[ ᠯᠢ ᠭᠦᠸᠧ ᠶᠢᠩ᠄ 2023 ᠣᠨᠳᠤ ᠤᠰᠤᠨ ᠠᠰᠢᠭᠯᠠᠯᠲᠠ ᠵᠢᠨ ᠪᠥᠲᠥᠭᠡᠨ ᠪᠠᠶ᠋ᠢᠭᠤᠯᠤᠯᠲᠠ ᠵᠢ ᠪᠥᠬᠦ ᠲᠠᠯᠠᠪᠠᠷ ᠲᠦᠷᠭᠡᠳᠬᠡᠪᠡ] ᠤᠰᠤᠨ ᠠᠰᠢᠭᠯᠠᠯᠲᠠ ᠵᠢᠨ ᠶᠠᠮᠤᠨᠤ ᠰᠠᠶ᠋ᠢᠳ ᠯᠢ ᠭᠦᠸᠧ ᠶᠢᠩ 5ᠤ ᠡᠳᠦᠷ ᠠᠷᠪᠠᠨ ᠳᠥᠷᠪᠡᠳᠦᠭᠡᠷ ᠬᠤᠭᠤᠴᠠᠭ᠋ᠠᠨᠤ ᠪᠥᠬᠦ ᠤᠯᠤᠰᠤᠨ ᠠᠷᠠᠳᠤᠨ ᠲᠥᠯᠥᠭᠡᠯᠡᠭᠴᠢᠳᠤᠨ ᠶᠡᠭᠡ ᠬᠤᠷᠠᠯᠤᠨ ᠬᠤᠶᠠᠳᠤᠭ᠋ᠠᠷ ᠬᠤᠷᠠᠯᠳᠤᠭ᠋ᠠᠨᠤ ᠠᠩᠬᠠᠳᠤᠭ᠋ᠠᠷ ᠤᠳᠠᠭ᠋ᠠᠨᠤ 《ᠰᠠᠶ᠋ᠢᠳ ᠨᠠᠷᠤᠨ ᠨᠡᠪᠲᠡᠷᠡᠬᠦ ᠵᠠᠮ》 ᠳᠡᠭᠡᠷ᠎ᠡ ᠲᠠᠨᠢᠯᠴᠠᠭᠤᠯᠤᠭᠰᠠᠨ ᠵᠶ᠋ᠠᠷ᠂ 2023 ᠣᠨᠳᠤ ᠤᠰᠤᠨ ᠠᠰᠢᠭᠯᠠᠯᠲᠠ ᠵᠢᠨ ᠪᠥᠲᠥᠭᠡᠨ ᠪᠠᠶ᠋ᠢᠭᠤᠯᠤᠯᠲᠠ ᠵᠢᠨ ᠪᠠᠯᠠ ᠣᠷᠣᠭᠤᠯᠤᠯᠲᠠ ᠵᠢ ᠪᠥᠬᠦ ᠲᠠᠯᠠᠪᠠᠷ ᠲᠦᠷᠭᠡᠳᠬᠡᠵᠦ᠂ ᠪᠥᠬᠦ ᠤᠯᠤᠰᠤᠨ ᠤᠰᠤᠨ ᠠᠰᠢᠭᠯᠠᠯᠲᠠ ᠵᠢᠨ ᠪᠥᠲᠥᠭᠡᠨ ᠪᠠᠶ᠋ᠢᠭᠤᠯᠤᠯᠲᠠ ᠵᠢᠨ ᠪᠠᠯᠠ ᠣᠷᠣᠭᠤᠯᠤᠯᠲᠠ ᠵᠢ 11996 ᠳ᠋ᠦᠩᠰᠢᠭᠤᠷ ᠲᠥᠭᠦᠷᠢᠭ ᠪᠡᠶᠡᠯᠡᠭᠦᠯᠵᠦ᠂ 2022 ᠣᠨᠤᠬᠢᠠᠴᠠ 10.1%ᠪᠠᠷ ᠨᠡᠮᠡᠭᠳᠡᠭᠦᠯᠵᠦ᠂ ᠲᠡᠤᠬᠡ ᠵᠢᠨ ᠬᠠᠮᠤᠭᠤᠨ ᠦᠨᠳᠦᠷ ᠲᠡᠮᠳᠡᠭᠯᠡᠯᠢ ᠡᠭᠦᠳᠪᠡ᠃ ᠤᠰᠤᠨᠤ ᠭᠠᠮᠰᠢᠭ᠂ ᠤᠰᠤᠨᠤ ᠡᠬᠢ ᠪᠠᠶᠠᠯᠢᠭ᠂ ᠤᠰᠤᠨᠤ ᠠᠮᠢ ᠠᠬᠤᠶ᠂ ᠤᠰᠤᠨᠤ ᠣᠷᠴᠢᠨ ᠲᠣᠭᠣᠷᠢᠨ ᠵᠡᠷᠭᠡ ᠳᠥᠷᠪᠡᠨ ᠶᠡᠬᠡ ᠤᠰᠤᠨᠤ ᠠᠰᠠᠭᠤᠳᠠᠯᠳᠤ ᠴᠢᠭᠯᠡᠭᠦᠯᠦᠨ᠂ 41014 ᠤᠰᠤᠨ ᠠᠰᠢᠭᠯᠠᠯᠲᠠ ᠵᠢᠨ ᠲᠥᠷᠥᠯ ᠵᠦᠢ᠍ᠯᠢ ᠬᠡᠷᠡᠭᠵᠢᠭᠦᠯᠵᠦ᠂ ᠤᠯᠤᠰᠤᠨ ᠦᠶᠡᠷᠢ ᠰᠡᠷᠭᠡᠶ᠋ᠢᠯᠡᠬᠦ ᠠᠮᠤᠷ ᠲᠦᠪᠰᠢᠨ᠂ ᠤᠰᠤ ᠬᠠᠩᠭ᠋ᠠᠬᠤ ᠠᠮᠤᠷ ᠲᠦᠪᠰᠢᠨ᠂ ᠠᠮᠤ ᠪᠤᠳᠠᠭ᠋ᠠᠨᠤ ᠠᠮᠤᠷ ᠲᠦᠪᠰᠢᠨ᠂ ᠠᠮᠢ ᠠᠬᠤᠶ ᠵᠢᠨ ᠠᠮᠤᠷ ᠲᠦᠪᠰᠢᠨᠳᠤ ᠬᠦᠴᠦᠲᠡᠶ ᠲᠤᠯᠭ᠋ᠠᠭᠤᠷᠢᠯᠠᠯ ᠪᠠ ᠪᠠᠲᠤᠯᠠᠭ᠎ᠠ ᠬᠠᠩᠭ᠋ᠠᠬᠤ ᠬᠡᠷᠡᠭᠲᠡᠶ᠃