ᠬᠤᠨᠢᠨ ᠤ ᠨᠢᠳᠦ ᠨᠢ ᠭᠡᠨᠡᠳᠲᠡ ᠴᠠᠶᠢᠬᠤ ᠪᠤᠶᠤ ᠴᠠᠶᠢᠷᠠᠬᠤ ᠪᠠᠶᠢᠳᠠᠯ ᠣᠯᠠᠨ ᠲᠣᠬᠢᠶᠠᠯᠳᠤᠳᠠᠭ᠃ ᠬᠡᠷᠪᠡ | ᠰᠢᠨ᠎ᠡ ᠬᠤᠨᠢᠴᠢᠨ ᠪᠣᠯ ᠡᠨᠡ ᠬᠦ ᠠᠰᠠᠭᠤᠳᠠᠯ ᠢ ᠤᠮᠳᠤᠭᠠᠶᠢᠯᠠᠬᠤ ᠮᠠᠭᠠᠳ᠂ ᠡᠭᠦᠨ ᠠᠴᠠ ᠪᠣᠯᠵᠤ ᠬᠤᠨᠢᠨ ᠤ | ᠡᠪᠡᠳᠴᠢᠨ ᠤ ᠪᠠᠶᠢᠳᠠᠯ ᠤᠯᠠᠮ ᠢᠶᠠᠷ ᠬᠦᠨᠳᠦᠷᠡᠵᠦ᠂ ᠡᠴᠦᠰ ᠲᠡᠭᠡᠨ ᠬᠠᠷᠠᠭ᠎ᠠ ᠪᠠᠨ ᠠᠯᠳᠠᠬᠤ ᠪᠣᠯᠣᠨ᠎ᠠ᠃ ᠲᠡᠭᠡᠪᠡᠯ᠂ | ᠬᠤᠨᠢᠨ ᠤ ᠨᠢᠳᠦ ᠴᠠᠶᠢᠵᠤ ᠪᠠᠶᠢᠬᠤ ᠨᠢ ᠴᠣᠬᠤᠮ ᠶᠠᠮᠠᠷ ᠤᠴᠢᠷ ᠪᠣᠶ︖ ᠡᠭᠦᠨ ᠢ ᠬᠡᠷᠬᠢᠨ ᠰᠢᠢᠳᠪᠦᠷᠢᠯᠡᠪᠡᠯ ᠵᠣᠬᠢᠬᠤ | ᠪᠤᠢ︖ | ᠨᠢᠭᠡ᠂ ᠬᠤᠨᠢᠨ ᠤ ᠨᠢᠳᠦ ᠴᠠᠶᠢᠬᠤ ᠶᠢᠨ ᠰᠢᠯᠲᠠᠭᠠᠨ | ᠬᠤᠨᠢᠨ ᠤ ᠨᠢᠳᠦ ᠴᠠᠶᠢᠬᠤ ᠨᠢ ᠣᠯᠠᠩᠬᠢ ᠳᠠᠭᠠᠨ ᠡᠪᠡᠷᠯᠢᠭ ᠪᠦᠷᠬᠦᠪᠴᠢ ᠶᠢᠨ ᠦᠷᠪᠢᠰᠦᠯ ᠳᠤ ᠨᠡᠷᠪᠡᠭᠳᠡᠭᠰᠡᠨ | ᠪᠠᠶᠢᠳᠠᠭ᠂ ᠬᠤᠨᠢᠨ ᠤ ᠡᠪᠡᠷᠯᠢᠭ ᠪᠦᠷᠬᠦᠪᠴᠢ ᠶᠢᠨ ᠦᠷᠪᠢᠰᠦᠯ ᠪᠣᠯ ᠨᠢᠭᠡ ᠵᠦᠢᠯ ᠤᠨ ᠪᠠᠺᠲ᠋ᠧᠷᠢ ᠶᠢᠨ | ᠬᠠᠯᠳᠠᠪᠤᠷᠢᠯᠠᠯ ᠠᠴᠠ ᠪᠣᠯᠤᠭᠰᠠᠨ ᠡᠪᠡᠳᠴᠢᠨ ᠪᠠᠶᠢᠵᠤ᠂ ᠡᠨᠡ ᠨᠢ ᠮᠠᠰᠢ ᠴᠢᠩᠭ᠎ᠠ ᠬᠠᠯᠳᠠᠪᠤᠷᠢᠯᠠᠬᠤ ᠴᠢᠨᠠᠷᠲᠠᠢ᠂ | ᠦᠷᠭᠦᠯᠵᠢ ᠬᠤᠨᠢ ᠢᠮᠠᠭᠠᠨ ᠤ ᠪᠡᠶ᠎ᠡ ᠳᠤ ᠡᠭᠦᠰᠴᠦ᠂ ᠥᠨᠳᠥᠷ ᠳᠤᠯᠠᠭᠠᠨ ᠴᠢᠭᠢᠭᠯᠢᠭ ᠤᠯᠠᠷᠢᠯ ᠳᠤ ᠨᠡᠩ ᠤᠯᠠᠨ | ᠡᠭᠦᠰᠳᠡᠭ᠃ ᠬᠤᠨᠢ ᠡᠶᠢᠮᠦ ᠡᠪᠡᠳᠴᠢᠨ ᠳᠤ ᠨᠡᠷᠪᠡᠭᠳᠡᠭᠰᠡᠨ ᠤ ᠳᠠᠷᠠᠭ᠎ᠠ ᠴᠠᠭ ᠲᠤᠬᠠᠢ ᠳᠤᠨᠢ ᠵᠠᠰᠠᠬᠤ ᠦᠭᠡᠢ ᠪᠣᠯ | ᠠᠭᠠᠵᠢᠮ ᠢᠶᠠᠷ ᠬᠠᠷᠠᠭ᠎ᠠ ᠠᠯᠳᠠᠵᠤ᠂ ᠡᠴᠦᠰ ᠲᠡᠭᠡᠨ ᠬᠡᠪ ᠤᠨ ᠥᠰᠦᠯᠲᠡ ᠶᠢ ᠨᠢ ᠨᠥᠯᠦᠭᠡᠯᠡᠳᠡᠭ᠃ | ᠬᠤᠶᠠᠷ᠂ ᠬᠤᠨᠢᠨ ᠤ ᠡᠪᠡᠷᠯᠢᠭ ᠪᠦᠷᠬᠦᠪᠴᠢ ᠶᠢᠨ ᠦᠷᠪᠢᠰᠦᠯ ᠢ ᠰᠢᠢᠳᠪᠦᠷᠢᠯᠡᠬᠦ ᠠᠷᠭ᠎ᠠ | 1. ᠲᠤᠰᠠᠭᠠᠷᠯᠠᠨ ᠵᠠᠰᠠᠬᠤ᠄ ᠬᠤᠨᠢ ᠡᠪᠡᠷᠯᠢᠭ ᠪᠦᠷᠬᠦᠪᠴᠢ ᠶᠢᠨ ᠦᠷᠪᠢᠰᠦᠯ ᠳᠤ ᠨᠡᠷᠪᠡᠭᠳᠡᠭᠰᠡᠨ ᠢ ᠮᠡᠳᠡᠭᠰᠡᠨ ᠤ | ᠳᠠᠷᠠᠭ᠎ᠠ᠂ ᠤᠷᠢᠳ ᠢᠶᠠᠷ ᠡᠪᠡᠳᠴᠢᠯᠡᠭᠰᠡᠨ ᠬᠤᠨᠢ ᠶᠢ ᠲᠤᠰᠠᠭᠠᠷᠯᠠᠨ ᠲᠡᠵᠢᠭᠡᠵᠦ᠂ 4% ᠶᠢᠨ ᠪᠤᠷ ᠬᠦᠴᠢᠯ ᠤᠨ ᠤᠰᠤᠨ | ᠠᠭᠤᠰᠤᠮᠠᠯ ᠢᠶᠠᠷ ᠡᠪᠡᠳᠴᠢᠯᠡᠭᠰᠡᠨ ᠬᠤᠨᠢᠨ ᠤ ᠨᠢᠳᠦᠨ ᠤ ᠢᠳᠡᠭᠡ ᠶᠢ ᠤᠬᠢᠶᠠᠨ ᠴᠡᠪᠡᠷᠯᠡᠵᠦ᠂ ᠳᠠᠷᠠᠭ᠎ᠠ ᠨᠢ ᠶᠢᠨ ᠮᠧᠶ | ᠰᠤ᠋ ᠶᠢᠨ ᠵᠥᠭᠡᠯᠡᠨ ᠬᠠᠨᠳᠠ ᠪᠤᠶᠤ ᠬᠤᠩ ᠮᠧᠶ ᠰᠤ᠋ ᠶᠢᠨ ᠨᠢᠳᠦᠨ ᠤ ᠰᠢᠬᠠᠭᠤᠷ ᠡᠮ ᠢ ᠬᠤᠨᠢᠨ ᠤ ᠨᠢᠳᠦᠨ ᠳᠤ | ᠲᠦᠷᠬᠢᠵᠦ᠂ ᠡᠳᠦᠷ ᠲᠤ ᠬᠤᠶᠠᠷ ᠤᠳᠠᠭ᠎ᠠ ᠲᠦᠷᠬᠢᠵᠦ᠂ ᠶᠡᠷᠦ ᠳᠡᠭᠡᠨ 1-2 ᠭᠠᠷᠠᠭ ᠲᠤ ᠬᠤᠨᠢ ᠠᠭᠠᠵᠢᠮ ᠢᠶᠠᠷ | ᠡᠷᠡᠭᠦᠯᠵᠢᠳᠡᠭ᠃ ᠡᠨᠡ ᠬᠤᠭᠤᠴᠠᠭᠠᠨ ᠳᠤ ᠬᠤᠨᠢᠨ ᠳᠤ ᠪᠠᠰᠠ ᠸᠢᠲ᠋ᠠᠮᠢᠨ ᠨᠥᠬᠦᠪᠦᠷᠢᠯᠡᠵᠦ᠂ ᠡᠳᠡᠭᠡᠷᠡᠯᠲᠡ ᠶᠢ ᠨᠢ | ᠠᠬᠢᠭᠤᠯᠵᠤ ᠪᠣᠯᠣᠨ᠎ᠠ ᠃ | 2. ᠴᠠᠭ ᠲᠤᠬᠠᠢ ᠳᠤᠨᠢ ᠠᠷᠢᠭᠤᠳᠬᠠᠬᠤ᠄ ᠬᠤᠨᠢᠨ ᠤ ᠡᠪᠡᠷᠯᠢᠭ ᠪᠦᠷᠬᠦᠪᠴᠢ ᠶᠢᠨ ᠦᠷᠪᠢᠰᠦᠯ ᠨᠢ | ᠬᠠᠯᠳᠠᠪᠤᠷᠢᠲᠤ ᠴᠢᠨᠠᠷᠲᠠᠢ ᠤᠴᠢᠷ ᠠᠴᠠ ᠡᠪᠡᠳᠴᠢᠨ ᠲᠠᠢ ᠬᠤᠨᠢ ᠶᠢ ᠡᠮᠨᠡᠬᠦ ᠶᠢᠨ ᠬᠠᠮᠲᠤ ᠬᠠᠰᠢᠶ᠎ᠠ ᠰᠠᠷᠠᠪᠴᠢ ᠪᠠᠨ | ᠠᠷᠢᠭᠤᠳᠬᠠᠬᠤ ᠠᠵᠢᠯ ᠢ ᠰᠠᠶᠢᠲᠤᠷ ᠬᠢᠵᠦ᠂ ᠬᠤᠨᠢᠨ ᠤ ᠰᠦᠷᠦᠭ ᠲᠤ ᠬᠠᠯᠳᠠᠪᠤᠷᠢᠯᠠᠬᠤ ᠠᠴᠠ ᠵᠠᠶᠢᠯᠠᠰᠬᠢᠬᠦ ᠬᠡᠷᠡᠭᠲᠡᠢ᠃ | ᠠᠷᠢᠭᠤᠳᠬᠠᠬᠤ ᠠᠴᠠ ᠡᠮᠦᠨ᠎ᠡ ᠬᠠᠰᠢᠶ᠎ᠠ ᠰᠠᠷᠠᠪᠴᠢ ᠪᠠᠨ ᠴᠡᠪᠡᠷᠯᠡᠨ᠂ ᠠᠷᠢᠭᠤᠳᠬᠠᠬᠤ ᠶᠢ ᠨᠥᠯᠥᠭᠡᠯᠡᠬᠦ ᠠᠴᠠ | ᠵᠠᠶᠢᠯᠠᠰᠬᠢᠬᠦ ᠬᠡᠷᠡᠭᠲᠡᠢ᠃ | 3. ᠲᠣᠭᠲᠠᠭᠰᠠᠨ ᠬᠤᠭᠤᠴᠠᠭ᠎ᠠ ᠲᠠᠢ ᠪᠠᠷ ᠰᠠᠯᠬᠢ ᠨᠡᠪᠲᠡᠷᠡᠭᠦᠯᠬᠦ᠄ ᠬᠤᠨᠢᠨ ᠤ ᠡᠪᠡᠷᠯᠢᠭ ᠪᠦᠷᠬᠦᠪᠴᠢ ᠶᠢᠨ | ᠦᠷᠪᠢᠰᠦᠯ ᠨᠢ ᠣᠯᠠᠩᠬᠢ ᠳᠠᠭᠠᠨ ᠬᠠᠰᠢᠶ᠎ᠠ ᠰᠠᠷᠠᠪᠴᠢ ᠶᠢᠨ ᠰᠢᠪᠲᠦᠷ ᠤᠨ ᠬᠡᠢ ᠨᠢ ᠬᠦᠨᠳᠦ᠂ ᠬᠤᠨᠢᠨ ᠤ ᠨᠢᠳᠦᠨ ᠤ | ᠬᠡᠰᠡᠭ ᠲᠤ ᠰᠡᠳᠡᠯᠳᠡ ᠥᠭᠭᠦᠭᠰᠡᠨ ᠠᠴᠠ ᠡᠪᠡᠳᠴᠢᠨ ᠡᠭᠦᠰᠳᠡᠭ᠃ ᠡᠶᠢᠮᠦ ᠠᠴᠠ ᠲᠣᠭᠲᠠᠭᠰᠠᠨ | ᠬᠤᠭᠤᠴᠠᠭ᠎ᠠ ᠲᠠᠢ ᠪᠠᠷ ᠬᠠᠰᠢᠶ᠎ᠠ ᠰᠠᠷᠠᠪᠴᠢ ᠪᠠᠨ ᠰᠠᠯᠬᠢ ᠨᠠᠪᠲᠠᠷᠡᠭᠦᠯᠵᠦ᠂ ᠬᠠᠰᠢᠶ᠎ᠠ ᠰᠠᠷᠠᠪᠴᠢ ᠶᠢᠨ ᠰᠢᠪᠲᠦᠷ ᠤᠨ ᠬᠡᠢ᠂ | ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠥᠳᠬᠡᠴᠡ ᠶᠢ ᠪᠠᠭᠤᠷᠠᠭᠤᠯᠵᠤ᠂ ᠬᠤᠨᠢᠨ ᠤ ᠳᠠᠭᠢᠵᠤ | ᠡᠪᠡᠳᠴᠢᠯᠡᠬᠦ ᠠᠴᠠ ᠵᠠᠶᠢᠯᠠᠰᠬᠢᠬᠦ ᠬᠡᠷᠡᠭᠲᠡᠢ᠃ | 4. ᠤᠰᠤ ᠨᠥᠬᠦᠪᠦᠷᠢᠯᠡᠬᠦ᠄ ᠬᠤᠨᠢ ᠲᠡᠵᠢᠭᠡᠬᠦ ᠲᠤᠷᠰᠢᠯᠭ᠎ᠠ ᠲᠠᠢ ᠨᠠᠶᠢᠵᠠ ᠨᠠᠷ ᠰᠠᠶ᠋ᠢᠬᠠᠨ ᠵᠥᠭᠡᠭᠡᠪᠦᠷᠢᠯᠡᠭᠰᠡᠨ | ᠬᠤᠨᠢ ᠴᠤ ᠠᠮᠠᠷᠬᠠᠨ ᠡᠪᠡᠷᠯᠢᠭ ᠪᠦᠷᠬᠦᠪᠴᠢ ᠶᠢᠨ ᠦᠷᠪᠢᠰᠦᠯ ᠣᠯᠬᠤ ᠶᠢ ᠣᠯᠵᠤ ᠮᠡᠳᠡᠬᠦ ᠶᠤᠮ᠃ ᠡᠨᠡ ᠨᠢ | ᠲᠡᠭᠡᠭᠡᠪᠦᠷᠢᠯᠡᠬᠦ ᠶᠠᠪᠤᠴᠠ ᠳᠤ ᠬᠤᠨᠢ ᠢᠮᠠᠭ᠎ᠠ ᠣᠷᠳᠣ ᠬᠤᠭᠤᠴᠠᠭ᠎ᠠ ᠪᠠᠷ ᠤᠰᠤ ᠳᠤᠲᠠᠭᠰᠠᠨ ᠤ ᠳᠡᠭᠡᠷ᠎ᠡ | ᠲᠡᠭᠡᠭᠡᠪᠦᠷᠢ ᠶᠢᠨ ᠸᠠᠭᠤᠨ ᠤ ᠨᠢᠭᠲᠠᠴᠠ ᠶᠡᠭᠡ ᠠᠴᠠ ᠪᠣᠯᠤᠭᠰᠠᠨ ᠶᠤᠮ᠃ ᠡᠶᠢᠮᠦ ᠠᠴᠠ ᠡᠩ ᠤᠨ ᠦᠶ᠎ᠡ ᠳᠤ ᠪᠠᠰᠠ | ᠴᠠᠭ ᠲᠤᠬᠠᠢ ᠳᠤᠨᠢ ᠤᠰᠤ ᠨᠥᠬᠦᠪᠦᠷᠢᠯᠡᠬᠦ ᠶᠢ ᠠᠩᠬᠠᠷᠴᠤ᠂ ᠡᠶᠢᠮᠦ ᠲᠥᠷᠥᠯ ᠤᠨ ᠡᠪᠡᠳᠴᠢᠨ ᠳᠤ ᠳᠠᠭᠢᠵᠤ | ᠨᠡᠷᠪᠡᠭᠳᠡᠬᠦ ᠠᠴᠠ ᠵᠠᠶᠢᠯᠠᠰᠬᠢᠬᠦ ᠬᠡᠷᠡᠭᠲᠡᠢ᠃ |