ᠨᠣᠬᠠᠢ ᠶᠢᠨ ᠬᠤᠰᠢᠭᠤ ᠶᠢᠨ ᠦᠷ᠎ᠡ ᠶᠢ ᠰᠢᠢᠳᠪᠦᠷᠢᠯᠡᠬᠦ ᠪᠠ ᠲᠠᠷᠢᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2024/9/27
      1.ᠦᠷ᠎ᠡ ᠶᠢ ᠰᠢᠢᠳᠪᠦᠷᠢᠯᠡᠬᠦ      ᠮᠦᠬᠦᠯᠢᠭ ᠳᠦᠭᠦᠷᠡᠩ ᠦᠷ᠎ᠡ ᠶᠢ ᠰᠣᠩᠭᠤᠵᠤ᠂ ᠦᠷ᠎ᠡ ᠶᠢᠨ ᠴᠡᠪᠡᠷᠴᠡ ᠶᠢᠨ ᠬᠡᠮᠵᠢᠶ᠎ᠡ ᠪᠠ ᠵᠢᠭᠳᠡ ᠬᠡᠮᠵᠢᠶ᠎ᠡ ᠶᠢ ᠪᠠᠲᠤᠯᠠᠬᠤ ᠬᠡᠷᠡᠭᠲᠡᠢ᠃ ᠲᠠᠷᠢᠬᠤ ᠠᠴᠠ ᠡᠮᠦᠨ᠎ᠡ᠂ ᠰᠠᠯᠬᠢ ᠦᠭᠡᠢ ᠲᠤᠩᠭᠠᠯᠠᠭ ᠡᠳᠦᠷ ᠢ ᠰᠣᠩᠭᠤᠵᠤ᠂ 2-3 ᠡᠳᠦᠷ ᠦᠷ᠎ᠡ ᠪᠠᠨ ᠨᠡᠷᠡᠨ ᠳᠤ ᠡᠭᠡᠭᠡᠨ᠎ᠡ᠃ ᠦᠷ᠎ᠡ ᠶᠢᠨ ᠬᠠᠯᠢᠰᠤᠨ ᠤ ᠬᠡᠢ ᠨᠡᠪᠲᠡᠷᠡᠬᠦ ᠴᠢᠨᠠᠷ ᠪᠠ ᠤᠰᠤᠨ ᠳᠤ ᠵᠣᠬᠢᠴᠠᠬᠤ ᠴᠢᠨᠠᠷ ᠢ ᠨᠡᠮᠡᠭᠳᠡᠭᠦᠯᠵᠦ᠂ ᠦᠷ᠎ᠡ ᠶᠢᠨ ᠠᠮᠢᠳᠤᠷᠠᠬᠤ ᠴᠢᠳᠠᠪᠤᠷᠢ ᠪᠠ ᠨᠠᠬᠢᠶᠠᠯᠠᠬᠤ ᠨᠤᠷᠮ᠎ᠠ ᠶᠢ ᠳᠡᠭᠡᠭᠰᠢᠯᠡᠭᠦᠯᠵᠦ᠂ ᠦᠷ᠎ᠡ ᠶᠢᠨ ᠬᠠᠯᠢᠰᠤᠨ ᠤ ᠪᠠᠺᠲ᠋ᠧᠷᠢ ᠶᠢ ᠤᠰᠠᠳᠬᠠᠵᠤ᠂ ᠵᠠᠷᠢᠮ ᠡᠪᠡᠳᠴᠢᠨ ᠤ ᠬᠤᠣᠷ ᠬᠥᠨᠥᠭᠡᠯ ᠢ ᠪᠠᠭᠠᠰᠬᠠᠬᠤ ᠬᠡᠷᠡᠭᠲᠡᠢ᠃      2.ᠲᠠᠷᠢᠬᠤ ᠬᠤᠭᠤᠴᠠᠭ᠎ᠠ      ᠨᠣᠬᠠᠢ ᠶᠢᠨ ᠬᠤᠰᠢᠭᠤ ᠨᠢ ᠥᠨᠳᠥᠷ ᠬᠦᠢᠲᠡᠨ ᠴᠢᠭᠢᠭᠯᠢᠭ ᠣᠷᠣᠨ ᠳᠤ ᠣᠷᠭᠤᠬᠤ ᠳᠤ ᠲᠣᠬᠢᠷᠠᠮᠵᠢᠲᠠᠢ᠂ ᠳᠤᠯᠠᠭᠠᠨ ᠤ ᠬᠡᠮᠵᠢᠶ᠎ᠡ ᠶᠢᠨ ᠱᠠᠭᠠᠷᠳᠠᠯᠭ᠎ᠠ ᠨᠢ ᠨᠡᠯᠢᠶᠡᠳ ᠳᠣᠣᠷ᠎ᠠ᠂ ᠦᠷ᠎ᠡ ᠶᠢᠨ ᠰᠣᠶᠣᠭᠠᠯᠠᠬᠤ ᠬᠠᠮᠤᠭ ᠤᠨ ᠳᠣᠣᠷ᠎ᠠ ᠳᠤᠯᠠᠭᠠᠨ ᠤ ᠬᠡᠮᠵᠢᠶ᠎ᠡ ᠨᠢ 3℃︱4℃ ᠪᠠᠶᠢᠳᠠᠭ᠃ ᠨᠣᠬᠠᠢ ᠶᠢᠨ ᠬᠤᠰᠢᠭᠤ ᠥᠨᠳᠥᠷ ᠳᠤᠯᠠᠭᠠᠨ ᠳᠤ ᠨᠡᠯᠢᠶᠡᠳ ᠰᠣᠷᠭᠤᠭ ᠪᠠᠶᠢᠵᠤ᠂ ᠲᠦᠷᠦᠭᠦᠳᠡᠬᠦ᠂ ᠴᠡᠴᠡᠭ ᠳᠡᠯᠭᠡᠷᠡᠬᠦ᠂ ᠢᠳᠡᠭᠡ ᠬᠤᠷᠠᠬᠤ ᠬᠤᠭᠤᠴᠠᠭᠠᠨ ᠳᠤ ᠥᠨᠳᠥᠷ ᠳᠤᠯᠠᠭᠠᠨ ᠳᠤ ᠤᠴᠠᠷᠠᠪᠠᠯ ᠦᠷᠡᠯᠡᠬᠦ ᠶᠢ ᠨᠥᠯᠥᠭᠡᠯᠡᠳᠡᠭ᠃ ᠲᠠᠷᠢᠬᠤ ᠬᠤᠭᠤᠴᠠᠭ᠎ᠠ ᠨᠢ ᠮᠠᠰᠢ ᠤᠷᠲᠤ᠂ ᠪᠣᠳᠠᠲᠠᠢ ᠲᠠᠷᠢᠬᠤ ᠬᠤᠭᠤᠴᠠᠭ᠎ᠠ ᠶᠢ ᠪᠣᠳᠠᠲᠠᠢ ᠦᠢᠯᠡᠳᠪᠦᠷᠢᠯᠡᠯ ᠤᠨ ᠨᠥᠬᠦᠴᠡᠯ ᠢᠶᠠᠷ ᠲᠣᠭᠲᠠᠭᠠᠵᠤ ᠪᠣᠯᠣᠨ᠎ᠠ᠃      3.ᠲᠠᠷᠢᠬᠤ ᠬᠡᠮᠵᠢᠶ᠎ᠡ ᠪᠠ ᠲᠠᠷᠢᠬᠤ ᠭᠦᠨ      150-225kg/hm2 ᠢᠶᠠᠷ ᠠᠰ ᠲᠤᠨᠢ ᠲᠠᠷᠢᠵᠤ᠂ 90-155kg/hm2 ᠢᠶᠠᠷ ᠬᠤᠯᠢᠮᠠᠭ ᠲᠠᠷᠢᠨ᠎ᠠ᠃ ᠡᠪᠡᠰᠦ ᠪᠣᠷᠳᠤᠭᠠᠨ ᠤ ᠬᠡᠷᠡᠭᠯᠡᠭᠡ ᠶᠢᠨ ᠲᠠᠷᠢᠬᠤ ᠬᠡᠮᠵᠢᠶ᠎ᠡ ᠶᠢ ᠶᠡᠭᠡ ᠰᠢᠭ ᠪᠠᠶᠢᠯᠭᠠᠵᠤ ᠪᠣᠯᠬᠤ ᠪᠥᠭᠡᠳ ᠦᠷ᠎ᠡ ᠳᠤ ᠬᠡᠷᠡᠭᠯᠡᠬᠦ ᠶᠢ ᠪᠠᠭ᠎ᠠ ᠰᠢᠭ᠋ ᠪᠠᠶᠢᠯᠭᠠᠨ᠎ᠠ᠃ ᠭᠠᠩ ᠬᠠᠭᠤᠷᠠᠢ ᠥᠪᠥᠷ ᠬᠥᠲᠥᠯ ᠤᠨ ᠭᠠᠵᠠᠷ᠂ ᠠᠭᠤᠯᠠᠨ ᠬᠥᠲᠥᠯ ᠤᠨ ᠭᠠᠵᠠᠷ ᠪᠤᠶᠤ ᠥᠨᠳᠥᠷ ᠬᠦᠢᠲᠡᠨ ᠭᠠᠵᠠᠷ ᠣᠷᠣᠨ ᠤ ᠳᠠᠷᠢᠬᠤ ᠬᠡᠮᠵᠢᠶ᠎ᠡ ᠶᠢ ᠵᠣᠬᠢᠬᠤ ᠬᠡᠮᠵᠢᠶ᠎ᠡ ᠪᠠᠷ ᠨᠡᠮᠡᠭᠳᠡᠭᠦᠯᠵᠦ ᠪᠣᠯᠣᠨ᠎ᠠ᠃ ᠲᠠᠷᠢᠬᠤ ᠭᠦᠨ ᠤ ᠬᠡᠮᠵᠢᠶ᠎ᠡ ᠨᠢ ᠶᠡᠷᠦ ᠳᠡᠭᠡᠨ 3-4cm ᠪᠠᠶᠢᠵᠤ᠂ ᠬᠥᠷᠥᠰᠥᠨ ᠤ ᠴᠢᠭᠢᠭ ᠤᠨ ᠪᠠᠶᠢᠳᠠᠯ ᠪᠠᠷᠤᠭᠲᠠᠢ ᠦᠶ᠎ᠡ ᠳᠤ ᠵᠣᠬᠢᠬᠤ ᠬᠡᠮᠵᠢᠶ᠎ᠡ ᠪᠠᠷ 5-6cm ᠭᠦᠨ ᠳᠠᠷᠢᠵᠤ᠂ ᠳᠠᠷᠢᠭᠰᠠᠨ ᠤ ᠳᠠᠷᠠᠭ᠎ᠠ ᠳᠠᠷᠤᠰᠢᠭᠤᠯᠤᠨ᠎ᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号