᠶᠢᠳᠠᠭ᠃
图片1.png
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号