ᠨᠢᠭᠡ᠂ ᠭᠠᠯᠵᠠᠭᠤ ᠡᠪᠡᠳᠴᠢᠨ ᠭᠡᠵᠦ ᠶᠠᠭᠤ ᠪᠤᠢ ︖ | ᠭᠠᠯᠵᠠᠭᠤ ᠡᠪᠡᠳᠴᠢᠨ ᠢ ᠪᠠᠰᠠ ᠤᠰᠤᠨ ᠠᠴᠠ ᠠᠶᠤᠬᠤ ᠡᠪᠡᠳᠴᠢᠨ ᠭᠡᠳᠡᠭ᠃ ᠡᠨᠡ ᠪᠣᠯ ᠭᠠᠯᠵᠠᠭᠤ | ᠡᠪᠡᠳᠴᠢᠨ ᠤ ᠸᠢᠷᠦ᠋ᠰ ᠠᠴᠠ ᠡᠭᠦᠰᠦᠭᠰᠡᠨ ᠭᠤᠣᠯ ᠮᠡᠳᠡᠷᠡᠯ ᠤᠨ ᠰᠢᠰᠲ᠋ᠧᠮ ᠳᠤ ᠬᠠᠯᠳᠠᠭᠰᠠᠨ ᠨᠢᠭᠡ ᠵᠦᠢᠯ ᠤᠨ | ᠬᠥᠮᠥᠨ ᠮᠠᠯ ᠳᠤ ᠪᠦᠷ ᠬᠠᠯᠳᠠᠪᠤᠷᠢᠯᠠᠳᠠᠭ ᠲᠦᠷᠭᠡᠨ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ ᠬᠥᠮᠥᠨ ᠤ | ᠭᠠᠯᠵᠠᠭᠤ ᠡᠪᠡᠳᠴᠢᠨ ᠢ ᠡᠪᠡᠳᠴᠢᠨ ᠲᠠᠢ ᠨᠣᠬᠠᠢ ᠬᠠᠵᠠᠵᠤ ᠰᠢᠷᠬᠠᠲᠠᠭᠤᠯᠤᠭᠰᠠᠨ ᠠᠴᠠ ᠪᠣᠯᠵᠤ ᠬᠥᠮᠥᠨ ᠳᠤ | ᠤᠯᠠᠮᠵᠢᠯᠠᠵᠤ ᠥᠭᠲᠡᠭ᠃ ᠭᠤᠣᠯᠳᠠᠭᠤ ᠤᠰᠤᠨ ᠠᠴᠠ ᠠᠶᠤᠬᠤ᠂ ᠰᠠᠯᠬᠢᠨ ᠠᠴᠠ ᠠᠶᠤᠬᠤ᠂ ᠭᠡᠷᠡᠯ ᠠᠴᠠ ᠠᠶᠤᠬᠤ᠂ | ᠳᠠᠭᠤᠨ ᠠᠴᠠ ᠠᠶᠤᠬᠤ ᠵᠡᠷᠭᠡ ᠡᠮᠴᠢᠯᠡᠭᠡᠨ ᠤ ᠡᠪᠡᠳᠴᠢᠨ ᠤ ᠢᠯᠡᠷᠡᠯ ᠲᠠᠢ᠂ ᠦᠬᠦᠬᠦ ᠨᠤᠷᠮ᠎ᠠ ᠨᠢ ᠪᠠᠷᠤᠭ | 100% ᠳᠤ ᠬᠦᠷᠳᠡᠭ᠃ | ᠬᠤᠶᠠᠷ᠂ ᠭᠠᠯᠵᠠᠭᠤ ᠡᠪᠡᠳᠴᠢᠨ ᠤ ᠸᠢᠷᠦ᠋ᠰ ᠭᠡᠵᠦ ᠶᠠᠭᠤ ᠪᠤᠢ᠂ ᠡᠰᠡᠷᠭᠦᠴᠡᠬᠦ ᠴᠢᠳᠠᠪᠤᠷᠢ ᠨᠢ ᠬᠢᠷᠢ ᠵᠡᠷᠭᠡ | ᠪᠤᠢ︖ | ᠭᠠᠯᠵᠠᠭᠤ ᠡᠪᠡᠳᠴᠢᠨ ᠤ ᠸᠢᠷᠦ᠋ᠰ ᠪᠣᠯ RNA ᠬᠡᠯᠪᠡᠷᠢ ᠶᠢᠨ ᠬᠠᠷᠢᠮᠠᠬᠠᠢ ᠸᠢᠷᠦ᠋ᠰ ᠤᠨ ᠰᠠᠯᠠᠭᠠᠨ ᠤ | ᠭᠠᠯᠵᠠᠭᠤ ᠡᠪᠡᠳᠴᠢᠨ ᠤ ᠸᠢᠷᠦ᠋ᠰ ᠲᠤ ᠪᠠᠭᠲᠠᠨ᠎ᠠ᠃ ᠸᠢᠷᠦ᠋ᠰ ᠨᠢ ᠠᠮᠢᠲᠠᠨ ᠤ ᠪᠡᠶ᠎ᠡ ᠳᠤ ᠭᠤᠣᠯᠳᠠᠭᠤ ᠲᠥᠪ | ᠮᠡᠳᠡᠷᠡᠯ ᠤᠨ ᠨᠡᠬᠡᠳᠡᠰᠦ᠂ ᠰᠢᠯᠦᠰᠦᠨ ᠤ ᠪᠤᠯᠴᠢᠷᠬᠠᠢ ᠪᠠ ᠰᠢᠯᠦᠰᠦᠨ ᠤ ᠳᠣᠲᠣᠷ᠎ᠠ ᠣᠷᠣᠰᠢᠳᠠᠭ᠃ ᠰᠢᠯᠦᠰᠦᠨ ᠤ | ᠪᠤᠯᠴᠢᠷᠬᠠᠢ ᠪᠠ ᠲᠥᠪ ᠮᠡᠳᠡᠷᠡᠯ ︵ᠢᠯᠠᠩᠭᠤᠶ᠎ᠠ ᠶᠡᠭᠡ ᠲᠠᠷᠢᠬᠢᠨ ᠤ ᠬᠦᠩᠭᠦᠷ ᠤᠨ ᠥᠨᠴᠥᠭ᠂ ᠶᠡᠭᠡ ᠲᠠᠷᠢᠬᠢᠨ ᠤ ᠪᠣᠷᠣ | ᠳᠠᠪᠬᠤᠷᠭ᠎ᠠ᠂ ᠪᠠᠭ᠎ᠠ ᠲᠠᠷᠢᠬᠢ︶ ᠤᠨ ᠡᠰ ᠤᠨ ᠡᠭᠡᠳᠡᠩ ᠳᠣᠲᠣᠷ᠎ᠠ ᠭᠠᠯᠵᠠᠭᠤ ᠡᠪᠡᠳᠴᠢᠨ ᠤ ᠣᠨᠴᠠᠭᠠᠶ ᠠᠭᠤᠯᠬᠤ | ᠴᠣᠭᠴᠠ ᠶᠢ ᠪᠥᠷᠢᠯᠳᠦᠭᠦᠯᠳᠡᠭ᠂ ᠡᠭᠦᠨ ᠢ ᠨᠧᠺᠢᠰ ᠤᠨ ᠵᠢᠵᠢᠭ ᠴᠣᠭᠴᠠ ᠭᠡᠳᠡᠭ᠂ ᠲᠡᠷᠡ ᠨᠢ ᠲᠣᠭᠤᠷᠢᠭ ᠪᠤᠶᠤ | ᠥᠨᠳᠡᠭᠡᠯᠵᠢᠨ ᠬᠡᠯᠪᠡᠷᠢᠲᠡᠢ᠂ ᠬᠦᠴᠢᠯᠰᠡᠭ ᠴᠢᠨᠠᠷᠲᠠᠢ ᠪᠤᠳᠤᠭ ᠲᠠᠢ᠃ ᠸᠢᠷᠦ᠋ᠰ ᠨᠢ ᠤᠰᠤᠲᠥ᠋ᠷᠥᠭᠴᠢ ᠶᠢᠨ ᠬᠡᠲᠦ ᠢᠰᠦᠯ᠂ | ᠳᠡᠭᠡᠳᠦ ᠮᠠᠩᠭᠠᠨ ᠬᠦᠴᠢᠯ ᠤᠨ ᠺᠠᠯᠢ᠂ ᠰᠢᠨ ᠵᠢᠶᠧ ᠡᠯ ᠮᠢ᠂ ᠯᠠᠢ ᠰᠦ ᠡᠯ ᠵᠡᠷᠭᠡ ᠠᠷᠢᠭᠤᠳᠬᠠᠬᠤ ᠡᠮ ᠳᠤ ᠰᠡᠷᠭᠡᠭ | ᠪᠠᠶᠢᠳᠠᠭ᠃ 1%~2% ᠤᠨ ᠰᠠᠪᠤᠩ ᠲᠠᠢ ᠤᠰᠤ᠂ 43%~70% ᠶᠢᠨ ᠰᠫᠢᠷᠲ᠂ 0.01% ᠶᠢᠨ | ᠢᠣᠳ᠋ᠲᠤ ᠰᠢᠩᠭᠡᠨ᠂ ᠫᠷᠤᠫᠠᠨᠤᠨ ᠪᠣᠯᠣᠨ ᠡᠲ᠋ᠢᠯ ᠡᠲ᠋ᠧᠷ ᠨᠢ ᠴᠥᠮ ᠲᠡᠭᠦᠨ ᠤ ᠢᠳᠡᠪᠬᠢ ᠴᠢᠨᠠᠷ ᠢ ᠤᠰᠠᠳᠬᠠᠳᠠᠭ᠃ | ᠸᠢᠷᠦ᠋ᠰ ᠨᠢ ᠨᠣᠶᠢᠲᠠᠨ ᠬᠠᠯᠠᠭᠤᠨ ᠢ ᠳᠠᠭᠠᠭᠠᠬᠤ ᠦᠭᠡᠢ᠂ 50℃ ᠢ 15 ᠮᠢᠨᠦ᠋ᠲ᠂ 60℃ ᠤᠨ ᠬᠡᠳᠦᠨ ᠮᠢᠨᠦ᠋ᠲ᠂ | 100℃ ᠤᠨ ᠬᠤᠶᠠᠷ ᠮᠢᠨᠦ᠋ᠲ ᠵᠢᠴᠢ ᠬᠦᠷᠢᠨ ᠤ ᠭᠠᠳᠠᠨᠠᠬᠢ ᠲᠤᠶᠠᠭ᠎ᠠ ᠶᠢᠨ ᠲᠤᠰᠤᠯᠲᠠ ᠶᠢ ᠪᠦᠷ ᠤᠰᠠᠳᠬᠠᠳᠠᠭ᠂ | ᠭᠡᠪᠡᠴᠦ ᠬᠥᠯᠳᠡᠭᠡᠬᠦ ᠪᠤᠶᠤ ᠬᠠᠭᠤᠷᠠᠢ ᠪᠠᠶᠢᠳᠠᠯ ᠳᠤ ᠤᠷᠲᠤ ᠬᠤᠭᠤᠴᠠᠭ᠎ᠠ ᠪᠠᠷ ᠸᠢᠷᠦ᠋ᠰ ᠢ ᠬᠠᠳᠠᠭᠠᠯᠠᠳᠠᠭ᠃ | 50% ᠶᠢᠨ ᠭᠯᠢᠼᠧᠷᠢᠨ ᠤ ᠨᠠᠮᠬᠠᠳᠬᠠᠬᠤ ᠠᠭᠤᠰᠤᠮᠠᠯ ᠳᠣᠲᠣᠷ᠎ᠠ ᠪᠤᠶᠤ 4℃ ᠤᠨ ᠳᠣᠣᠷ᠎ᠠ ᠬᠡᠳᠦᠨ ᠰᠠᠷ᠎ᠠ ᠠᠴᠠ | ᠨᠢᠭᠡ ᠵᠢᠯ ᠠᠮᠢᠳᠤᠷᠠᠨ᠎ᠠ᠃ | ᠭᠤᠷᠪᠠ᠂ ᠭᠠᠯᠵᠠᠭᠤ ᠡᠪᠡᠳᠴᠢᠨ ᠤ ᠬᠠᠯᠳᠠᠪᠤᠷᠢᠯᠠᠬᠤ ᠡᠬᠢ ᠰᠤᠷᠪᠤᠯᠵᠢ | ᠭᠠᠯᠵᠠᠭᠤ ᠡᠪᠡᠳᠴᠢᠨ ᠤ ᠲᠠᠷᠬᠠᠯᠲᠠ ᠶᠢᠨ ᠡᠬᠢ ᠰᠤᠷᠪᠤᠯᠵᠢ ᠨᠢ ᠬᠤᠶᠠᠷ ᠵᠦᠢᠯ ᠪᠠᠶᠢᠳᠠᠭ᠃ ᠭᠠᠯᠵᠠᠭᠤ | ᠡᠪᠡᠳᠴᠢᠨ ᠳᠤ ᠨᠡᠷᠪᠡᠭᠳᠡᠭᠰᠡᠨ ᠨᠣᠬᠠᠢ ᠶᠢᠨ ᠢᠵᠠᠭᠤᠷ ᠤᠨ ᠠᠮᠢᠲᠠᠨ ᠵᠢᠴᠢ ᠭᠠᠯᠵᠠᠭᠤ ᠡᠪᠡᠳᠴᠢᠨ ᠳᠤ ᠨᠡᠷᠪᠡᠭᠳᠡᠭᠰᠡᠨ | ᠬᠥᠮᠥᠨ ᠪᠣᠯ ᠭᠤᠣᠯ ᠬᠠᠯᠳᠠᠪᠤᠷᠢᠯᠠᠬᠤ ᠡᠬᠢ ᠰᠤᠷᠪᠤᠯᠵᠢ ᠮᠥᠨ᠃ | 1.ᠭᠠᠯᠵᠠᠭᠤ ᠡᠪᠡᠳᠴᠢᠨ ᠤ ᠸᠢᠷᠦ᠋ᠰ ᠲᠠᠢ ᠨᠣᠬᠠᠢ᠂ ᠮᠤᠤᠷ ᠵᠡᠷᠭᠡ ᠠᠮᠢᠲᠠᠨ᠃ ᠪᠠᠶᠢᠭᠠᠯᠢ ᠶᠢᠷᠲᠢᠨᠴᠦ ᠳᠤ | ᠭᠠᠯᠵᠠᠭᠤ ᠡᠪᠡᠳᠴᠢᠨ ᠦᠷᠭᠦᠯᠵᠢ ᠭᠡᠷ ᠤᠨ ᠨᠣᠬᠠᠢ᠂ ᠬᠡᠭᠡᠷ᠎ᠡ ᠶᠢᠨ ᠨᠣᠬᠠᠢ ᠂ ᠮᠤᠤᠷ ᠵᠡᠷᠭᠡ ᠠᠮᠢᠲᠠᠨ ᠳᠤ | ᠲᠣᠬᠢᠶᠠᠯᠳᠤᠳᠠᠭ᠃ ᠨᠣᠬᠠᠢ ᠪᠣᠯ ᠭᠠᠯᠵᠠᠭᠤ ᠡᠪᠡᠳᠴᠢᠨ ᠤ ᠸᠢᠷᠦ᠋ᠰ ᠤᠨ ᠭᠤᠣᠯ ᠪᠣᠯᠬᠤ ᠠᠮᠢᠲᠠᠨ ᠤ ᠠᠮᠢᠳᠤᠷᠠᠭᠴᠢ | ᠡᠵᠡᠨ ᠮᠥᠨ᠂ ᠬᠥᠮᠥᠨ ᠤ ᠭᠠᠯᠵᠠᠭᠤ ᠡᠪᠡᠳᠴᠢᠨ ᠤ 80% — 90% ᠨᠢ ᠭᠠᠯᠵᠠᠭᠤ ᠨᠣᠬᠠᠢ ᠠᠴᠠ | ᠬᠠᠯᠳᠠᠪᠤᠷᠢᠯᠠᠳᠠᠭ᠃ | ᠵᠠᠷᠢᠮ ᠠᠮᠢᠲᠠᠨ ᠭᠠᠯᠵᠠᠭᠤ ᠨᠣᠬᠠᠢ ᠳᠤ ᠬᠠᠵᠠᠭᠳᠠᠭᠰᠠᠨ ᠤ ᠳᠠᠷᠠᠭ᠎ᠠ ᠡᠪᠡᠳᠴᠢᠨ ᠬᠥᠳᠡᠯᠦᠭᠰᠡᠨ ᠦᠭᠡᠢ᠂ | ᠡᠪᠡᠳᠴᠢᠨ ᠤ ᠢᠯᠡᠷᠡᠯ ᠦᠭᠡᠢ᠂ ᠦᠬᠦᠳᠡᠭ ᠦᠭᠡᠢ᠃ ᠵᠥᠪᠬᠡᠨ ᠰᠢᠯᠦᠰᠦᠨ ᠤ ᠳᠣᠲᠣᠷ᠎ᠠ ᠶᠡᠭᠡ ᠬᠡᠮᠵᠢᠶᠡᠨ ᠤ ᠭᠠᠯᠵᠠᠭᠤ | ᠡᠪᠡᠳᠴᠢᠨ ᠤ ᠸᠢᠷᠦ᠋ᠰ ᠣᠷᠣᠰᠢᠵᠤ᠂ ᠬᠥᠮᠥᠨ ᠢ ᠬᠠᠵᠠᠬᠤ ᠳᠤ ᠬᠦᠷᠪᠡᠯ ᠭᠠᠯᠵᠠᠭᠤ ᠡᠪᠡᠳᠴᠢᠨ ᠢᠶᠠᠷ ᠦᠬᠦᠳᠡᠭ᠂ | ᠭᠡᠲᠡᠯ᠎ᠡ ᠡᠨᠡ ᠬᠦ ︽ᠡᠷᠡᠭᠦᠯ︾ ᠠᠮᠢᠲᠠᠨ ᠮᠥᠨ ᠡᠷᠡᠭᠦᠯ ᠲᠡᠩᠬᠡᠯᠡᠭᠦᠨ ᠬᠡᠪ ᠢᠶᠠᠷ ᠢᠶᠠᠨ ᠪᠠᠶᠢᠳᠠᠭ᠃ ᠡᠨᠡ ᠬᠦ | ᠲᠥᠷᠥᠯ ᠤᠨ ᠳᠠᠯᠳᠠ ᠬᠤᠣᠷ ᠲᠠᠢ ᠠᠮᠢᠲᠠᠨ 15.2% ᠢ ᠡᠵᠡᠯᠡᠵᠦ᠂ ᠭᠡᠷ ᠤᠨ ᠲᠡᠵᠢᠭᠡᠪᠦᠷᠢ ᠶᠢᠨ ᠬᠤᠣᠷ ᠤᠨ | ᠨᠣᠷᠮ᠎ᠠ ᠨᠢ ᠥᠨᠳᠥᠷ ᠪᠢᠰᠢ᠂ ᠨᠣᠬᠠᠢ ᠶᠢᠨ ᠳᠣᠲᠣᠷ᠎ᠠ ᠨᠣᠬᠠᠢ ᠶᠢᠨ ᠲᠤᠭ᠎ᠠ ᠨᠢ ᠬᠠᠮᠤᠭ ᠠᠷᠪᠢᠨ ᠪᠠᠶᠢᠳᠠᠭ᠂ ᠡᠨᠡ ᠨᠢ | ᠳᠠᠷᠤᠢ ᠬᠠᠮᠤᠭ ᠤᠨ ᠠᠶᠤᠯᠲᠠᠢ ᠬᠠᠯᠳᠠᠪᠤᠷᠢᠯᠠᠯ ᠤᠨ ᠡᠬᠢ ᠰᠤᠷᠪᠤᠯᠵᠢ ᠪᠣᠯᠣᠨ᠎ᠠ᠃ ᠡᠳᠡᠭᠡᠷ ᠢ ᠬᠥᠮᠥᠰ | ᠠᠩᠬᠠᠷᠤᠯ ᠳᠤ ᠪᠠᠨ ᠠᠪᠳᠠᠭ ᠦᠭᠡᠢ ᠤᠴᠢᠷ ᠠᠴᠠ ᠡᠨᠡ ᠨᠢ ᠨᠡᠶᠢᠲᠡᠯᠢᠭ ᠭᠠᠯᠵᠠᠭᠤ ᠨᠣᠬᠠᠢ ᠠᠴᠠ ᠴᠤ ᠬᠡᠴᠡᠭᠦᠦ | ᠪᠠᠶᠢᠳᠠᠭ ᠃ | 2.ᠭᠠᠯᠵᠠᠭᠤ ᠡᠪᠡᠳᠴᠢᠨ ᠳᠤ ᠨᠡᠷᠪᠡᠭᠳᠡᠭᠰᠡᠨ ᠬᠥᠮᠥᠨ ᠤ ᠰᠢᠯᠦᠰᠦᠨ ᠠᠴᠠ ᠸᠢᠷᠦ᠋ᠰ ᠢ ᠢᠯᠭᠠᠨ ᠰᠠᠯᠭᠠᠵᠤ | ᠳᠡᠶᠢᠯᠦᠨ᠎ᠡ᠂ ᠬᠡᠳᠦᠶᠢᠪᠡᠷ ᠬᠥᠮᠥᠨ ᠳᠤ ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠲᠤᠩ ᠴᠥᠭᠡᠨ ᠪᠠᠶᠢᠳᠠᠭ ᠪᠣᠯᠪᠠᠴᠤ | ᠠᠩᠬᠠᠷᠤᠯ ᠳᠠᠭᠠᠨ ᠠᠪᠬᠤ ᠬᠡᠷᠡᠭᠲᠡᠢ᠃ | ᠡᠭᠦᠨ ᠠᠴᠠ ᠭᠠᠳᠠᠨ᠎ᠠ᠂ ᠭᠠᠯᠵᠠᠭᠤ ᠡᠪᠡᠳᠴᠢᠨ ᠤ ᠨᠢᠭᠤᠭᠳᠠᠮᠠᠯ ᠬᠤᠭᠤᠴᠠᠭ᠎ᠠ ᠶᠢᠨ ᠤᠷᠲᠤ ᠣᠬᠤᠷ ᠨᠢ | ᠠᠳᠠᠯᠢ ᠦᠭᠡᠢ ᠪᠠᠶᠢᠳᠠᠭ᠂ ᠬᠠᠮᠢᠶ᠎ᠠ ᠪᠦᠬᠦᠢ ᠮᠠᠲ᠋ᠧᠷᠢᠶᠠᠯ ᠠᠴᠠ ᠦᠵᠡᠪᠡᠯ᠂ ᠬᠠᠮᠤᠭ ᠣᠬᠤᠷ ᠨᠢ 5 ᠡᠳᠦᠷ᠂ ᠬᠠᠮᠤᠭ | ᠤᠷᠲᠤ ᠳᠠᠭᠠᠨ 19 ᠵᠢᠯ ᠪᠤᠶᠤ ᠨᠡᠩ ᠤᠷᠲᠤ ᠪᠠᠶᠢᠵᠤ᠂ ᠶᠡᠷᠦ ᠳᠡᠭᠡᠨ ᠪᠣᠯ 1—3 ᠰᠠᠷ᠎ᠠ ᠪᠠᠶᠢᠳᠠᠭ᠃ | ᠳᠥᠷᠪᠡ᠂ ᠭᠠᠯᠵᠠᠭᠤ ᠡᠪᠡᠳᠴᠢᠨ ᠬᠠᠯᠳᠠᠪᠤᠷᠢᠯᠠᠬᠤ ᠬᠡᠯᠪᠡᠷᠢ | 1.ᠨᠣᠬᠠᠢ ᠪᠤᠶᠤ ᠪᠤᠰᠤᠳ ᠠᠮᠢᠲᠠᠨ ᠳᠤ ᠬᠠᠵᠠᠭᠳᠠᠵᠤ ᠰᠢᠷᠬᠠᠲᠤᠭᠰᠠᠨ ᠪᠤᠶᠤ ᠠᠷᠠᠰᠤ ᠶᠢ ᠨᠢ ᠮᠠᠭᠠᠵᠢᠵᠤ | ᠰᠢᠷᠬᠠᠲᠤᠭᠤᠯᠤᠭᠰᠠᠨ᠂ ᠡᠰᠡᠬᠦᠯ᠎ᠡ ᠰᠠᠯᠢᠰᠤᠲᠤ ᠪᠦᠷᠬᠦᠪᠴᠢ ᠶᠢ ᠨᠢ ᠳᠣᠯᠢᠶᠠᠭᠰᠠᠨ ᠠᠴᠠ ᠪᠣᠯᠵᠤ ᠬᠠᠯᠳᠠᠪᠤᠷᠢᠯᠠᠨ᠎ᠠ᠃ | ᠭᠠᠯᠵᠠᠭᠤ ᠡᠪᠡᠳᠴᠢᠨ ᠤ ᠸᠢᠷᠦ᠋ᠰ ᠨᠢ ᠰᠢᠷᠬ᠎ᠠ ᠪᠠ ᠰᠠᠯᠢᠰᠤᠲᠤ ᠪᠦᠷᠬᠦᠪᠴᠢ ᠶᠢᠨ ᠮᠡᠳᠡᠷᠡᠯ ᠳᠤ ᠬᠠᠯᠳᠠᠨ | ᠣᠷᠣᠬᠤ ᠪᠠᠷ ᠳᠠᠮᠵᠢᠨ ᠡᠪᠡᠳᠴᠢᠯᠡᠳᠡᠭ ᠂ ᠡᠨᠡ ᠪᠣᠯ ᠭᠤᠣᠯ ᠬᠠᠯᠳᠠᠪᠤᠷᠢᠯᠠᠬᠤ ᠬᠡᠯᠪᠡᠷᠢ ᠪᠣᠯᠣᠨ᠎ᠠ᠃ | 2.ᠠᠯᠠᠵᠤ ᠨᠢᠲᠤᠯᠬᠤ ᠪᠤᠶᠤ ᠬᠠᠯᠢᠰᠤ ᠶᠢ ᠨᠢ ᠱᠠᠭᠠᠯᠬᠤ ᠳᠤᠮᠳᠠ ᠬᠢᠴᠢᠶᠡᠮᠵᠢ ᠦᠭᠡᠢ ᠠᠴᠠ ᠪᠣᠯᠵᠤ | ᠭᠠᠷ ᠢᠶᠠᠨ ᠤᠭᠳᠤᠯᠵᠤ ᠰᠢᠷᠬᠠᠲᠤᠭᠤᠯᠤᠭᠰᠠᠨ ᠠᠴᠠ ᠡᠪᠡᠳᠴᠢᠨ ᠡᠭᠦᠰᠦᠨ᠎ᠡ᠃ | 3.ᠰᠢᠩᠭᠡᠭᠡᠯᠲᠡ ᠶᠢᠨ ᠵᠠᠮ ᠢᠶᠠᠷ ᠳᠠᠮᠵᠢᠨ ᠬᠠᠯᠳᠠᠪᠤᠷᠢᠯᠠᠬᠤ᠃ ᠭᠠᠯᠵᠠᠭᠤ ᠡᠪᠡᠳᠴᠢᠨ ᠢᠶᠠᠷ ᠦᠬᠦᠭᠰᠡᠨ | ᠠᠮᠢᠲᠠᠨ ᠢ ᠭᠠᠵᠠᠷ ᠪᠤᠯᠠᠵᠤ᠂ ᠡᠪᠦᠯ ᠳᠡᠭᠡᠨ ᠬᠥᠯᠳᠡᠵᠦ᠂ ᠬᠡᠭᠡᠷ᠎ᠡ ᠶᠢᠨ ᠨᠣᠬᠠᠢ ᠪᠤᠶᠤ ᠪᠤᠰᠤᠳ ᠠᠮᠢᠲᠠᠨ ᠮᠠᠯᠲᠠᠨ | ᠭᠠᠷᠭᠠᠭᠠᠳ ᠮᠢᠬ᠎ᠠ ᠶᠢ ᠨᠢ ᠢᠳᠡᠭᠰᠡᠨ ᠤ ᠳᠠᠷᠠᠭ᠎ᠠ ᠬᠠᠯᠳᠠᠪᠤᠷᠢᠯᠠᠭᠠᠳ ᠭᠠᠯᠵᠠᠭᠤ ᠡᠪᠡᠳᠴᠢᠨ ᠳᠤ ᠨᠡᠷᠪᠡᠭᠳᠡᠳᠡᠭ᠃ |