ᠭᠠᠵᠠᠷ ᠣᠷᠣᠨ ᠳᠠᠭᠠᠨ ᠲᠣᠬᠢᠷᠠᠬᠤ ᠡᠷᠳᠡᠨᠢ ᠰᠢᠰᠢ ᠶᠢᠨ ᠦᠷ᠎ᠡ ᠶᠢ ᠬᠡᠷᠬᠢᠨ ᠰᠣᠩᠭᠤᠬᠤ ᠪᠤᠢ
ᠨᠡᠶᠢᠲᠡᠯᠡᠭᠰᠡᠨ ᠴᠠᠭ᠄
2024/5/10
      ᠭᠠᠵᠠᠷ ᠰᠢᠷᠤᠢ ᠶᠢᠨ ᠵᠤᠵᠠᠭᠠᠨ ᠨᠢᠮᠭᠡᠨ᠂ ᠬᠦᠴᠦ ᠰᠢᠮ᠎ᠡ ᠶᠢᠨ ᠶᠡᠭᠡ ᠪᠠᠭ᠎ᠠ ᠶᠢ ᠦᠨᠳᠦᠰᠦᠯᠡᠨ᠂ ᠲᠤᠰ ᠭᠠᠵᠠᠷ ᠣᠷᠣᠨ ᠳᠠᠭᠠᠨ ᠲᠣᠬᠢᠷᠠᠭᠰᠠᠨ ᠰᠠᠶᠢᠨ ᠡᠭᠦᠯᠳᠡᠷ ᠢ ᠰᠣᠩᠭᠤᠬᠤ ᠬᠡᠷᠡᠭᠲᠡᠢ᠃      ᠨᠢᠭᠡ᠂ ᠦᠷᠡᠵᠢᠯ ᠤᠨ ᠬᠤᠭᠤᠴᠠᠭ᠎ᠠ ᠶᠢ ᠦᠨᠳᠦᠰᠦᠯᠡᠨ ᠰᠣᠩᠭᠤᠬᠤ ᠬᠡᠷᠡᠭᠲᠡᠢ᠃      1.ᠡᠷᠲᠡ ᠪᠣᠯᠪᠠᠰᠤᠷᠠᠬᠤ ᠡᠭᠦᠯᠳᠡᠷ᠃ ᠦᠷᠡᠵᠢᠯ ᠤᠨ ᠬᠤᠭᠤᠴᠠᠭ᠎ᠠ  ᠨᠢ ᠬᠠᠪᠤᠷ ᠤᠨ ᠲᠠᠷᠢᠶᠠᠯᠠᠭ᠎ᠠ 85-100 ᠡᠳᠦᠷ᠂ ᠵᠤᠨ ᠤ ᠲᠠᠷᠢᠶᠠᠯᠠᠭ᠎ᠠ 70-85 ᠡᠳᠦᠷ᠂ ᠤᠷᠭᠤᠮᠠᠯ  ᠤᠨ ᠡᠰᠢ  ᠨᠢ ᠪᠣᠭᠤᠨᠢ᠂ ᠨᠠᠪᠴᠢᠨ ᠤ ᠢᠯᠲᠠᠰᠤ ᠨᠢ ᠴᠥᠭᠡᠨ 14-18 ᠬᠡᠰᠡᠭ᠂ ᠮᠥᠬᠦᠯᠢᠭ ᠨᠢ ᠪᠠᠭ᠎ᠠ᠂ ᠮᠢᠩᠭᠠᠨ ᠮᠥᠬᠦᠯᠢᠭ ᠪᠦᠷᠢ ᠶᠢᠨ ᠬᠦᠨᠳᠦ  ᠨᠢ ᠪᠠᠷᠤᠭ 150-250 ᠭᠷᠡᠮ ᠪᠠᠶᠢᠳᠠᠭ᠃      2.ᠳᠤᠮᠳᠠ ᠵᠡᠷᠭᠡ ᠪᠣᠯᠪᠠᠰᠤᠷᠠᠬᠤ ᠡᠭᠦᠯᠳᠡᠷ᠃ ᠦᠷᠡᠵᠢᠯ ᠤᠨ ᠬᠤᠭᠤᠴᠠᠭ᠎ᠠ  ᠨᠢ ᠬᠠᠪᠤᠷ ᠤᠨ ᠲᠠᠷᠢᠶᠠᠯᠠᠭ᠎ᠠ 100-120 ᠡᠳᠦᠷ᠂ ᠵᠤᠨ ᠤ ᠲᠠᠷᠢᠶᠠᠯᠠᠭ᠎ᠠ 85-95 ᠡᠳᠦᠷ᠂ ᠨᠠᠪᠴᠢᠨ ᠤ ᠢᠯᠲᠠᠰᠤ ᠶᠢᠨ ᠲᠤᠭ᠎ᠠ ᠨᠢ 16-20 ᠬᠡᠰᠡᠭ᠂ ᠮᠢᠩᠭᠠᠨ ᠮᠥᠬᠦᠯᠢᠭ ᠪᠦᠷᠢ ᠶᠢᠨ ᠬᠦᠨᠳᠦ  ᠨᠢ ᠪᠠᠷᠤᠭ 250-300 ᠭᠷᠡᠮ ᠪᠠᠶᠢᠳᠠᠭ᠃      3.ᠣᠷᠣᠢ ᠪᠣᠯᠪᠠᠰᠤᠷᠠᠬᠤ ᠡᠭᠦᠯᠳᠡᠷ᠃ ᠦᠷᠡᠵᠢᠯ ᠤᠨ ᠬᠤᠭᠤᠴᠠᠭ᠎ᠠ  ᠨᠢ ᠬᠠᠪᠤᠷ ᠤᠨ ᠲᠠᠷᠢᠶᠠᠯᠠᠭ᠎ᠠ 120-150 ᠡᠳᠦᠷ᠂ ᠵᠤᠨ ᠤ ᠲᠠᠷᠢᠶᠠᠯᠠᠭ᠎ᠠ 96 ᠡᠳᠦᠷ ᠠᠴᠠ ᠳᠡᠭᠡᠭᠰᠢ ᠪᠠᠶᠢᠵᠤ᠂ ᠤᠷᠭᠤᠮᠠᠯ ᠤᠨ ᠡᠰᠢ  ᠨᠢ ᠥᠨᠳᠥᠷ ᠶᠡᠭᠡ᠂ ᠨᠠᠪᠴᠢᠨ ᠤ ᠢᠯᠲᠠᠰᠤ ᠨᠢ ᠨᠡᠯᠢᠶᠡᠳ ᠠᠷᠪᠢᠨ 21-25 ᠬᠡᠰᠡᠭ᠂ ᠮᠥᠬᠦᠯᠢᠭ ᠨᠢ ᠶᠡᠭᠡ᠂ ᠮᠢᠩᠭᠠᠨ ᠮᠥᠬᠦᠯᠢᠭ ᠪᠦᠷᠢ ᠶᠢᠨ ᠬᠦᠨᠳᠦ  ᠨᠢ ᠪᠠᠷᠤᠭ 300 ᠭᠷᠡᠮ ᠠᠴᠠ ᠳᠡᠭᠡᠭᠰᠢ ᠪᠠᠶᠢᠳᠠᠭ᠃      ᠬᠤᠶᠠᠷ᠂ ᠤᠷᠭᠤᠮᠠᠯ ᠤᠨ ᠡᠰᠢ ᠶᠢᠨ ᠬᠡᠯᠪᠡᠷᠢ ᠳᠦᠷᠰᠦ ᠪᠠᠷ ᠨᠢ ᠰᠣᠩᠭᠤᠬᠤ ᠬᠡᠷᠡᠭᠲᠡᠢ᠃      1.ᠠᠪᠴᠠᠯᠳᠤᠩᠭᠤᠢ ᠬᠡᠯᠪᠡᠷᠢ᠃ ᠨᠠᠪᠴᠢ ᠶᠢᠨ ᠡᠰᠢ ᠰᠦᠷᠡᠯ ᠳᠡᠭᠡᠷᠡᠬᠢ ᠣᠷᠣᠨ ᠵᠠᠢ ᠶᠢᠨ ᠲᠠᠷᠬᠠᠯᠲᠠ ᠨᠢ ᠢᠭ ᠬᠡᠯᠪᠡᠷᠢ ᠲᠠᠢ ᠣᠶᠢᠷᠠᠯᠴᠠᠭ᠎ᠠ ᠪᠠᠶᠢᠵᠤ᠂ ᠨᠠᠪᠴᠢᠨ ᠤ ᠢᠯᠲᠠᠰᠤ  ᠨᠢ ᠳᠡᠭᠡᠭᠰᠢ ᠡᠷᠭᠦᠵᠦ᠂ ᠤᠷᠭᠤᠮᠠᠯ ᠤᠨ ᠡᠰᠢ ᠨᠢ ᠬᠤᠷᠠᠨ ᠠᠪᠴᠢᠵᠤ᠂ ᠭᠡᠷᠡᠯ ᠭᠥᠷᠳᠡᠬᠦ ᠪᠠᠶᠢᠳᠠᠯ ᠨᠢ ᠰᠠᠶᠢᠨ᠂ ᠨᠢᠭᠲᠠ ᠳᠠᠷᠢᠬᠤ ᠳᠤ ᠲᠣᠬᠢᠷᠠᠮᠵᠢᠲᠠᠢ ᠪᠠᠶᠢᠳᠠᠭ᠃      2.ᠳᠡᠯᠭᠡᠮᠡᠯ ᠬᠡᠯᠪᠡᠷᠢ ᠃ ᠨᠢᠭᠲᠠ ᠲᠠᠷᠢᠬᠤ ᠳᠤ ᠲᠣᠬᠢᠷᠠᠮᠵᠢ ᠦᠭᠡᠢ᠂ ᠲᠦᠷᠦᠭᠦᠦ ᠶᠢᠨ ᠳᠡᠭᠡᠷ᠎ᠡ ᠡᠰᠢ ᠨᠠᠪᠴᠢ ᠶᠢᠨ ᠬᠠᠪᠴᠢᠭᠰᠠᠨ ᠥᠨᠴᠥᠭ 35° ᠠᠴᠠ ᠳᠡᠭᠡᠭᠰᠢ᠂ ᠲᠦᠷᠦᠭᠦᠦ ᠶᠢᠨ ᠳᠣᠣᠷ᠎ᠠ ᠡᠰᠢ ᠨᠠᠪᠴᠢ ᠶᠢᠨ ᠬᠠᠪᠴᠢᠭᠰᠠᠨ ᠥᠨᠴᠥᠭ 50° ᠠᠴᠠ ᠳᠡᠭᠡᠭᠰᠢ ᠪᠠᠶᠢᠳᠠᠭ᠃      3.ᠬᠠᠭᠠᠰ ᠠᠪᠴᠠᠯᠳᠤᠩᠭᠤᠢ ᠬᠡᠯᠪᠡᠷᠢ᠃ ᠳᠡᠭᠡᠷᠡᠬᠢ ᠬᠤᠶᠠᠷ ᠲᠥᠷᠥᠯ ᠤᠨ ᠵᠠᠪᠰᠠᠷ ᠤᠨ ᠬᠡᠯᠪᠡᠷᠢ ᠪᠣᠯᠣᠨ᠎ᠠ᠃
 
ᠢᠷᠡᠯᠲᠡ᠄ ᠠᠯᠠᠱᠠ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号