ᠤᠰᠤᠨ ᠠᠰᠢᠭᠯᠠᠯᠲᠠ ᠤᠯᠤᠰ᠎ᠤᠨ ᠠᠵᠤ ᠠᠬᠤᠶ ᠠᠷᠠᠳ᠎ᠤᠨ ᠠᠮᠢᠳᠤᠷᠠᠯ᠎ᠳᠤ ᠬᠤᠯᠪᠤᠭᠳᠠᠨ᠎ᠠ᠃ ᠤᠰᠤᠨ ᠠᠰᠢᠭᠯᠠᠯᠲᠠ ᠵᠢᠨ ᠪᠦᠲᠦᠭᠡᠨ ᠪᠠᠶ᠋ᠢᠭᠤᠯᠤᠯᠲᠠ ᠵᠢᠨ ᠶᠡᠷᠦᠩᠬᠡᠢ ᠪᠠᠶ᠋ᠢᠳᠠᠯ᠎ᠨᠢ ᠶᠠᠮᠠᠷ ᠪᠣᠯ? ᠪᠡᠯᠡ ᠮᠥᠩᠭᠥ ᠵᠢ ᠬᠠᠮᠢᠭ᠎ᠠ ᠤᠷᠤᠭᠤᠯᠤᠭᠰᠠᠨ ᠪᠣᠯ? ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠪᠦᠲᠦᠭᠡᠨ ᠪᠠᠶ᠋ᠢᠭᠤᠯᠤᠯᠲᠠ᠎ᠨᠢ ᠶᠠᠮᠠᠷ ᠪᠣᠳᠠᠲᠠᠢ ᠠᠬᠢᠴᠠ᠎ᠲᠠᠢ ᠪᠣᠯ? 5᠎ᠤ ᠡᠳᠦᠷ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠤᠭ᠋ᠠᠷ ᠬᠤᠷᠠᠯ ᠳᠡᠭᠡᠷ᠎ᠡ᠂ ᠤᠰᠤᠨ ᠠᠰᠢᠭᠯᠠᠯᠲᠠ ᠵᠢᠨ ᠶᠠᠮᠤᠨ᠎ᠤ ᠰᠠᠶ᠋ᠢᠳ ᠯᠢ ᠭᠦᠸᠧ ᠶᠢᠩ ᠣᠳᠣᠬᠠᠨ᠎ᠤ ᠤᠰᠤᠨ ᠠᠰᠢᠭᠯᠠᠯᠲᠠ ᠵᠢᠨ ᠬᠦᠷᠢᠶᠡᠨ᠎ᠤ ᠴᠢᠬᠤᠯᠠ ᠶᠠᠷᠢᠶᠠᠨ᠎ᠤ ᠰᠡᠳᠦᠪ᠎ᠤᠨ ᠲᠤᠬᠠᠶ ᠬᠠᠷᠢᠭᠤᠯᠪᠠ᠃
ᠯᠢ ᠭᠦᠸᠧ ᠶᠢᠩ ᠢᠯᠡᠷᠬᠡᠶ᠋ᠢᠯᠡᠬᠦ᠎ᠳᠡᠭᠡᠨ᠂ 2023 ᠣᠨ᠎ᠳᠤ᠂ ᠮᠠᠨ᠎ᠤ ᠤᠯᠤᠰ᠎ᠤᠨ ᠤᠰᠤᠨ ᠠᠰᠢᠭᠯᠠᠯᠲᠠ ᠵᠢᠨ ᠪᠥᠲᠥᠭᠡᠨ ᠪᠠᠶ᠋ᠢᠭᠤᠯᠤᠯᠲᠠ ᠪᠥᠬᠦ ᠲᠠᠯ᠎ᠠ᠎ᠪᠠᠷ ᠲᠦᠷᠭᠡᠳᠴᠦ᠂ ᠪᠥᠬᠦ ᠵᠢᠯ᠎ᠳᠤ ᠤᠰᠤᠨ ᠠᠰᠢᠭᠯᠠᠯᠲᠠ ᠵᠢᠨ ᠪᠥᠲᠥᠭᠡᠨ ᠪᠠᠶ᠋ᠢᠭᠤᠯᠤᠯᠲᠠ ᠵᠢᠨ ᠪᠠᠯᠠ ᠣᠷᠣᠭᠤᠯᠤᠯᠲᠠ ᠵᠢ 11996 ᠳ᠋ᠦᠩᠰᠢᠭᠤᠷ ᠲᠥᠭᠦᠷᠢᠭ ᠪᠡᠶᠡᠯᠡᠭᠦᠯᠵᠦ᠂ 2022 ᠣᠨ᠎ᠤ᠎ᠬᠢ᠎ᠠᠴᠠ 10.1%᠎ᠪᠠᠷ ᠨᠡᠮᠡᠭᠳᠡᠵᠦ᠂ ᠲᠡᠦᠬᠡ ᠵᠢᠨ ᠬᠠᠮᠤᠭ᠎ᠤᠨ ᠥᠨᠳᠥᠷ ᠲᠡᠮᠳᠡᠭᠯᠡᠯ᠎ᠢ ᠡᠭᠦᠳᠪᠡ᠃
ᠲᠠᠨᠢᠯᠴᠠᠭᠤᠯᠤᠭᠰᠠᠨ ᠵᠶ᠋ᠠᠷ᠂ 11996 ᠳ᠋ᠦᠩᠰᠢᠭᠤᠷ ᠳᠦᠭᠦᠷᠢᠭ᠎ᠤᠨ ᠪᠡᠯᠡ ᠤᠷᠤᠭᠤᠯᠤᠯᠲᠠ ᠪᠤᠯ 41014 ᠤᠰᠤᠨ ᠠᠰᠢᠬᠯᠠᠯᠲᠠ ᠵᠢᠨ ᠢᠨᠵᠧᠨᠧᠷᠢᠩ᠎ᠤᠨ ᠲᠦᠷᠦᠯ ᠵᠦᠢ᠍ᠯ᠎ᠢ ᠬᠡᠷᠡᠭᠵᠢᠭᠦᠯᠭᠦ᠎ᠪᠠᠷ ᠲᠠᠮᠵᠢᠭᠤᠯᠤᠨ ᠪᠡᠶᠡᠯᠡᠭᠦᠯᠦᠭᠰᠠᠨ ᠶᠤᠮ᠃ ᠡᠭᠦᠨ᠎ᠳᠤ᠂ ᠦᠶᠡᠷ᠎ᠢ ᠰᠡᠷᠭᠡᠶ᠋ᠢᠯᠡᠬᠦ ᠢᠨᠵᠧᠨᠧᠷᠢᠩ 13083 ᠪᠠᠶ᠋ᠢᠵᠤ᠂ 3282 ᠳ᠋ᠦᠩᠰᠢᠭᠤᠷ ᠲᠥᠭᠦᠷᠢᠭ᠎ᠤᠨ ᠪᠡᠯᠡ ᠣᠷᠣᠭᠤᠯᠤᠯᠲᠠ ᠵᠢ ᠪᠡᠶᠡᠯᠡᠭᠦᠯᠪᠡ; ᠤᠰᠤ ᠬᠠᠩᠭ᠋ᠠᠬᠤ ᠢᠨᠵᠧᠨᠧᠷᠢᠩ 14749 ᠪᠠᠶ᠋ᠢᠵᠤ᠂ 5013 ᠳ᠋ᠦᠩᠰᠢᠭᠤᠷ ᠲᠥᠭᠦᠷᠢᠭ᠎ᠤᠨ ᠪᠡᠯᠡ ᠣᠷᠣᠭᠤᠯᠤᠯᠲᠠ ᠵᠢ ᠪᠡᠶᠡᠯᠡᠭᠦᠯᠪᠡ; ᠤᠰᠤᠯᠠᠯᠲᠠ ᠵᠢᠨ ᠢᠨᠵᠧᠨᠧᠷᠢᠩ 5143 ᠪᠠᠶ᠋ᠢᠵᠤ᠂ 1497 ᠳ᠋ᠦᠩᠰᠢᠭᠤᠷ ᠲᠥᠭᠦᠷᠢᠭ᠎ᠤᠨ ᠪᠡᠯᠡ ᠣᠷᠣᠭᠤᠯᠤᠯᠲᠠ ᠵᠢ ᠪᠡᠶᠡᠯᠡᠭᠦᠯᠪᠡ; ᠤᠰᠤᠨ᠎ᠤ ᠠᠮᠢ ᠠᠬᠤᠶ ᠵᠢ ᠬᠠᠮᠠᠭ᠋ᠠᠯᠠᠬᠤ ᠪᠠ ᠵᠠᠰᠠᠬᠤ ᠢᠨᠵᠧᠨᠧᠷᠢᠩ 8039 ᠪᠠᠶ᠋ᠢᠵᠤ᠂ 2204 ᠳ᠋ᠦᠩᠰᠢᠭᠤᠷ ᠲᠥᠭᠦᠷᠢᠭ᠎ᠤᠨ ᠪᠡᠯᠡ ᠣᠷᠣᠭᠤᠯᠤᠯᠲᠠ ᠵᠢ ᠪᠡᠶᠡᠯᠡᠭᠦᠯᠪᠡ᠃
ᠯᠢ ᠭᠦᠸᠧ ᠶᠢᠩ ᠢᠯᠡᠷᠬᠡᠶ᠋ᠢᠯᠡᠬᠦ᠎ᠳᠡᠭᠡᠨ᠂ ᠡᠲᠡᠭᠡᠷ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠲᠥᠷᠥᠯ ᠵᠦᠢ᠍ᠯ᠎ᠢ ᠬᠡᠷᠡᠭᠵᠢᠭᠦᠯᠦᠭᠰᠡᠨ᠎ᠨᠢ ᠤᠰᠤ ᠭᠠᠩ᠎ᠤᠨ ᠭᠠᠮᠰᠢᠭ᠎ᠢ ᠰᠡᠷᠭᠡᠶ᠋ᠢᠯᠡᠬᠦ ᠴᠢᠳᠠᠪᠤᠷᠢ᠂ ᠤᠰᠤᠨ᠎ᠤ ᠡᠬᠢ ᠪᠠᠶᠠᠯᠢᠭ᠎ᠢ ᠠᠷᠪᠢᠯᠠᠵᠤ ᠡᠷᠴᠢᠮᠵᠢᠭᠦᠯᠦᠨ ᠠᠰᠢᠭᠯᠠᠬᠤ ᠴᠢᠳᠠᠪᠤᠷᠢ᠂ ᠤᠰᠤᠨ᠎ᠤ ᠡᠬᠢ ᠪᠠᠶᠠᠯᠢᠭ᠎ᠢ ᠰᠢᠯᠢᠳᠡᠭᠵᠢᠭᠦᠯᠦᠨ ᠳᠣᠭᠢᠷᠠᠭᠤᠯᠬᠤ ᠴᠢᠳᠠᠪᠤᠷᠢ᠂ ᠭᠤᠤᠯ ᠮᠥᠷᠡᠨ ᠨᠠᠭᠤᠷ ᠴᠥᠭᠦᠷᠥᠮ᠎ᠤᠨ ᠠᠮᠢ ᠠᠬᠤᠶ ᠵᠢ ᠬᠠᠮᠠᠭ᠋ᠠᠯᠠᠨ ᠵᠠᠰᠠᠬᠤ ᠴᠢᠳᠠᠪᠤᠷᠢ ᠵᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠤᠯᠤᠰ᠎ᠤᠨ ᠦᠶᠡᠷ᠎ᠢ ᠰᠡᠷᠭᠡᠶ᠋ᠢᠯᠡᠬᠦ ᠠᠮᠤᠷ ᠲᠦᠪᠰᠢᠨ᠂ ᠤᠰᠤ ᠬᠠᠩᠭ᠋ᠠᠬᠤ ᠠᠮᠤᠷ ᠲᠦᠪᠰᠢᠨ᠂ ᠠᠮᠤ ᠪᠤᠳᠠᠭ᠋ᠠᠨ᠎ᠤ ᠠᠮᠤᠷ ᠲᠦᠪᠰᠢᠨ᠂ ᠠᠮᠢ ᠠᠬᠤᠶ ᠵᠢᠨ ᠠᠮᠤᠷ ᠲᠦᠪᠰᠢᠨ᠎ᠳᠤ ᠤᠯᠠᠮ ᠨᠢᠭᠡ ᠠᠯᠬᠤᠮ ᠬᠦᠴᠦᠲᠡᠶ ᠲᠤᠯᠭ᠋ᠠᠭᠤᠷᠢᠯᠠᠯ ᠪᠠ ᠪᠠᠲᠤᠯᠠᠭ᠎ᠠ ᠬᠠᠩᠭ᠋ᠠᠬᠤ ᠪᠣᠯᠤᠨ᠎ᠠ᠃
ᠤᠯᠤᠰ᠎ᠤᠨ ᠤᠰᠤᠨ ᠠᠰᠢᠭᠯᠠᠯᠲᠠ ᠵᠢᠨ ᠲᠤᠤᠷ᠎ᠢ ᠤᠳᠤᠬᠠᠨ᠎ᠳᠤ ᠶᠠᠭ ᠲᠦᠷᠭᠡᠪᠴᠢᠯᠡᠨ ᠪᠠᠢ᠌ᠭᠤᠯᠵᠤ ᠪᠠᠢ᠌ᠨ᠎ᠠ᠃ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠢ ᠪᠦᠲᠦᠭᠡᠨ ᠪᠠᠶ᠋ᠢᠭᠤᠯᠬᠤ᠎ᠳᠤ ᠶᠠᠮᠠᠷ ᠶᠠᠮᠠᠷ ᠲᠥᠯᠥᠪᠵᠢᠭᠦᠯᠭᠡ᠎ᠲᠠᠢ ᠪᠠᠶ᠋ᠢᠬᠤ᠂ ᠣᠳᠣᠬᠠᠨ᠎ᠳᠤ ᠪᠣᠳᠠᠲᠠᠢ ᠠᠬᠢᠴᠠ ᠶᠠᠮᠠᠷ ᠵᠡᠷᠭᠡ ᠪᠠᠶ᠋ᠢᠬᠤ ᠪᠤᠢ?
ᠯᠢ ᠭᠦᠸᠧ ᠶᠢᠩ ᠬᠡᠯᠡᠬᠦ᠎ᠳᠡᠭᠡᠨ᠂ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠪᠦᠲᠦᠭᠡᠨ ᠪᠠᠶ᠋ᠢᠭᠤᠯᠤᠯᠲᠠ ᠵᠢᠨ ᠭᠤᠣᠯᠳᠠᠯᠭ᠎ᠠ᠎ᠲᠠᠢ ᠡᠭᠦᠷᠭᠡ᠎ᠨᠢ 《ᠬᠥᠲᠥᠯᠪᠦᠷᠢ᠂ ᠵᠣᠷᠢᠯᠭ᠎ᠠ᠂ ᠲᠡᠭᠦᠰᠬᠡᠯ》 ᠭᠡᠬᠦ ᠭᠤᠷᠪᠠᠨ ᠲᠠᠯ᠎ᠠ᠎ᠪᠠᠷ ᠲᠥᠪᠯᠡᠷᠡᠩᠭᠦᠢ ᠢᠯᠡᠷᠡᠵᠦ ᠪᠠᠶ᠋ᠢᠨ᠎ᠠ᠄
ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ 《ᠬᠥᠲᠥᠯᠪᠦᠷᠢ》 ᠵᠢ ᠪᠠᠢ᠌ᠭᠤᠯᠬᠤ᠃ ᠬᠥᠬᠡ ᠮᠥᠷᠡᠨ᠂ ᠬᠤᠸᠠᠢ ᠾᠧ ᠭᠤᠣᠯ᠂ ᠬᠠᠲᠤᠨ ᠭᠤᠣᠯ᠂ ᠬᠠᠢ ᠾᠧ ᠭᠤᠣᠯ ᠵᠡᠷᠭᠡ ᠳᠥᠷᠪᠡᠨ ᠶᠡᠭᠡ ᠤᠰᠤᠨ ᠰᠢᠰᠲ᠋ᠧᠮ ᠵᠶ᠋ᠠᠷ ᠰᠠᠭᠤᠷᠢ ᠪᠣᠯᠭ᠋ᠠᠵᠤ᠂ ᠡᠮᠦᠨᠡᠲᠦ ᠵᠢᠨ ᠤᠰᠤ ᠵᠢ ᠤᠮᠠᠷᠠᠰᠢ ᠲᠠᠲᠠᠬᠤ ᠵᠡᠭᠦᠨ᠂ ᠳᠤᠮᠳᠠ᠂ ᠪᠠᠷᠠᠭᠤᠨ ᠱᠤᠭᠤᠮ ᠵᠡᠷᠭᠡ ᠭᠤᠷᠪᠠᠨ ᠤᠰᠤ ᠲᠠᠲᠠᠬᠤ ᠱᠤᠭᠤᠮ ᠵᠶ᠋ᠠᠷ ᠭᠤᠣᠯ ᠪᠣᠯᠭ᠋ᠠᠵᠤ᠂ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠭᠤᠣᠯ ᠨᠢᠷᠤᠭᠤ ᠪᠠ ᠲᠤᠮᠤ ᠯᠤᠭᠰᠢᠭᠤᠨ ᠰᠤᠳᠠᠯ᠎ᠢ ᠲᠦᠷᠭᠡᠪᠴᠢᠯᠡᠨ ᠪᠠᠶ᠋ᠢᠭᠤᠯᠤᠨ᠎ᠠ᠃
ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ 《ᠵᠣᠷᠢᠯᠭ᠎ᠠ》 ᠵᠢ ᠨᠢᠭᠲᠠ ᠰᠦᠯᠵᠢᠬᠦ᠃ ᠦᠢ᠍ᠯᠡᠳᠪᠦᠷᠢᠯᠡᠯ᠎ᠤᠨ ᠬᠦᠴᠦᠨ᠎ᠤ ᠪᠠᠶ᠋ᠢᠷᠢᠰᠢᠭᠤᠯᠤᠯᠲᠠ ᠪᠠ ᠠᠮᠢ ᠠᠬᠤᠶ ᠣᠷᠴᠢᠨ ᠲᠣᠭᠤᠷᠢᠨ᠎ᠤ ᠬᠠᠮᠠᠭ᠋ᠠᠯᠠᠯᠲᠠ ᠵᠢᠨ ᠬᠡᠷᠡᠭᠴᠡᠭᠡ ᠱᠠᠭ᠋ᠠᠷᠳᠠᠯᠭ᠎ᠠ ᠵᠢ ᠦᠨᠳᠦᠰᠦᠯᠡᠨ᠂ ᠪᠠᠶ᠋ᠢᠭ᠋ᠠᠯᠢ ᠵᠢᠨ ᠭᠤᠤᠯ᠎ᠤᠨ ᠰᠢᠰᠲ᠋ᠧᠮ ᠵᠶ᠋ᠠᠷ ᠰᠠᠭᠤᠷᠢ ᠪᠣᠯᠭ᠋ᠠᠵᠤ᠂ ᠲᠠᠲᠠᠬᠤ᠂ ᠳᠠᠮᠵᠢᠭᠤᠯᠬᠤ᠂ ᠭᠠᠳᠠᠭᠰᠢᠯᠠᠭᠤᠯᠬᠤ ᠢᠨᠵᠧᠨᠧᠷᠢᠩ ᠵᠶ᠋ᠠᠷ ᠨᠡᠪᠲᠡᠷᠡᠬᠦ ᠵᠠᠮ ᠪᠣᠯᠭ᠋ᠠᠵᠤ᠂ ᠬᠥᠨᠳᠡᠯᠡᠨ ᠭᠤᠯᠳᠤ ᠰᠦᠯᠵᠢᠯᠳᠦᠭᠰᠡᠨ᠂ ᠬᠠᠷᠢᠯᠴᠠᠨ ᠬᠤᠯᠪᠣᠭ᠋ᠠᠯᠠᠵᠤ ᠬᠠᠷᠢᠯᠴᠠᠨ ᠨᠡᠪᠲᠡᠷᠡᠯᠴᠡᠭᠰᠡᠨ ᠤᠰᠤᠨ᠎ᠤ ᠤᠷᠤᠰᠬᠠᠯ᠎ᠤᠨ ᠲᠣᠤᠷ᠎ᠢ ᠪᠣᠶ ᠪᠣᠯᠭ᠋ᠠᠨ᠎ᠠ;
ᠤᠯᠤᠰ᠎ᠤᠨ ᠤᠰᠤᠨ ᠠᠰᠢᠭᠯᠠᠯᠲᠠ ᠵᠢᠨ ᠲᠣᠤᠷ᠎ᠤᠨ 《ᠲᠡᠭᠦᠰᠬᠡᠯ》 ᠢ ᠪᠠᠲᠤ ᠲᠠᠯᠪᠢᠬᠤ᠃ ᠪᠠᠶ᠋ᠢᠭ᠋ᠠᠯᠢ ᠵᠢᠨ ᠭᠣᠤᠯ ᠮᠥᠷᠡᠨ ᠪᠠ ᠭᠣᠤᠯᠳᠠᠯᠭ᠎ᠠ᠎ᠲᠠᠢ ᠤᠰᠤ ᠲᠠᠲᠠᠬᠤ ᠢᠨᠵᠧᠨᠧᠷᠢᠩ᠎ᠤᠨ ᠵᠠᠯᠭ᠋ᠠᠯᠲᠠ ᠵᠢᠨ ᠭᠠᠵᠠᠷ᠎ᠲᠤ᠂ ᠬᠢᠵᠠᠭ᠋ᠠᠷᠯᠠᠬᠤ ᠴᠢᠨᠠᠷᠲᠠᠶ ᠲᠣᠬᠢᠷᠠᠭᠤᠯᠤᠨ ᠬᠠᠳᠠᠭ᠋ᠠᠯᠠᠬᠤ ᠢᠨᠵᠧᠨᠧᠷᠢᠩ ᠪᠠ ᠭᠣᠤᠯᠳᠠᠯᠭ᠎ᠠ᠎ᠲᠠᠢ ᠤᠰᠤᠨ᠎ᠤ ᠰᠤᠷᠪᠤᠯᠵᠢ ᠵᠢᠨ ᠢᠨᠵᠧᠨᠧᠷᠢᠩ᠎ᠢ ᠪᠠᠶ᠋ᠢᠭᠤᠯᠵᠤ᠂ ᠡᠭᠦᠨ ᠵᠶ᠋ᠠᠷ ᠤᠯᠤᠰ᠎ᠤᠨ ᠤᠰᠤᠨ ᠠᠰᠢᠭᠯᠠᠯᠲᠠ ᠵᠢᠨ ᠲᠣᠤᠷ᠎ᠤᠨ ᠤᠰᠤᠨ᠎ᠤ ᠡᠬᠢ ᠰᠤᠷᠪᠤᠯᠵᠢ ᠵᠢ ᠲᠣᠬᠢᠷᠠᠭᠤᠯᠤᠨ ᠡᠵᠡᠮᠳᠡᠬᠦ ᠴᠢᠳᠠᠪᠤᠷᠢ ᠪᠠ ᠤᠰᠤᠨ᠎ᠤ ᠡᠬᠢ ᠰᠤᠷᠪᠤᠯᠵᠢ ᠵᠢ ᠬᠠᠩᠭ᠋ᠠᠬᠤ ᠴᠢᠳᠠᠪᠤᠷᠢ ᠵᠢ ᠳᠡᠭᠡᠭᠰᠢᠯᠡᠭᠦᠯᠦᠨ᠎ᠡ᠃
ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠪᠦᠲᠦᠭᠡᠨ ᠪᠠᠶ᠋ᠢᠭᠤᠯᠤᠯᠲᠠ ᠵᠢᠨ ᠬᠠᠷᠠᠯᠲᠠ ᠪᠣᠯ 《ᠰᠢᠰᠲ᠋ᠧᠮ ᠪᠦᠷᠢᠨ ᠲᠡᠭᠦᠯᠳᠡᠷ᠂ ᠠᠮᠤᠷ ᠲᠦᠪᠰᠢᠨ ᠨᠠᠶ᠋ᠢᠳᠠᠪᠤᠷᠢᠲᠠᠢ᠂ ᠡᠷᠴᠢᠮᠯᠢᠭ ᠥᠨᠳᠥᠷ ᠪᠦᠲᠦᠮᠵᠢᠲᠡᠢ᠂ ᠪᠣᠬᠢᠷᠲᠤᠯ ᠦᠭᠡᠢ ᠤᠶᠤᠨᠴᠢ᠂ ᠣᠷᠴᠢᠯ ᠰᠠᠭ᠋ᠠᠳ ᠦᠭᠡᠢ ᠨᠡᠪᠲᠡᠷᠡᠬᠦ᠂ ᠲᠣᠬᠢᠷᠠᠭᠤᠯᠤᠯ ᠡᠵᠡᠮᠳᠡᠯ ᠡᠮᠬᠢ ᠵᠠᠮᠪᠠᠷᠠᠭ᠎ᠠ᠎ᠲᠠᠢ》᠃ 《ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠪᠦᠲᠦᠭᠡᠨ ᠪᠠᠶ᠋ᠢᠭᠤᠯᠤᠯᠲᠠ ᠵᠢᠨ ᠲᠥᠯᠥᠪᠵᠢᠭᠦᠯᠭᠡ ᠵᠢᠨ ᠲᠣᠪᠴᠢ》 ᠵᠢ ᠦᠨᠳᠦᠰᠦᠯᠡᠨ 2035 ᠣᠨ ᠪᠣᠯᠬᠤ᠎ᠳᠤ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠶᠡᠷᠦᠩᠬᠡᠢ ᠪᠠᠶ᠋ᠢᠷᠢᠰᠢᠯ᠎ᠢ ᠦᠨᠳᠦᠰᠦᠨ᠎ᠳᠡᠭᠡᠨ ᠪᠣᠢ ᠪᠣᠯᠭ᠋ᠠᠵᠤ᠂ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠭᠤᠣᠯ ᠲᠥᠪ ᠪᠣᠯᠣᠨ ᠲᠣᠮᠣ ᠯᠤᠭᠰᠢᠭᠤᠨ ᠰᠤᠳᠠᠯ᠎ᠢ ᠠᠯᠬᠤᠮ ᠠᠯᠬᠤᠮ ᠵᠶ᠋ᠠᠷ ᠪᠠᠶ᠋ᠢᠭᠤᠯᠵᠤ᠂ ᠮᠤᠵᠢ ᠬᠣᠲᠠ ᠰᠢᠶᠠᠨ᠎ᠤ ᠤᠰᠤᠨ ᠠᠰᠢᠭᠯᠠᠯᠲᠠ ᠵᠢᠨ ᠲᠣᠣᠷ᠎ᠢ ᠦᠨᠳᠦᠰᠦᠨ᠎ᠳᠡᠭᠡᠨ ᠲᠡᠭᠦᠯᠳᠡᠷᠵᠢᠭᠦᠯᠵᠦ᠂ ᠨᠡᠶ᠋ᠢᠭᠡᠮ ᠵᠢᠷᠤᠮ᠎ᠤᠨ ᠣᠳᠣᠬᠢᠴᠢᠯᠠᠯᠲᠠ ᠵᠢ ᠦᠨᠳᠦᠰᠦᠨ᠎ᠳᠡᠭᠡᠨ ᠪᠡᠶᠡᠯᠡᠭᠦᠯᠬᠦᠯᠦᠭᠡ ᠲᠣᠬᠢᠷᠠᠯᠴᠠᠭᠰᠠᠨ ᠤᠯᠤᠰ᠎ᠤᠨ ᠤᠰᠤᠨ᠎ᠤ ᠠᠶᠤᠯᠭᠦᠢ ᠵᠢᠨ ᠪᠠᠲᠤᠯᠠᠭ᠎ᠠ ᠵᠢᠨ ᠰᠢᠰᠲᠸᠮ᠎ᠢ ᠪᠠᠶ᠋ᠢᠭᠤᠯᠤᠨ᠎ᠠ᠃
《ᠣᠳᠣᠬᠠᠨ᠎ᠳᠤ᠂ ᠤᠰᠤᠨ ᠠᠰᠢᠭᠯᠠᠯᠲᠠ ᠵᠢᠨ ᠶᠠᠮᠤᠨ ᠨᠢᠭᠡᠨᠲᠡ 〈ᠤᠯᠤᠰ᠎ᠤᠨ ᠤᠰᠤᠨ ᠠᠰᠢᠭᠯᠠᠯᠲᠠ ᠵᠢᠨ ᠲᠣᠤᠷ᠎ᠤᠨ ᠪᠥᠲᠥᠭᠡᠨ ᠪᠠᠶ᠋ᠢᠭᠤᠯᠤᠯᠲᠠ ᠵᠢᠨ ᠲᠥᠯᠥᠪᠵᠢᠭᠦᠯᠭᠡ ᠵᠢᠨ ᠬᠥᠲᠥᠯᠪᠦᠷᠢ〉᠎ᠳᠤ ᠪᠠᠶ᠋ᠢᠷᠢᠯᠠᠭᠤᠯᠤᠭᠰᠠᠨ ᠭᠤᠤᠯᠳᠠᠯᠭ᠎ᠠ᠎ᠲᠠᠢ ᠡᠭᠦᠷᠭᠡ ᠵᠢ ᠪᠥᠬᠦ ᠲᠠᠯ᠎ᠠ᠎ᠪᠠᠷ ᠵᠠᠳᠠᠯᠤᠨ ᠨᠠᠷᠢᠯᠢᠬ᠍ᠵᠢᠭᠤᠯᠵᠤ᠂ ᠢᠨᠵᠧᠨᠧᠷᠢᠩ᠎ᠤᠨ ᠪᠣᠳᠠᠲᠠᠶ ᠲᠥᠷᠥᠯ ᠵᠦᠢ᠍ᠯ᠎ᠳᠤ ᠵᠦᠢ᠍ᠯ ᠳᠠᠷᠠᠭ᠋ᠠᠯᠠᠨ ᠨᠠᠶ᠋ᠢᠳᠠᠪᠤᠷᠢᠵᠢᠭᠤᠯᠵᠤ᠂ ᠣᠨ᠎ᠤ ᠠᠬᠢᠭᠤᠯᠬᠤ ᠲᠥᠯᠥᠪᠯᠡᠭᠡ᠎ᠳᠤ ᠵᠦᠢ᠍ᠯ ᠳᠠᠷᠠᠭ᠋ᠠᠯᠠᠨ ᠨᠠᠶ᠋ᠢᠳᠠᠪᠤᠷᠢᠵᠢᠭᠤᠯᠬᠤ ᠵᠢᠨ ᠬᠠᠮᠲᠤ ᠢᠨᠵᠧᠨᠧᠷᠢᠩ᠎ᠤᠨ ᠲᠥᠷᠥᠯ ᠵᠦᠢ᠍ᠯ᠎ᠢ ᠵᠣᠬᠢᠴᠠᠭᠤᠯᠤᠨ ᠠᠬᠢᠭᠤᠯᠬᠤ ᠲᠣᠭᠲᠠᠴᠠ ᠵᠢ ᠪᠠᠶ᠋ᠢᠭᠤᠯᠤᠨ ᠲᠡᠭᠦᠯᠳᠡᠷᠵᠢᠭᠦᠯᠪᠡ》᠃ ᠯᠢ ᠭᠦᠸᠧ ᠶᠢᠩ ᠬᠡᠯᠡᠬᠦ᠎ᠳᠡᠭᠡᠨ᠂ ᠤᠰᠤᠨ ᠠᠰᠢᠭᠯᠠᠯᠲᠠ ᠵᠢᠨ ᠶᠠᠮᠤᠨ ᠢᠨᠵᠧᠨᠧᠷᠢᠩ᠎ᠤᠨ ᠲᠥᠷᠥᠯ ᠵᠦᠢ᠍ᠯ᠎ᠤᠨ ᠬᠡᠷᠡᠭᠵᠢᠭᠦᠯᠦᠯᠲᠡ ᠵᠢ ᠬᠠᠤᠯᠢ ᠲᠣᠭᠲᠠᠭ᠋ᠠᠯ ᠶᠣᠰᠣᠭ᠋ᠠᠷ᠂ ᠰᠢᠨᠵᠢᠯᠡᠬᠦ ᠤᠬᠠᠭ᠋ᠠᠨᠴᠢ ᠪᠥᠭᠡᠳ ᠡᠮᠬᠢ ᠵᠢᠷᠤᠮ᠎ᠲᠠᠢ᠎ᠪᠠᠷ ᠲᠦᠯᠬᠢᠨ ᠠᠬᠢᠭᠤᠯᠵᠤ᠂ ᠤᠯᠤᠰ᠎ᠤᠨ ᠤᠰᠤᠨ ᠠᠰᠢᠭᠯᠠᠯᠲᠠ ᠵᠢᠨ ᠲᠣᠣᠷ᠎ᠤᠨ ᠪᠦᠲᠦᠭᠡᠨ ᠪᠠᠶ᠋ᠢᠭᠤᠯᠤᠯᠲᠠ ᠵᠢᠨ ᠬᠠᠷᠠᠯᠲᠠ ᠡᠭᠦᠷᠭᠡ ᠵᠢ ᠲᠣᠭᠲᠠᠭᠰᠠᠨ ᠬᠤᠭᠤᠴᠠᠭ᠋ᠠᠨ᠎ᠳᠤ ᠪᠡᠶᠡᠯᠡᠭᠦᠯᠬᠦ ᠵᠢ ᠦᠨᠡᠨ ᠬᠦ᠌ ᠪᠠᠲᠤᠯᠠᠨ᠎ᠠ᠃