ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ ᠨᠡᠶ᠋ᠢᠲᠡᠯᠡᠬᠦ᠌ ᠬᠤᠷᠠᠯ
ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠬᠢᠨᠠᠮᠠᠭ᠋ᠠᠢ ᠳᠣᠣᠱᠯᠠᠭᠣᠯᠤᠨ ᠨᠠᠢ᠌ᠳᠠᠪᠦᠷᠢᠵᠢᠭᠤᠯᠵᠦ᠂ ᠬᠠᠤᠯᠢ᠎ᠪᠠᠷ ᠵᠠᠰᠠᠬᠤ ᠵᠠᠰᠠᠭ᠎ᠤᠨ ᠣᠷᠳᠤᠨ᠎ᠢ ᠪᠠᠢ᠌ᠭᠣᠯᠬᠤ ᠠᠬᠢᠴᠠ ᠵᠢ ᠳᠥᠷᠭᠡᠳᠬᠡᠶ᠎ᠡ
ᠨᠡᠶ᠋ᠢᠲᠡᠯᠡᠭᠰᠡᠨ ᠴᠠᠭ᠄ 2015-03-17

ᠰᠣᠷᠪᠣᠯᠵᠢᠯᠠᠭ᠎ᠠ ᠵᠢᠨ ᠭᠣᠣᠯ ᠰᠡᠳᠥᠪ᠄
      ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠬᠢᠨᠠᠮᠠᠭ᠋ᠠᠢ ᠳᠣᠣᠱᠯᠠᠭᠣᠯᠤᠨ ᠨᠠᠢ᠌ᠳᠠᠪᠦᠷᠢᠵᠢᠭᠤᠯᠵᠦ᠂ ᠬᠠᠤᠯᠢ᠎ᠪᠠᠷ ᠵᠠᠰᠠᠬᠤ ᠵᠠᠰᠠᠭ᠎ᠤᠨ ᠣᠷᠳᠤᠨ᠎ᠢ ᠪᠠᠢ᠌ᠭᠣᠯᠬᠤ ᠠᠬᠢᠴᠠ ᠵᠢ ᠳᠥᠷᠭᠡᠳᠬᠡᠶ᠎ᠡ



ᠰᠣᠷᠪᠣᠯᠵᠢᠯᠠᠭᠰᠠᠨ ᠴᠠᠭ ᠬᠣᠭᠣᠴᠠᠭ᠎ᠠ᠄

2014 ᠣᠨ᠎ᠤ 11 ᠳ᠋ᠣᠭᠡᠷ ᠰᠠᠷ᠎ᠠ ᠵᠢᠨ 19᠎ᠤ ᠡᠳᠥᠷ᠎ᠤᠨ ᠥᠳᠡ ᠵᠢᠨ ᠬᠣᠢ᠌ᠨ᠎ᠠ ᠵᠢᠨ 3 ᠴᠠᠭ


ᠰᠣᠷᠪᠣᠯᠵᠢᠯᠠᠭ᠎ᠠ ᠬᠦᠯᠢᠶᠡᠭᠰᠡᠨ ᠵᠣᠴᠢᠨ᠄

ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠤᠨ ᠨᠠᠮ᠎ᠤᠨ ᠤᠳᠤᠷᠢᠳᠬᠤ ᠳᠣᠭᠣᠢ᠌ᠯᠠᠩ᠎ᠤᠨ ᠪᠦᠷᠢᠯᠳᠥᠭᠥᠨ᠂ ᠳᠡᠳ᠋ ᠡᠷᠬᠢᠯᠡᠭᠴᠢ   ᠵᠠᠩ ᠰᠢᠶᠣᠣ ᠫᠢᠩ


ᠰᠣᠷᠪᠣᠯᠵᠢᠯᠭ᠎ᠠ ᠵᠢᠨ ᠳᠣᠪᠴᠢ ᠲᠠᠨᠢᠯᠴᠠᠭᠣᠯᠭ᠎ᠠ᠄
      ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠬᠠᠤᠯᠢ᠎ᠪᠠᠷ ᠤᠯᠤᠰ ᠵᠶ᠋ᠠᠨ ᠵᠠᠰᠠᠬᠤ ᠵᠢ ᠪᠦᠬᠦ ᠲᠠᠯ᠎ᠠ᠎ᠪᠠᠷ ᠲᠦᠯᠬᠢᠨ ᠠᠬᠢᠭᠤᠯᠬᠤ ᠵᠢᠨ ᠶᠡᠷᠥᠩᠬᠡᠢ ᠬᠠᠷᠠᠯᠲᠠ ᠪᠣᠯ ᠳᠣᠮᠳᠠᠳᠣ ᠣᠯᠣᠰ᠎ᠤᠨ ᠣᠨᠴᠠᠯᠢᠭ ᠪᠦᠬᠦᠢ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠬᠤ ᠰᠢᠰᠲᠸᠮᠵᠢ ᠵᠢ ᠪᠦᠳᠥᠬᠡᠨ ᠪᠠᠢ᠌ᠭᠣᠯᠵᠣ᠂ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠭᠰᠠᠨ ᠣᠯᠣᠰ᠎ᠢ ᠪᠦᠳᠦᠬᠡᠨ ᠪᠠᠢ᠌ᠭᠣᠯᠬᠣ ᠶᠠᠪᠤᠳᠠᠯ ᠪᠣᠯᠤᠨ᠎ᠠ ᠬᠡᠵᠣ ᠳᠣᠭᠳᠠᠭ᠋ᠠᠪᠠ᠃ ᠡᠨᠡ᠎ᠨᠢ ᠮᠠᠨ᠎ᠤ ᠨᠠᠮ᠎ᠤᠨ ᠣᠯᠣᠰ ᠵᠶ᠋ᠠᠨ ᠵᠠᠰᠠᠵᠣ ᠳᠥᠷᠥ ᠪᠠᠷᠢᠬᠣ ᠣᠨᠣᠯᠵᠢᠬᠤᠨ᠂ ᠣᠯᠣᠰ ᠵᠶ᠋ᠠᠨ ᠵᠠᠰᠠᠵᠣ ᠳᠥᠷᠥ ᠪᠠᠷᠢᠬᠣ ᠠᠷᠭ᠎ᠠ ᠮᠠᠶᠢᠭ᠎ᠤᠨ ᠲᠡᠤᠬᠡᠲᠦ ᠴᠢᠨᠠᠷᠲᠠᠢ ᠳᠠᠪᠠᠯᠲᠠ᠎ᠲᠠᠢ ᠪᠣᠯᠤᠭᠰᠠᠨ᠎ᠢ ᠬᠠᠷᠠᠭᠤᠯᠵᠦ ᠪᠠᠢ᠌ᠭ᠎ᠠ ᠪᠦᠭᠡᠳ ᠣᠯᠣᠰ ᠣᠷᠣᠨ ᠵᠶ᠋ᠠᠨ ᠵᠠᠰᠠᠬᠤ ᠰᠢᠰᠲᠸᠮᠵᠢ ᠪᠣᠯᠣᠨ ᠵᠠᠰᠠᠬᠤ ᠴᠢᠳᠠᠪᠣᠷᠢ ᠣᠳᠣᠬᠢᠴᠢᠯᠠᠯᠳᠠ ᠲᠡᠰᠢ ᠳᠠᠪᠰᠢᠨ ᠣᠷᠣᠭᠰᠠᠨ᠎ᠢ ᠬᠠᠷᠠᠭᠤᠯᠵᠦ ᠪᠠᠢ᠌ᠭ᠎ᠠ ᠶᠤᠮ᠃ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠬᠦᠨᠵᠡᠬᠡᠢ ᠣᠢ᠌ᠯᠠᠭ᠋ᠠᠬᠣ ᠵᠢᠨ ᠳᠣᠰᠠᠳᠠ᠂ ᠣᠢ᠌ᠷ᠎ᠠ᠎ᠳᠤ ᠪᠢᠳᠡ ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠤᠨ ᠨᠠᠮ᠎ᠤᠨ ᠤᠳᠤᠷᠢᠳᠬᠤ ᠳᠣᠭᠣᠢ᠌ᠯᠠᠩ᠎ᠤᠨ ᠪᠦᠷᠢᠯᠳᠥᠭᠥᠨ᠂ ᠳᠡᠳ᠋ ᠡᠷᠬᠢᠯᠡᠭᠴᠢ ᠵᠠᠩ ᠰᠢᠶᠣᠣ ᠫᠢᠩ᠎ᠢ 《ᠳᠣᠮᠳᠠᠳᠣ ᠣᠯᠣᠰ · ᠥᠪᠥᠷ ᠮᠣᠩᠭᠣᠯ》 ᠰᠥᠯᠵᠢᠶᠡᠨ᠎ᠳᠤ ᠣᠷᠢᠵᠦ ᠲᠠ ᠪᠦᠬᠦᠨ᠎ᠲᠠᠢ ᠵᠣᠯᠭ᠋ᠠᠭᠣᠯᠬᠣ᠎ᠪᠠᠷ ᠪᠠᠢ᠌ᠨ᠎ᠠ᠂ ᠥᠷᠬᠡᠨ ᠣᠯᠠᠨ ᠰᠥᠯᠵᠢᠶᠡᠨ ᠠᠨᠳᠠ ᠨᠠᠷ᠎ᠤᠨ ᠢᠳᠡᠪᠬᠢᠳᠠᠢ ᠣᠷᠣᠯᠴᠠᠬᠣ ᠵᠢ ᠪᠠᠶᠠᠷᠯᠠᠨ ᠣᠭᠳᠣᠵᠣ   ᠪᠠᠢ᠌ᠨ᠎ᠠ  !
   
[ᠬᠦᠳᠥᠯᠥᠭᠴᠢ] ᠰᠥᠯᠵᠢᠶᠡᠨ ᠠᠨᠳᠠ ᠨᠠᠷ ᠡ᠂ ᠲᠠ ᠪᠦᠬᠦᠨ ᠰᠠᠢ᠌ᠨ ᠪᠠᠢ᠌ᠵᠠᠭ᠋ᠠᠨ᠎ᠠ ᠤᠤ? ᠳᠣᠰ ᠬᠣᠭᠣᠴᠠᠭ᠋ᠠᠨ᠎ᠤ 《ᠳᠣᠮᠳᠠᠳᠣ ᠣᠯᠣᠰ   ᠥᠪᠥᠷ ᠮᠣᠩᠭᠣᠯ》 ᠰᠥᠯᠵᠢᠶᠡᠨ ᠰᠣᠷᠪᠣᠯᠵᠢᠯᠠᠭ᠎ᠠ ᠪᠤᠯᠤᠩ᠎ᠢ ᠬᠦᠯᠢᠶᠡᠨ ᠠᠪᠴᠥ ᠥᠵᠡᠭᠥ ᠵᠢ ᠪᠠᠶᠠᠷᠯᠠᠨ ᠣᠭᠳᠣᠵᠣ ᠪᠠᠢ᠌ᠨ᠎ᠠ᠃ ᠥᠨᠥᠳᠥᠷ᠎ᠤᠨ ᠤᠷᠢᠭᠰᠠᠨ ᠵᠣᠴᠢᠨ ᠪᠣᠯ ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠤᠨ ᠳᠡᠳ᠋ ᠡᠷᠬᠢᠯᠡᠭᠴᠢ ᠵᠠᠩ ᠰᠢᠶᠣᠣ ᠫᠢᠩ ᠪᠣᠯᠣᠨ᠎ᠠ᠂ ᠲᠡᠷᠡ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠋ᠠᠨ᠎ᠤ ᠲᠤᠬᠠᠢ ᠪᠦᠬᠦ ᠳᠠᠯ᠎ᠠ᠎ᠪᠠᠷ ᠲᠠᠢ᠌ᠯᠣᠮᠵᠢ ᠬᠢᠬᠦ ᠪᠣᠯᠤᠨ᠎ᠠ᠃ ᠵᠠᠩ ᠡᠷᠬᠢᠯᠡᠭᠴᠢ ᠡ᠂ ᠲᠠᠨ᠎ᠢ ᠪᠠᠶᠠᠷᠯᠠᠨ ᠣᠭᠳᠣᠵᠣ ᠪᠠᠢ᠌ᠨ᠎ᠠ  !
[ᠵᠠᠩ ᠰᠢᠶᠣᠣ ᠫᠢᠩ]ᠬᠦᠳᠥᠯᠥᠭᠴᠢ ᠲᠠ ᠰᠠᠢ᠌ᠨ ᠤᠤ᠂ ᠰᠥᠯᠵᠢᠶᠡᠨ ᠠᠨᠳᠠ ᠨᠠᠷ ᠰᠠᠢ᠌ᠨ ᠪᠠᠢ᠌ᠵᠠᠭ᠋ᠠᠨ᠎ᠠ ᠤᠤ᠂ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠰᠥᠯᠵᠢᠶ᠎ᠡ᠎ᠪᠠᠷ ᠳᠠᠮᠵᠢᠭᠣᠯᠣᠨ ᠲᠠ ᠪᠦᠬᠦᠨ᠎ᠲᠠᠢ ᠵᠣᠯᠭ᠋ᠠᠬᠣ ᠪᠣᠯᠣᠭᠰᠠᠨ᠎ᠳᠠᠭᠠᠨ ᠮᠠᠰᠢ ᠪᠠᠶᠠᠷᠯᠠᠵᠣ ᠪᠠᠢ᠌ᠨ᠎ᠠ᠂ ᠮᠠᠨ᠎ᠤ ᠬᠠᠣᠯᠢ ᠳᠥᠷᠢᠮ᠎ᠤᠨ ᠠᠵᠢᠯ ᠎ᠢ ᠠᠩᠬᠠᠷᠴᠦ ᠳᠡᠮᠵᠢᠭᠰᠡᠭᠡᠷ ᠢᠷᠡᠭᠰᠡᠨ ᠲᠠ ᠪᠦᠬᠦᠨ᠎ᠳᠤ ᠲᠠᠯᠠᠷᠬᠠᠵᠣ ᠪᠠᠢ᠌ᠨ᠎ᠠ  !
[ᠬᠦᠳᠥᠯᠥᠭᠴᠢ]ᠵᠠᠩ ᠡᠷᠬᠢᠯᠡᠭᠴᠢ ᠡ᠂ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠬᠠᠥᠯᠢ᠎ᠪᠠᠷ ᠣᠯᠣᠰ ᠵᠶ᠋ᠠᠨ ᠵᠠᠰᠠᠬᠣ ᠵᠢ ᠪᠦᠬᠦ ᠲᠠᠯ᠎ᠠ᠎ᠪᠠᠷ ᠲᠦᠯᠬᠢᠨ ᠠᠬᠢᠭᠣᠯᠬᠣ ᠳᠣᠬᠠᠢ ᠰᠢᠨ᠎ᠡ ᠪᠠᠢ᠌ᠷᠢᠯᠠᠭᠣᠯᠣᠯᠳᠠ᠎ᠨᠤᠭᠤᠳ᠎ᠢ ᠬᠢᠭᠰᠡᠨ ᠪᠠᠢ᠌ᠨ᠎ᠠ᠂ ᠲᠡᠬᠡᠪᠡᠯ ᠲᠠ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠭᠠᠷᠭ᠋ᠠᠭᠰᠠᠨ 《ᠲᠣᠭᠲᠠᠭ᠋ᠠᠯ》᠎ᠤᠨ ᠶᠡᠷᠥᠩᠬᠡᠢ ᠪᠣᠷᠣ ᠳᠥᠯᠥᠪ᠎ᠨᠢ ᠶᠠᠭᠣ ᠪᠣᠯᠬᠣ ᠳᠣᠬᠠᠢ ᠶᠠᠷᠢᠭ᠋ᠠᠳ ᠥᠭᠭᠥᠨ᠎ᠡ ᠤᠤ?
[ᠵᠠᠩ ᠰᠢᠶᠣᠣ ᠫᠢᠩ]ᠪᠣᠯᠤᠨ᠎ᠠ᠂ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠳᠤ ᠨᠢᠬᠡ ᠭᠣᠣᠯ ᠱᠣᠭᠣᠮ (  ᠳᠣᠮᠳᠠᠳᠣ ᠣᠯᠣᠰ᠎ᠤᠨ ᠣᠨᠴᠠᠯᠢᠭ ᠪᠦᠬᠦᠢ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠬᠣ ᠱᠣᠭᠣᠮ) ᠲᠤᠤᠱᠯᠠᠭᠳᠠᠵᠦ᠂ ᠭᠣᠷᠪᠠᠨ ᠶᠡᠬᠡ   ᠬᠡᠰᠡᠭ (ᠶᠡᠷᠥᠩᠬᠡᠢ ᠬᠠᠷᠠᠯᠳᠠ᠂ ᠶᠡᠷᠥᠩᠬᠡᠢ ᠡᠬᠦᠷᠬᠡ᠂ ᠶᠡᠷᠥᠩᠬᠡᠢ ᠪᠠᠢ᠌ᠷᠢᠯᠠᠭᠣᠯᠣᠯᠳᠠ)᠂ ᠳᠣᠯᠣᠭ᠋ᠠᠨ ᠪᠥᠯᠥᠭ ᠪᠠᠢ᠌ᠵᠦ᠂ ᠨᠢᠬᠡᠨ ᠣᠷᠭ᠋ᠠᠨᠢᠭ ᠪᠦᠬᠦᠯᠢ ᠴᠣᠭᠴᠠ ᠪᠣᠯᠵᠦ ᠪᠥᠷᠢᠯᠳᠥᠭᠰᠡᠨ ᠶᠤᠮ᠃ ᠰᠢᠨ᠎ᠡ ᠥᠵᠡᠯ ᠰᠠᠨᠠᠭ᠎ᠠ ᠰᠢᠨ᠎ᠡ ᠥᠵᠡᠯᠳᠡ᠎ᠨᠦᠭᠦᠳ᠂180 ᠭᠠᠷᠣᠢ ᠵᠦᠢ᠍ᠯ᠎ᠤᠨ ᠴᠢᠬᠣᠯᠠ ᠶᠡᠬᠡ ᠥᠬᠡᠷᠡᠴᠢᠯᠡᠯᠳᠡ ᠵᠢᠨ ᠠᠷᠭ᠎ᠠ ᠪᠠᠷᠢᠯ᠎ᠨᠢ ᠬᠠᠥᠯᠢ᠎ᠪᠠᠷ ᠣᠯᠣᠰ ᠵᠶ᠋ᠠᠨ ᠵᠠᠰᠠᠬᠣ ᠰᠢᠨ᠎ᠡ ᠬᠠᠭᠣᠳᠠᠰᠣ ᠵᠢ ᠰᠡᠭᠥᠭᠥ᠎ᠳᠤ ᠳᠣᠳᠣᠷᠬᠠᠢ ᠪᠣᠷᠣ ᠵᠢᠷᠣᠭ᠎ᠢ ᠵᠢᠷᠣᠭᠯᠠᠵᠣ ᠥᠭᠭᠥᠭᠰᠡᠨ ᠶᠣᠮ᠃
[ᠬᠦᠳᠥᠯᠥᠭᠴᠢ]2011 ᠣᠨ᠎ᠳᠤ ᠪᠦᠬᠦ ᠣᠯᠣᠰ᠎ᠤᠨ ᠠᠷᠠᠳ᠎ᠤᠨ ᠳᠥᠯᠥᠭᠯᠡᠭᠴᠢᠳ᠎ᠤᠨ ᠶᠡᠬᠡ ᠬᠤᠷᠠᠯ᠎ᠤᠨ ᠪᠠᠢ᠌ᠩᠭᠣ ᠵᠢᠨ ᠬᠣᠷᠢᠶ᠎ᠠ᠎ᠠᠴᠠ ᠮᠠᠨ᠎ᠤ ᠣᠯᠣᠰ ᠨᠡᠢ᠌ᠬᠡᠮ ᠵᠢᠷᠣᠮ᠎ᠤᠨ ᠬᠠᠣᠯᠢ ᠴᠠᠭ᠋ᠠᠵᠠ ᠵᠢᠨ ᠰᠢᠰᠲᠸᠮᠵᠢ ᠵᠢ   ᠪᠠᠢ᠌ᠭᠣᠯᠪᠠ ᠬᠡᠵᠥ ᠨᠡᠢ᠌ᠲᠡᠯᠡᠪᠡ᠂ ᠡᠨᠡ ᠣᠳᠠᠭ᠎ᠠ ᠵᠢᠨ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠬᠤ ᠰᠢᠰᠲᠸᠮᠵᠢ ᠵᠢ ᠪᠦᠳᠦᠬᠡᠨ ᠪᠠᠢ᠌ᠭᠣᠯᠬᠣ ᠪᠣᠯ ᠶᠡᠷᠥᠩᠬᠡᠢ ᠬᠠᠷᠠᠯᠳᠠ ᠪᠣᠯᠤᠨ᠎ᠠ ᠬᠡᠵᠥ ᠳᠣᠷᠠᠳᠪᠠ᠂ ᠡᠬᠦᠨ᠎ᠤ ᠳᠣᠬᠠᠢ ᠲᠠ ᠬᠡᠷᠬᠢᠨ ᠣᠢ᠌ᠯᠠᠭ᠋ᠠᠵᠦ ᠪᠣᠢ?
[ᠵᠠᠩ ᠰᠢᠶᠣᠣ ᠫᠢᠩ]ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠳᠣᠮᠳᠠᠳᠣ ᠣᠯᠣᠰ᠎ᠤᠨ ᠣᠨᠴᠠᠯᠢᠭ ᠪᠦᠬᠦᠢ ᠨᠡᠢ᠌ᠬᠡᠮ ᠵᠢᠷᠣᠮ᠎ᠤᠨ ᠬᠠᠣᠯᠢ᠎ᠪᠠᠷ ᠵᠠᠰᠠᠬᠤ ᠰᠢᠰᠲᠸᠮᠵᠢ ᠵᠢ ᠪᠦᠳᠦᠬᠡᠨ ᠪᠠᠢ᠌ᠭᠣᠯᠵᠣ᠂ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠭᠰᠠᠨ ᠣᠯᠣᠰ᠎ᠢ ᠪᠦᠳᠦᠬᠡᠨ ᠪᠠᠢ᠌ᠭᠣᠯᠬᠣ ᠪᠣᠯ ᠬᠠᠥᠯᠢ᠎ᠪᠠᠷ ᠣᠯᠣᠰ ᠵᠶ᠋ᠠᠨ ᠵᠠᠰᠠᠬᠣ ᠵᠢ ᠪᠦᠬᠦ ᠳᠠᠯ᠎ᠠ᠎ᠪᠠᠷ ᠲᠦᠯᠬᠢᠨ ᠠᠬᠢᠭᠣᠯᠬᠣ ᠵᠢᠨ ᠶᠡᠷᠥᠩᠬᠡᠢ ᠬᠠᠷᠠᠯᠳᠠ ᠪᠣᠯᠣᠨ᠎ᠠ ᠭᠡᠵᠥ ᠳᠣᠭᠳᠠᠭ᠋ᠠᠪᠠ᠃ 2011 ᠣᠨ᠎ᠳᠤ ᠪᠦᠬᠦ ᠣᠯᠣᠰ᠎ᠤᠨ ᠠᠷᠠᠳ᠎ᠤᠨ ᠳᠥᠯᠥᠬᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠣ ᠵᠢᠨ ᠬᠣᠷᠢᠶ᠎ᠠ᠎ᠠᠴᠠ ᠮᠠᠨ᠎ᠤ ᠣᠯᠣᠰ ᠨᠡᠢ᠌ᠬᠡᠮ ᠵᠢᠷᠣᠮ᠎ᠤᠨ ᠬᠠᠥᠯᠢ   ᠴᠠᠭ᠋ᠠᠴᠠ ᠵᠢᠨ ᠰᠢᠰᠲᠸᠮᠵᠢ ᠵᠢ ᠪᠦᠳᠥᠬᠡᠨ ᠪᠠᠢ᠌ᠭᠣᠯᠪᠠ ᠬᠡᠵᠥ ᠨᠡᠢ᠌ᠲᠡᠯᠡᠭᠰᠡᠨ᠎ᠠᠴᠠ ᠠᠪᠣᠭ᠋ᠠᠳ ᠡᠨᠡ ᠤᠳᠠᠭ᠎ᠠ ᠵᠢᠨ ᠨᠡᠢ᠌ᠬᠡᠮ ᠵᠢᠷᠣᠮ᠎ᠤᠨ ᠬᠠᠣᠯᠢ᠎ᠪᠠᠷ ᠵᠠᠰᠠᠬᠤ ᠰᠢᠰᠲᠸᠮᠵᠢ ᠵᠢ ᠪᠥᠳᠥᠬᠡᠨ ᠪᠠᠢ᠌ᠭᠣᠯᠬᠣ ᠵᠢ ᠳᠣᠷᠠᠳᠣᠭᠰᠠᠨ ᠬᠦᠷᠳᠡᠯ᠎ᠡ᠂ ᠬᠡᠳᠦᠢ᠌ᠪᠡᠷ ᠨᠢᠭᠡ ᠯᠠ ᠥᠰᠥᠭ ᠵᠦᠷᠢᠵᠦ ᠪᠠᠢ᠌ᠭ᠎ᠠ ᠪᠣᠯᠪᠠᠴᠥ᠂ ᠴᠢᠨᠠᠷ᠎ᠤᠨ ᠦᠰᠥᠷᠥᠯᠲᠡ᠎ᠲᠠᠢ ᠪᠣᠯᠤᠭᠰᠠᠨ ᠪᠠᠢ᠌ᠨ᠎ᠠ᠂ 《ᠬᠠᠥᠯᠢ ᠴᠠᠭ᠋ᠠᠵᠠ ᠵᠢᠨ ᠰᠢᠰᠲᠸᠮᠵᠢ》 ᠪᠣᠯ ᠳᠣᠭᠳᠠᠩᠭᠣᠢ ᠪᠠᠢ᠌ᠳᠠᠭ᠂ 《ᠬᠠᠥᠯᠢ᠎ᠪᠠᠷ ᠵᠠᠰᠠᠬᠤ ᠰᠢᠰᠲᠸᠮᠵᠢ》 ᠪᠣᠯ ᠬᠦᠳᠡᠯᠥᠩᠭᠦᠢ ᠪᠠᠢ᠌ᠳᠠᠭ᠂ ᠬᠠᠥᠯᠢ ᠴᠠᠭ᠋ᠠᠵᠠ ᠵᠢᠨ ᠠᠮᠢᠵᠢᠷᠠᠯ᠎ᠤᠨ ᠬᠦᠴᠦᠨ᠎ᠨᠢ ᠬᠡᠷᠡᠭᠵᠢᠭᠥᠯᠭᠥ᠎ᠳᠤ ᠪᠣᠢ᠂ ᠬᠠᠥᠯᠢ ᠵᠢ ᠴᠢᠩᠭ᠎ᠠ ᠬᠡᠷᠡᠭᠵᠢᠭᠥᠯᠭᠥ᠂ ᠬᠠᠥᠯᠢ ᠵᠢ ᠭᠣᠣᠯᠴᠢ᠎ᠪᠠᠷ ᠪᠠᠷᠢᠬᠤ᠎ᠳᠤ ᠪᠣᠢ᠂ ᠪᠦᠬᠦ ᠠᠷᠠᠳ ᠵᠶ᠋ᠠᠷ ᠵᠶ᠋ᠠᠨ ᠬᠠᠥᠯᠢ ᠵᠢ ᠵᠢᠷᠣᠮᠯᠠᠬᠣ᠎ᠨᠢ ᠮᠠᠨ᠎ᠤ ᠨᠠᠮ᠎ᠤᠨ ᠣᠯᠣᠰ ᠵᠶ᠋ᠠᠨ ᠵᠠᠰᠠᠵᠣ ᠳᠥᠷᠥ ᠪᠠᠷᠢᠬᠣ ᠣᠨᠣᠯᠵᠢᠬᠤᠨ᠂ ᠣᠯᠣᠰ ᠵᠶ᠋ᠠᠨ ᠵᠠᠰᠠᠵᠣ ᠳᠥᠷᠥ ᠪᠠᠷᠢᠬᠣ ᠠᠷᠭ᠎ᠠ ᠮᠠᠶᠢᠭ᠎ᠤᠨ ᠲᠡᠤᠬᠡᠲᠦ ᠴᠢᠨᠠᠷᠲᠠᠢ ᠳᠠᠪᠠᠯᠲᠠ᠎ᠲᠠᠢ ᠪᠣᠯᠣᠭᠰᠠᠨ᠎ᠢ ᠬᠠᠷᠠᠭᠤᠯᠵᠦ᠂ ᠣᠯᠣᠰ ᠵᠶ᠋ᠠᠨ ᠵᠠᠰᠠᠬᠤ ᠰᠢᠰᠲᠸᠮᠵᠢ ᠪᠣᠯᠣᠨ ᠵᠠᠰᠠᠬᠤ ᠴᠢᠳᠠᠪᠣᠷᠢ ᠣᠳᠣᠬᠢᠴᠢᠯᠠᠯᠳᠠ ᠲᠡᠰᠢ ᠳᠠᠪᠰᠢᠨ ᠣᠷᠣᠭᠰᠠᠨ᠎ᠢ ᠬᠠᠷᠠᠭᠤᠯᠵᠦ ᠪᠠᠢ᠌ᠭ᠎ᠠ ᠶᠤᠮ᠃
[ᠬᠦᠳᠥᠯᠥᠭᠴᠢ]ᠣᠳᠣ ᠪᠦᠬᠦ ᠣᠷᠣᠨ ᠳᠠᠶᠠᠭ᠋ᠠᠷ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠬᠦᠭᠵᠢᠶᠡᠨ᠎ᠲᠠᠢ ᠶᠠᠷᠢᠯᠴᠠᠵᠠᠭ᠋ᠠᠵᠦ ᠪᠠᠢ᠌ᠨ᠎ᠠ᠂ ᠲᠠ ᠲᠥᠪ ᠬᠣᠷᠢᠶ᠎ᠠ ᠵᠢᠨ ᠳᠥᠷᠪᠡᠳᠥᠭᠡᠷ ᠪᠦᠬᠦᠳᠡ ᠬᠤᠷᠠᠯ᠎ᠤᠨ 《ᠲᠣᠭᠲᠠᠭ᠋ᠠᠯ》᠎ᠳᠤ ᠳᠣᠷᠠᠳᠣᠭᠰᠠᠨ ᠲᠠᠪᠣᠨ ᠶᠡᠬᠡ ᠰᠢᠰᠲᠸᠮᠵᠢ᠎ᠨᠢ ᠶᠠᠭᠣ ᠪᠣᠯᠬᠣ ᠳᠣᠬᠠᠢ ᠲᠠᠨᠢᠯᠴᠠᠭᠣᠯᠣᠭ᠋ᠠᠳ ᠥᠭᠭᠥᠨ᠎ᠡ ᠤᠤ?
[ᠵᠠᠩ ᠰᠢᠶᠣᠣ ᠫᠢᠩ]ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ 《ᠲᠣᠭᠲᠠᠭ᠋ᠠᠯ》᠎ᠳᠤ ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠭᠰᠠᠨ ᠣᠯᠣᠰ᠎ᠢ ᠪᠦᠳᠦᠬᠡᠨ ᠪᠠᠢ᠌ᠭᠣᠯᠬᠣ᠎ᠳᠤ᠂ ᠬᠠᠥᠯᠢ ᠴᠠᠭ᠋ᠠᠵᠠ ᠵᠢᠨ ᠪᠥᠷᠢᠨ ᠪᠥᠳᠥᠨ ᠵᠢᠷᠤᠮᠵᠢᠯ᠎ᠤᠨ ᠰᠢᠰᠲᠸᠮᠵᠢ᠂ ᠬᠠᠥᠯᠢ᠎ᠪᠠᠷ ᠵᠠᠰᠠᠬᠤ ᠵᠢ ᠥᠨᠳᠥᠷ ᠥᠷ᠎ᠡ ᠪᠥᠳᠥᠮᠵᠢᠳᠠᠢ ᠬᠡᠷᠡᠭᠵᠢᠭᠥᠯᠭᠥ ᠰᠢᠰᠲᠸᠮᠵᠢ᠂   ᠬᠠᠥᠯᠢ᠎ᠪᠠᠷ ᠵᠠᠰᠠᠬᠤ᠎ᠳᠤ ᠴᠢᠩᠭ᠎ᠠ ᠨᠢᠭᠳᠠ ᠬᠢᠨᠠᠯᠳᠠ ᠳᠠᠯᠪᠢᠬᠣ ᠰᠢᠰᠲᠸᠮᠵᠢ᠂ ᠬᠠᠥᠯᠢ᠎ᠪᠠᠷ ᠵᠠᠰᠠᠬᠤ ᠵᠢ ᠬᠦᠴᠥᠨ ᠲᠡᠭᠥᠯᠳᠡᠷ ᠪᠠᠳᠣᠯᠠᠬᠣ ᠰᠢᠰᠲᠸᠮᠵᠢ᠂ ᠨᠠᠮ᠎ᠤᠨ ᠳᠣᠳᠣᠭ᠋ᠠᠳᠦ ᠵᠢᠨ ᠪᠥᠷᠢᠨ ᠳᠡᠭᠥᠯᠳᠡᠷ ᠬᠠᠥᠯᠢ ᠳᠣᠭᠳᠠᠭ᠋ᠠᠯ᠎ᠤᠨ ᠰᠢᠰᠲᠸᠮᠵᠢ ᠭᠡᠬᠦ ᠮᠡᠲᠦ ᠵᠢᠨ ᠳᠠᠪᠣᠨ ᠶᠡᠬᠡ ᠰᠢᠰᠲᠸᠮᠵᠢ ᠵᠢ ᠡᠷᠬᠡᠪᠰᠢ ᠪᠥᠷᠢᠳᠥᠭᠥᠯᠭᠥ ᠬᠡᠷᠡᠭᠳᠡᠢ ᠬᠡᠵᠥ ᠳᠤᠷᠠᠳᠤᠭᠰᠠᠨ ᠪᠠᠢ᠌ᠨ᠎ᠠ᠃


     《ᠲᠣᠭᠲᠠᠭ᠋ᠠᠯ》᠎ᠳᠤ ᠬᠠᠤᠯᠢ᠎ᠪᠠᠷ ᠤᠯᠤᠰ ᠵᠶ᠋ᠠᠨ ᠵᠠᠰᠠᠬᠣ᠂ ᠬᠠᠥᠯᠢ ᠶᠣᠰᠣᠭ᠋ᠠᠷ ᠲᠥᠷᠥ ᠪᠠᠷᠢᠬᠣ᠂ ᠬᠠᠥᠯᠢ ᠶᠣᠰᠣᠭ᠋ᠠᠷ ᠵᠠᠰᠠᠭ ᠶᠠᠪᠣᠭᠣᠯᠬᠣ ᠵᠢ ᠬᠠᠮᠳᠣ᠎ᠳᠤᠨᠢ ᠲᠦᠯᠬᠢᠨ ᠠᠬᠢᠭᠣᠯᠬᠣ ᠵᠢ ᠪᠠᠷᠢᠮᠳᠠᠯᠠᠨ᠂ ᠬᠠᠥᠯᠢ᠎ᠪᠠᠷ ᠵᠠᠰᠠᠭᠰᠠᠨ ᠣᠯᠣᠰ᠂ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠤᠨ᠂ ᠬᠠᠥᠯᠢ᠎ᠪᠠᠷ ᠵᠠᠰᠠᠭᠰᠠᠨ ᠨᠡᠢ᠌ᠬᠡᠮ᠎ᠢ ᠨᠢᠬᠡ ᠴᠣᠭᠴᠠᠵᠢᠭᠣᠯᠣᠨ ᠪᠥᠳᠥᠬᠡᠨ ᠪᠠᠢ᠌ᠭᠣᠯᠵᠦ᠂ ᠰᠢᠨᠵᠢᠯᠡᠬᠦ ᠣᠬᠠᠭ᠋ᠠᠨᠴᠢ᠎ᠪᠠᠷ ᠬᠠᠥᠯᠢ ᠳᠣᠭᠳᠠᠭ᠋ᠠᠬᠤ᠂ ᠬᠠᠥᠯᠢ ᠵᠢ ᠴᠢᠩᠭ᠎ᠠ ᠬᠡᠷᠡᠭᠵᠢᠭᠥᠯᠭᠥ᠂ ᠬᠠᠥᠯᠢ ᠵᠢ ᠭᠣᠣᠯᠴᠢ᠎ᠪᠠᠷ ᠪᠠᠷᠢᠬᠤ᠂ ᠪᠦᠬᠦ ᠠᠷᠠᠳ ᠵᠶ᠋ᠠᠷ ᠵᠶ᠋ᠠᠨ ᠬᠠᠥᠯᠢ ᠵᠢ ᠵᠢᠷᠣᠮᠯᠠᠬᠣ ᠵᠢ ᠪᠡᠶᠡᠯᠡᠬᠦᠯᠵᠥ᠂ ᠣᠯᠣᠰ ᠵᠶ᠋ᠠᠨ ᠵᠠᠰᠠᠬᠤ ᠰᠢᠰᠲᠸᠮᠵᠢ ᠪᠣᠯᠣᠨ ᠬᠠᠥᠯᠢ᠎ᠪᠠᠷ ᠵᠠᠰᠠᠬᠤ   ᠴᠢᠳᠠᠪᠣᠷᠢ ᠵᠢᠨ ᠣᠳᠣᠬᠢᠴᠢᠯᠠᠯᠳᠠ ᠵᠢ ᠠᠬᠢᠭᠣᠯᠬᠣ ᠬᠡᠷᠡᠭᠲᠡᠢ ᠭᠡᠵᠦ ᠳᠣᠷᠠᠳᠪᠠ᠃
[ᠬᠦᠳᠥᠯᠥᠭᠴᠢ]ᠵᠠᠩ   ᠡᠷᠬᠢᠯᠡᠭᠴᠢ   ᠡ  ᠂   ᠲᠠ   ᠰᠠᠶᠢ   ᠬᠠᠥᠯᠢ ᠎ᠪᠠᠷ   ᠵᠠᠰᠠᠭᠰᠠᠨ   ᠵᠠᠰᠠᠭ ᠎ᠤᠨ ᠣᠷᠳᠣᠨ᠎ᠢ ᠬᠠᠥᠯᠢ᠎ᠪᠠᠷ ᠵᠠᠰᠠᠭᠰᠠᠨ ᠣᠯᠣᠰ᠂ ᠬᠠᠥᠯᠢ᠎ᠪᠠᠷ ᠵᠠᠰᠠᠭᠰᠠᠨ ᠨᠡᠢ᠌ᠬᠡᠮ᠎ᠯᠦᠭᠡ ᠨᠢᠬᠡ ᠴᠣᠭᠴᠠᠵᠢᠭᠣᠯᠣᠨ ᠪᠦᠳᠦᠬᠡᠨ ᠪᠠᠢ᠌ᠭᠣᠯᠬᠣ ᠬᠡᠷᠡᠭᠳᠠᠢ ᠬᠡᠵᠥ ᠳᠤᠷᠠᠳᠪᠠ᠂ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠢ ᠡᠷᠲᠡᠬᠡᠨ ᠪᠦᠳᠦᠬᠡᠨ ᠪᠠᠢ᠌ᠭᠣᠯᠬᠣ ᠵᠢ ᠪᠢᠲᠡ ᠴᠦᠮ ᠬᠦᠰᠡᠵᠦ ᠪᠠᠢ᠌ᠨ᠎ᠠ᠃ ᠳᠡᠭᠡᠪᠡᠯ ᠲᠠ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠤ ᠳᠣᠬᠠᠢ ᠳᠥᠷᠰᠥᠯᠡᠬᠡᠳ ᠥᠭᠭᠥ ᠤᠤ?
[ᠵᠠᠩ ᠰᠢᠶᠣᠣ ᠫᠢᠩ]ᠰᠢᠨ᠎ᠡ ᠲᠡᠤᠬᠡᠨ ᠨᠥᠭᠥᠴᠡᠯ ᠪᠠ ᠪᠠᠢ᠌ᠳᠠᠯ᠎ᠤᠨ ᠳᠣᠣᠷ᠎ᠠ᠂ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠢ ᠪᠦᠬᠦ ᠳᠠᠯ᠎ᠠ᠎ᠪᠠᠷ ᠰᠢᠰᠲᠸᠮ᠎ᠲᠠᠢ ᠪᠦᠳᠦᠬᠡᠨ ᠪᠠᠢ᠌ᠭᠣᠯᠬᠣ ᠳᠣᠬᠠᠢ ᠨᠡᠩ ᠪᠣᠳᠠᠳᠠᠢ᠂ ᠨᠡᠩ ᠰᠢᠨᠵᠢᠯᠡᠬᠦ ᠣᠬᠠᠭ᠋ᠠᠨᠴᠢ᠂ ᠨᠡᠩ ᠡᠯᠪᠡᠭ ᠪᠠᠶᠠᠯᠢᠭ ᠠᠭᠤᠯᠤᠭᠳᠠᠬᠤᠨ᠎ᠲᠠᠢ ᠱᠠᠭ᠋ᠠᠷᠳᠠᠯᠭ᠎ᠠ ᠵᠢ ᠳᠣᠷᠠᠳᠪᠠ : ᠲᠤᠬᠠᠢ᠌ᠯᠠᠪᠠᠯ ᠡᠭᠥᠷᠭᠡ ᠴᠢᠳᠠᠪᠥᠷᠢ ᠰᠢᠨᠵᠢᠯᠡᠬᠦ ᠣᠬᠠᠭ᠋ᠠᠨᠴᠢ ᠪᠠᠢ᠌ᠬᠤ᠂ ᠡᠷᠬᠡ ᠬᠠᠷᠢᠭᠣᠴᠠᠯᠭ᠎ᠠ ᠵᠢ ᠬᠠᠥᠯᠢ᠎ᠪᠠᠷ ᠳᠣᠭᠳᠠᠭ᠋ᠠᠬᠣ᠂ ᠬᠠᠥᠯᠢ ᠬᠡᠷᠡᠭᠵᠢᠭᠥᠯᠭᠥ᠎ᠳᠤ ᠴᠢᠩᠭ᠎ᠠ ᠳᠣᠳᠣᠷᠬᠠᠢ᠂ ᠢᠯᠡ ᠪᠦᠭᠡᠳ ᠳᠥᠪ ᠭᠣᠣᠯᠴᠢ᠂ ᠠᠷᠢᠭᠣᠨ ᠴᠢᠬᠡᠴᠢ ᠥᠨᠳᠥᠷ ᠥᠷ᠎ᠡ ᠪᠥᠳᠥᠮᠵᠢ᠎ᠲᠠᠢ᠂ ᠬᠠᠥᠯᠢ ᠵᠢ ᠵᠢᠷᠣᠮᠯᠠᠵᠣ ᠥᠨᠡᠨᠴᠢ ᠢᠳᠡᠬᠡᠮᠵᠢᠳᠠᠢ ᠪᠠᠢ᠌ᠬᠣ ᠪᠣᠯᠣᠨ᠎ᠠ᠃ ᠥᠬᠡᠷ᠎ᠡ᠎ᠪᠠᠷ ᠬᠡᠯᠡᠪᠡᠯ᠂ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠢ ᠪᠠᠢ᠌ᠭᠤᠯᠬᠤ᠎ᠳᠤ ᠡᠷᠬᠡᠪᠰᠢ ᠳᠣᠰᠢᠶᠠᠯᠳᠠᠳ᠎ᠢ ᠬᠠᠤᠯᠢ᠎ᠪᠠᠷ ᠵᠠᠰᠠᠬᠣ᠂ ᠡᠷᠬᠡ ᠵᠢ ᠬᠠᠤᠯᠢ᠎ᠪᠠᠷ ᠵᠠᠰᠠᠬᠣ ᠬᠡᠷᠡᠭᠳᠠᠢ᠂ ᠡᠨᠡ 6 ᠳᠠᠯ᠎ᠠ ᠵᠢᠨ᠎ᠬᠢ 24 ᠥᠰᠥᠭ᠎ᠤᠨ ᠠᠭᠣᠯᠭ᠎ᠠ᠎ᠨᠢ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠤ ᠡᠯ᠎ᠡ ᠳᠠᠯ᠎ᠠ ᠵᠢ ᠬᠠᠮᠣᠷᠴᠥ᠂ ᠵᠠᠰᠠᠭ ᠵᠠᠬᠢᠷᠭ᠋ᠠᠨ᠎ᠤ ᠡᠷᠬᠡ ᠵᠢ ᠰᠢᠩᠬᠡᠯᠢᠭ᠎ᠲᠤ ᠬᠣᠷᠢᠨ᠎ᠠ ᠭᠡᠰᠡᠨ ᠡᠷᠬᠡ ᠵᠢ ᠬᠠᠤᠯᠢ᠎ᠪᠠᠷ ᠵᠠᠰᠠᠬᠣ ᠤᠨᠤᠯᠵᠢᠬᠤᠨ᠎ᠢ ᠬᠠᠷᠠᠭᠣᠯᠵᠣ ᠪᠠᠢ᠌ᠭ᠎ᠠ ᠶᠤᠮ᠃
[ᠬᠦᠳᠥᠯᠥᠭᠴᠢ]ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠤ ᠲᠤᠬᠠᠢ ᠱᠠᠭ᠋ᠠᠷᠳᠠᠯᠭ᠎ᠠ ᠳᠤᠷᠠᠳᠪᠠ᠂ ᠵᠠᠩ ᠡᠷᠬᠢᠯᠡᠭᠴᠢ ᠲᠠ ᠪᠢᠳᠡᠨ᠎ᠳᠤ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠬᠠᠥᠯᠢ ᠶᠣᠰᠣᠭ᠋ᠠᠷ ᠵᠠᠰᠠᠭ ᠶᠠᠪᠣᠭᠣᠯᠬᠣ ᠶᠠᠮᠠᠷ ᠶᠠᠮᠠᠷ ᠰᠢᠨ᠎ᠡ ᠱᠠᠭ᠋ᠠᠷᠳᠠᠯᠭ᠎ᠠ ᠳᠣᠷᠠᠳᠣᠭᠰᠠᠨ ᠲᠤᠬᠠᠢ ᠶᠠᠷᠢᠭ᠋ᠠᠳ ᠥᠭᠭᠥᠨ᠎ᠡ ᠤᠤ?
[ᠵᠠᠩ ᠰᠢᠶᠣᠣ ᠫᠢᠩ]ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠲᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ ᠎ᠤᠨ 《ᠲᠣᠭᠲᠠᠭ᠋ᠠᠯ》᠎ᠳᠤ ᠬᠠᠥᠯᠢ ᠶᠣᠰᠣᠭ᠋ᠠᠷ ᠵᠠᠰᠠᠭ ᠶᠠᠪᠣᠭᠣᠯᠬᠣ ᠵᠢ ᠬᠦᠨᠵᠡᠬᠡᠢ ᠳᠥᠯᠬᠢᠨ ᠠᠬᠢᠭᠣᠯᠵᠣ᠂ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠢ ᠪᠦᠳᠦᠬᠡᠨ ᠪᠠᠢ᠌ᠭᠣᠯᠬᠤ ᠵᠢ ᠳᠥᠷᠬᠡᠳᠬᠡᠬᠦ 6 ᠲᠠᠯ᠎ᠠ ᠵᠢᠨ ᠪᠣᠳᠠᠳᠠᠢ ᠠᠭᠣᠯᠭ᠎ᠠ ᠵᠢ ᠳᠣᠷᠠᠳᠪᠠ᠃ ᠡᠨᠳᠡ ᠪᠢ ᠣᠨᠴᠠᠭ᠋ᠠᠢ᠌ᠯᠠᠨ ᠠᠩᠬᠠᠷᠣᠭᠣᠰᠢᠳᠠᠢ ᠵᠦᠢ᠍ᠯ ᠪᠣᠯᠬᠤ ᠴᠢᠬᠣᠯᠠ ᠶᠡᠬᠡ ᠰᠢᠢ᠍ᠳᠪᠣᠷᠢᠳᠥ ᠪᠣᠳᠣᠯᠭ᠎ᠠ ᠵᠢᠨ ᠬᠠᠷᠢᠭᠣᠴᠠᠯᠭ᠎ᠠ ᠵᠢ ᠨᠠᠰᠤᠨ ᠲᠤᠷᠰᠢᠳᠠ ᠨᠡᠬᠡᠮᠵᠢᠯᠡᠬᠦ ᠳᠥᠷᠢᠮ ᠪᠠᠢ᠌ᠭᠣᠯᠬᠣ ᠳᠣᠬᠠᠢ ᠭᠣᠣᠯᠳᠠᠯᠭ᠎ᠠ᠎ᠲᠠᠢ ᠶᠠᠷᠢᠵᠦ ᠦᠭᠭᠥᠶ᠎ᠡ᠂ ᠥᠬᠡᠷ᠎ᠡ᠎ᠪᠠᠷ ᠬᠡᠯᠡᠪᠡᠯ᠂ ᠴᠢᠬᠣᠯᠠ ᠶᠡᠬᠡ ᠰᠢᠢ᠍ᠳᠪᠣᠷᠢᠳᠣ ᠪᠣᠳᠣᠯᠭ᠎ᠠ ᠳᠣᠭᠳᠠᠭ᠋ᠠᠬᠣ᠎ᠠᠴᠠ ᠡᠮᠥᠨ᠎ᠡ᠂ ᠣᠯᠠᠨ ᠨᠡᠢ᠌ᠳᠡ ᠵᠢ ᠣᠷᠣᠯᠴᠠᠭᠤᠯᠬᠤ᠂ ᠳᠣᠰᠬᠠᠢ ᠮᠡᠷᠬᠡᠵᠢᠯᠳᠡᠳ ᠵᠶ᠋ᠠᠷ ᠨᠤᠲᠠᠯᠠᠭᠤᠯᠬᠤ᠂ ᠳᠥᠭᠰᠢᠭᠥᠷᠢ ᠵᠢᠨ ᠥᠨᠡᠯᠡᠨ ᠵᠢᠱ᠌ᠢᠯᠳᠡ ᠬᠢᠯᠭᠡᠬᠦ᠂ ᠬᠠᠥᠯᠢ ᠶᠣᠰᠣᠴᠢ ᠴᠢᠨᠠᠷ᠎ᠤᠨ ᠬᠢᠨᠠᠨ ᠪᠠᠢ᠌ᠴᠠᠭ᠋ᠠᠯᠳᠠ ᠬᠢᠬᠦ᠂ ᠬᠠᠮᠳᠣ ᠎ᠪᠠᠷ ᠶᠠᠷᠢᠯᠴᠠᠵᠦ ᠲᠣᠭᠲᠠᠭ᠋ᠠᠬᠤ ᠶᠠᠪᠤᠳᠠᠯ᠎ᠢ ᠴᠢᠬᠣᠯᠠ ᠶᠡᠬᠡ ᠰᠢᠢ᠍ᠳᠪᠥᠷᠢᠲᠦ ᠳᠣᠭᠳᠠᠭ᠋ᠠᠬᠣ ᠵᠢᠨ ᠬᠠᠣᠯᠢ᠎ᠪᠠᠷ ᠳᠣᠭᠳᠠᠭ᠋ᠠᠭᠰᠠᠨ ᠲᠡᠰ ᠳᠠᠷᠠᠭ᠋ᠠᠯᠠᠯ ᠪᠣᠯᠭ᠋ᠠᠵᠣ᠂ ᠴᠢᠬᠣᠯᠠ ᠶᠡᠬᠡ ᠰᠢᠢ᠍ᠳᠪᠣᠷᠢᠳᠥ ᠪᠣᠳᠣᠯᠭ᠎ᠠ ᠵᠢᠨ ᠬᠠᠷᠢᠭᠣᠴᠠᠯᠭ᠎ᠠ ᠵᠢ ᠨᠠᠰᠤᠨ ᠲᠤᠷᠰᠢᠳᠠ ᠨᠡᠬᠡᠮᠵᠢᠯᠡᠬᠦ ᠳᠥᠷᠢᠮ ᠬᠢᠭᠡᠳ ᠬᠠᠷᠢᠭᠣᠴᠠᠯᠭ᠎ᠠ ᠵᠢ ᠪᠤᠴᠠᠭ᠋ᠠᠨ ᠪᠠᠢ᠌ᠴᠠᠭ᠋ᠠᠬᠤ ᠳᠥᠷᠢᠮ ᠪᠠᠢ᠌ᠭᠣᠯᠣᠨ᠂ ᠰᠢᠢ᠍ᠳᠪᠥᠷᠢᠳᠣ ᠪᠣᠳᠣᠯᠭ᠎ᠠ ᠵᠢᠨ ᠬᠦᠨᠳᠥ ᠨᠣᠴᠢᠳᠠᠢ ᠠᠯᠳᠠᠰᠢ ᠪᠣᠶᠣ ᠡᠰᠡᠬᠦᠯ᠎ᠡ ᠬᠠᠣᠯᠢ ᠶᠣᠰᠣᠭ᠋ᠠᠷ ᠴᠠᠭ ᠳᠣᠬᠠᠢ᠎ᠳᠤᠨᠢ ᠰᠢᠢ᠍ᠳᠪᠥᠷᠢ ᠳᠣᠭᠳᠠᠭ᠋ᠠᠬᠣ ᠬᠡᠷᠡᠭᠲᠡᠢ ᠪᠠᠢ᠌ᠳᠠᠯ᠎ᠠ ᠳᠣᠭᠳᠠᠭ᠋ᠠᠬᠣ ᠥᠬᠡᠢ ᠬᠣᠢ᠌ᠰᠢᠯᠠᠭᠣᠯᠤᠭᠰᠠᠭ᠋ᠠᠷ ᠪᠠᠢ᠌ᠭ᠋ᠠᠳ ᠬᠦᠨᠳᠥ ᠶᠡᠬᠡ ᠬᠣᠬᠢᠷᠠᠯ ᠣᠴᠠᠷᠠᠭᠣᠯᠵᠣ᠂ ᠮᠠᠭᠣ ᠨᠥᠯᠥᠭᠡ ᠪᠣᠯᠭ᠋ᠠᠭᠰᠠᠨ᠎ᠤ ᠪᠠᠢ᠌ᠭᠣᠯᠭ᠎ᠠ ᠵᠢᠨ ᠠᠵᠢᠯᠳᠠᠨ ᠎ᠤ ᠬᠠᠥᠯᠢ ᠴᠠᠭ᠋ᠠᠴᠠ ᠵᠢᠨ ᠬᠠᠷᠢᠭᠣᠴᠠᠯᠭ᠎ᠠ ᠵᠢ ᠨᠡᠬᠡᠮᠵᠢᠯᠡᠭᠥ ᠪᠣᠯᠣᠨ᠎ᠠ᠃ ᠡᠨᠡ ᠪᠣᠯ ᠨᠢᠬᠡ ᠵᠦᠢ᠍ᠯ᠎ᠤᠨ ᠴᠢᠬᠣᠯᠠ ᠶᠡᠬᠡ ᠥᠬᠡᠷᠡᠴᠢᠯᠡᠯᠳᠡ ᠪᠣᠯᠬᠤ ᠪᠦᠭᠡᠳ ᠣᠳᠣᠷᠢᠳᠬᠣ ᠺᠠᠳ᠋ᠷ᠎ᠤᠨ 《ᠳᠣᠯᠣᠭ᠋ᠠᠢ᠎ᠪᠠᠨ ᠠᠯᠠᠭ᠋ᠠᠳᠠᠮᠠᠭᠴᠠ ᠰᠢᠢ᠍ᠳᠪᠣᠷᠢᠳᠣ ᠪᠣᠳᠣᠯᠭ᠎ᠠ ᠳᠣᠭᠳᠠᠭ᠋ᠠᠬᠤ᠂ ᠡᠪᠴᠢᠭᠥᠦ᠎ᠪᠠᠨ ᠠᠯᠠᠭ᠋ᠠᠳᠠᠮᠠᠭᠴᠠ ᠪᠠᠳᠣᠯᠠᠬᠤ᠂ ᠪᠦᠭᠰᠡ᠎ᠪᠠᠨ ᠠᠯᠠᠭ᠋ᠠᠳᠠᠮᠠᠭᠴᠠ ᠶᠠᠪᠤᠴᠢᠬᠠᠬᠤ》᠂ 《ᠭᠤᠷᠪᠠ ᠠᠯᠭ᠋ᠠᠳᠠᠬᠤ》 ᠦᠵᠡᠭᠳᠡᠯ᠎ᠢ ᠳᠣᠢ᠌ᠯᠪᠣᠷᠢᠳᠠᠢ ᠲᠦᠭᠵᠢᠵᠦ᠂ ᠴᠢᠬᠣᠯᠠ ᠶᠡᠬᠡ ᠰᠢᠢ᠍ᠳᠪᠣᠷᠢᠳᠥ ᠪᠣᠳᠣᠯᠭ᠎ᠠ ᠡᠨᠳᠡᠯ ᠪᠣᠶᠣ ᠠᠰᠠᠭᠣᠳᠠᠯ ᠭᠠᠷᠪᠠᠯ᠂ ᠥᠨᠳᠥᠰᠥ ᠰᠣᠷᠪᠣᠯᠵᠢ ᠵᠢ᠎ᠨᠢ ᠣᠬᠣᠴᠢᠯᠠᠵᠣ᠂ ᠲᠣᠢ᠌ᠯᠪᠥᠷᠢᠲᠠᠢ ᠪᠠᠢ᠌ᠴᠠᠭ᠋ᠠᠬᠣ ᠪᠣᠯᠣᠨ᠎ᠠ᠂ ᠡᠨᠡ᠎ᠨᠢ ᠣᠯᠣᠰ᠎ᠤᠨ ᠬᠠᠥᠯᠢ᠎ᠪᠠᠷ ᠵᠠᠰᠠᠬᠤ ᠰᠡᠳᠬᠢᠬᠦᠢ ᠪᠣᠯᠣᠨ ᠬᠠᠥᠯᠢ᠎ᠪᠠᠷ ᠵᠠᠰᠠᠬᠤ ᠠᠷᠭ᠎ᠠ ᠮᠠᠶᠢᠭ᠎ᠢ ᠬᠡᠷᠡᠭᠯᠡᠨ ᠵᠠᠰᠠᠭ ᠵᠠᠬᠢᠷᠭ᠋ᠠᠨ᠎ᠤ ᠡᠷᠬᠡ ᠵᠢ ᠰᠠᠢ᠌ᠳᠣᠷ ᠬᠠᠮᠢᠶᠠᠷᠬᠣ ᠡᠷᠡᠰ ᠵᠣᠷᠢᠭ ᠪᠠ ᠢᠳᠡᠭᠡᠯ᠎ᠢ ᠬᠠᠷᠠᠭᠤᠯᠵᠦ ᠪᠠᠢ᠌ᠭ᠎ᠠ ᠶᠤᠮ᠃
[ᠬᠦᠳᠥᠯᠥᠭᠴᠢ]ᠪᠢᠳᠡ ᠰᠣᠷᠣᠯᠴᠠᠬᠣ᠎ᠪᠠᠷ ᠳᠠᠮᠵᠢᠭ᠋ᠠᠳ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠬᠠᠥᠯᠢ᠎ᠪᠠᠷ ᠵᠠᠰᠠᠭᠰᠠᠨ ᠵᠠᠰᠠᠭ᠎ᠤᠨ ᠣᠷᠳᠣᠨ᠎ᠢ ᠪᠦᠳᠦᠬᠡᠨ ᠪᠠᠢ᠌ᠭᠣᠯᠬᠣ ᠲᠤᠬᠠᠢ ᠳᠣᠷᠠᠳᠣᠭᠰᠠᠨ ᠱᠠᠭ᠋ᠠᠷᠳᠠᠯᠭ᠎ᠠ ᠪᠠ ᠠᠷᠭ᠎ᠠ ᠬᠡᠮᠵᠢᠶ᠎ᠡ᠎ᠨᠢ ᠳᠣᠩ ᠪᠣᠳᠠᠳᠠᠢ ᠪᠣᠯᠬᠣ ᠵᠢ ᠣᠢ᠌ᠯᠠᠭ᠋ᠠᠯ᠎ᠠ᠂ ᠵᠠᠩ ᠡᠷᠬᠢᠯᠡᠭᠴᠢ ᠡ᠂ ᠶᠠᠭ᠋ᠠᠬᠢᠪᠠᠯ ᠰᠠᠶᠢ ᠡᠨᠡ ᠬᠥ᠌ ᠱᠠᠭ᠋ᠠᠷᠳᠠᠯᠭ᠎ᠠ ᠵᠢ   ᠪᠤᠳᠠᠲᠦ ᠭᠠᠵᠠᠷ᠎ᠲᠤᠨᠢ ᠨᠠᠢ᠌ᠳᠠᠪᠣᠷᠢᠵᠢᠭᠣᠯᠬᠣ ᠳᠣᠬᠠᠢ   ᠶᠠᠷᠢᠭ᠋ᠠᠳ ᠥᠭᠭᠥᠨ᠎ᠡ ᠤᠤ?
[ᠵᠠᠩ ᠰᠢᠶᠣᠣ ᠫᠢᠩ]ᠥᠩᠭᠡᠷᠡᠭᠰᠡᠨ᠎ᠳᠤ᠂ ᠵᠠᠰᠠᠭ᠎ᠤᠨ ᠣᠷᠳᠣᠨ᠎ᠢ ᠬᠢᠨᠠᠨ ᠰᠢᠯᠭ᠋ᠠᠬᠤ᠎ᠳᠤ᠂ ᠭᠣᠣᠯᠳᠠᠭᠣ ᠠᠵᠣ ᠠᠬᠣᠢ ᠨᠡᠢ᠌ᠬᠡᠮ᠎ᠤᠨ ᠬᠦᠭᠵᠢᠯᠳᠡ ᠵᠢᠨ ᠬᠡᠮᠵᠢᠶ᠎ᠡ ᠵᠢ ᠥᠵᠡᠳᠡᠭ ᠪᠠᠢ᠌ᠭᠰᠠᠨ᠂ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ 《ᠲᠣᠭᠲᠠᠭ᠋ᠠᠯ》᠎ᠨᠢ ᠬᠢᠨᠠᠨ ᠰᠢᠯᠭ᠋ᠠᠬᠤ ᠬᠦᠢ᠍ᠴᠡᠳᠬᠡᠬᠦ ᠳᠣᠭ᠎ᠠ ᠭᠡᠵᠦ ᠨᠡᠮᠡᠭᠳᠡᠭᠥᠯᠥᠭᠰᠡᠨ ᠪᠠᠢ᠌ᠨ᠎ᠠ᠂ ᠥᠬᠡᠷ᠎ᠡ᠎ᠪᠠᠷ ᠬᠡᠯᠡᠪᠡᠯ ᠨᠠᠮ᠎ᠤᠨ ᠬᠡᠰᠢᠭᠥᠨ ᠺᠠᠳ᠋ᠷᠴᠤᠳ᠎ᠤᠨ ᠬᠠᠥᠯᠢ᠎ᠪᠠᠷ ᠵᠠᠰᠠᠬᠤ ᠰᠡᠳᠬᠢᠬᠦᠢ ᠪᠣᠯᠣᠨ ᠬᠠᠥᠯᠢ ᠶᠣᠰᠣᠭ᠋ᠠᠷ ᠠᠵᠢᠯ ᠶᠠᠪᠤᠳᠠᠯ ᠡᠷᠬᠢᠯᠡᠨ ᠭᠦᠢ᠍ᠴᠡᠳᠭᠡᠬᠦ ᠴᠢᠳᠠᠪᠣᠷᠢ ᠵᠢ ᠳᠡᠭᠡᠭᠰᠢᠯᠡᠬᠦᠯᠵᠥ᠂ ᠬᠠᠥᠯᠢ᠎ᠪᠠᠷ ᠵᠠᠰᠠᠬᠤ ᠪᠦᠳᠦᠬᠡᠨ ᠪᠠᠢ᠌ᠭᠣᠯᠣᠯᠳᠠ ᠵᠢᠨ ᠥᠷ᠎ᠡ ᠪᠥᠳᠥᠮᠵᠢ ᠵᠢ ᠡᠯ᠎ᠡ ᠱᠠᠳᠣᠨ᠎ᠤ ᠣᠳᠣᠷᠢᠳᠬᠣ ᠪᠠᠭ ᠪᠣᠯᠣᠨ ᠣᠳᠣᠷᠢᠳᠬᠣ ᠺᠠᠳ᠋ᠷ᠎ᠤᠨ ᠠᠵᠢᠯ᠎ᠤᠨ ᠪᠣᠳᠠᠳᠣ ᠠᠮᠵᠢᠯᠲᠠ ᠵᠢ ᠬᠡᠮᠵᠢᠬᠦ ᠴᠢᠬᠣᠯᠠ ᠠᠭᠣᠯᠭ᠎ᠠ ᠪᠣᠯᠭ᠋ᠠᠵᠦ ᠵᠠᠰᠠᠭ᠎ᠤᠨ ᠠᠵᠢᠯ᠎ᠤᠨ ᠪᠥᠳᠥᠮᠵᠢ ᠵᠢ ᠬᠢᠨᠠᠨ ᠰᠢᠯᠭ᠋ᠠᠬᠤ ᠬᠦᠢ᠍ᠴᠡᠳᠬᠡᠬᠦ ᠳᠣᠭ᠎ᠠ᠎ᠳᠤ ᠣᠷᠣᠭᠣᠯᠵᠣ᠂ ᠬᠠᠣᠯᠢ ᠴᠠᠭ᠋ᠠᠵᠠ ᠵᠢ ᠵᠢᠷᠣᠮᠯᠠᠵᠣ ᠴᠢᠳᠠᠬᠣ ᠡᠰᠡᠬᠦ᠂ ᠬᠠᠣᠯᠢ ᠶᠣᠰᠣᠭ᠋ᠠᠷ ᠠᠵᠢᠯ ᠶᠠᠪᠤᠳᠠᠯ ᠡᠷᠬᠢᠯᠡᠨ ᠭᠦᠢ᠍ᠴᠡᠳᠭᠡᠵᠦ ᠴᠢᠳᠠᠬᠣ ᠡᠰᠡᠬᠦ ᠵᠢ ᠺᠠᠳ᠋ᠷ᠎ᠢ ᠰᠢᠯᠭ᠋ᠠᠨ ᠪᠠᠢ᠌ᠴᠠᠭ᠋ᠠᠬᠣ ᠴᠢᠬᠣᠯᠠ ᠠᠭᠣᠯᠭ᠎ᠠ ᠪᠣᠯᠭ᠋ᠠᠪᠠ᠃ ᠮᠠᠨ᠎ᠤ ᠣᠷᠣᠨ ᠵᠶ᠋ᠠᠷ ᠠᠪᠴᠥ ᠬᠡᠯᠡᠪᠡᠯ᠂ ᠬᠠᠥᠯᠢ ᠬᠡᠷᠡᠭᠵᠢᠭᠥᠯᠭᠥ ᠬᠠᠷᠢᠭᠣᠴᠠᠯᠭ᠎ᠠ ᠵᠢᠨ ᠳᠥᠷᠢᠮ᠎ᠤᠨ ᠬᠢᠨᠠᠨ ᠰᠢᠯᠭ᠋ᠠᠬᠤ ᠠᠵᠢᠯ᠎ᠢ ᠠᠢ᠌ᠮᠠᠭ ᠬᠣᠳᠠ᠂ ᠲᠢᠩᠬᠢᠮ ᠳᠣᠪᠴᠢᠶ᠎ᠠ ᠵᠢᠨ ᠣᠳᠣᠷᠢᠳᠬᠣ ᠪᠠᠭ᠎ᠤᠨ ᠪᠣᠳᠠᠳᠣ ᠠᠮᠵᠢᠯᠲᠠ ᠵᠢ ᠬᠢᠨᠠᠨ ᠰᠢᠯᠭ᠋ᠠᠬᠤ᠎ᠳᠤ ᠣᠷᠣᠭᠣᠯᠣᠨ᠂ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠨᠢ ᠥᠪᠡᠷᠳᠡᠭᠡᠨ ᠵᠠᠰᠠᠬᠣ ᠣᠷᠣᠨ᠎ᠤ ᠨᠠᠮ᠎ᠤᠨ ᠬᠣᠷᠢᠶ᠎ᠠ ᠵᠢᠨ ᠵᠣᠬᠢᠶᠠᠨ ᠪᠠᠢ᠌ᠭᠣᠯᠬᠣ ᠬᠡᠯᠳᠡᠰ᠎ᠤᠨ ᠨᠠᠢ᠌ᠳᠠᠯᠭ᠎ᠠ᠎ᠪᠠᠷ ᠡᠨᠡᠬᠦ ᠠᠵᠢᠯ᠎ᠢ ᠪᠤᠳᠠᠲᠠᠢ ᠬᠠᠷᠢᠭᠣᠴᠠᠪᠠ᠃ ᠡᠨᠡ ᠵᠢᠯ᠂ ᠪᠢᠳᠡ ᠱᠠᠭ᠋ᠠᠷᠳᠠᠯᠭ᠎ᠠ ᠶᠣᠰᠣᠭ᠋ᠠᠷ ᠬᠠᠥᠯᠢ ᠶᠣᠰᠣᠭ᠋ᠠᠷ ᠵᠠᠰᠠᠭ ᠶᠠᠪᠣᠭᠣᠯᠤᠭᠰᠠᠨ᠎ᠢ ᠬᠢᠨᠠᠨ ᠰᠢᠯᠭ᠋ᠠᠬᠤ ᠰᠢᠨᠵᠢᠯᠡᠬᠦ ᠣᠬᠠᠭ᠋ᠠᠨᠴᠢ ᠵᠦᠢ ᠵᠣᠬᠢᠰᠲᠠᠢ ᠬᠦᠢ᠍ᠴᠡᠳᠬᠡᠬᠦ ᠳᠣᠭ᠎ᠠ ᠵᠢᠨ ᠰᠢᠰᠲᠸᠮᠵᠢ ᠵᠢ ᠳᠣᠭᠳᠠᠭ᠋ᠠᠭᠰᠠᠨ ᠰᠠᠭᠣᠷᠢᠨ ᠳᠡᠭᠡᠷ᠎ᠡ᠂ 12 ᠳ᠋ᠤᠭ᠋ᠠᠷ ᠰᠠᠷ᠎ᠠ᠎ᠠᠴᠠ ᠡᠬᠢᠯᠡᠨ ᠪᠦᠬᠦ ᠣᠷᠣᠨ᠎ᠳᠤ ᠬᠠᠥᠯᠢ ᠶᠣᠰᠣᠭ᠋ᠠᠷ ᠵᠠᠰᠠᠭ ᠶᠠᠪᠣᠭᠣᠯᠤᠭᠰᠠᠨ᠎ᠢ ᠬᠢᠨᠠᠨ ᠰᠢᠯᠭ᠋ᠠᠬᠤ ᠠᠵᠢᠯ᠎ᠢ ᠡᠬᠢᠯᠡᠬᠦᠯᠬᠦ᠎ᠪᠠᠷ ᠪᠠᠢ᠌ᠨ᠎ᠠ᠃ ᠡᠨᠡ᠎ᠨᠢ ᠡᠯ᠎ᠡ ᠱᠠᠳᠣᠨ᠎ᠤ ᠣᠳᠣᠷᠢᠳᠬᠣ ᠺᠠᠳ᠋ᠷ ᠢᠯᠠᠩᠭᠤᠶ᠎ᠠ ᠣᠳᠣᠷᠢᠳᠬᠣ ᠺᠠᠳ᠋ᠷ᠎ᠤᠨ ᠬᠠᠥᠯᠢ᠎ᠪᠠᠷ ᠵᠠᠰᠠᠬᠤ ᠰᠡᠳᠬᠢᠬᠦᠢ ᠪᠣᠯᠣᠨ ᠬᠠᠥᠯᠢ᠎ᠪᠠᠷ ᠵᠠᠰᠠᠬᠤ ᠠᠷᠭ᠎ᠠ ᠮᠠᠶᠢᠭ᠎ᠢ ᠬᠡᠷᠡᠭᠯᠡᠨ᠂ ᠬᠠᠥᠯᠢ ᠶᠣᠰᠣᠭ᠋ᠠᠷ ᠵᠠᠰᠠᠭ ᠶᠠᠪᠣᠭᠣᠯᠬᠣ ᠵᠢ ᠲᠦᠯᠬᠢᠨ ᠤᠷᠤᠭᠰᠢᠯᠠᠭᠤᠯᠵᠦ᠂ ᠳᠣᠬᠠᠢ ᠵᠢᠨ ᠭᠠᠵᠠᠷ᠎ᠤᠨ ᠵᠶ᠋ᠠᠨ ᠠᠵᠣ ᠠᠬᠣᠢ ᠨᠡᠢ᠌ᠬᠡᠮ᠎ᠤᠨ ᠡᠶ᠎ᠡ ᠵᠣᠬᠢᠴᠠᠯ᠎ᠲᠠᠢ ᠬᠦᠭᠵᠢᠬᠦ ᠵᠢ ᠲᠦᠯᠬᠢᠨ ᠠᠬᠢᠭᠤᠯᠬᠤ ᠵᠢ ᠱᠠᠭ᠋ᠠᠷᠳᠠᠵᠣ᠂ ᠥᠩᠭᠡᠷᠡᠭᠰᠡᠨ᠎ᠤ 《ᠵᠦᠪᠬᠡᠨ ᠠᠵᠣ ᠠᠬᠣᠢ ᠵᠢᠨ ᠬᠦᠭᠵᠢᠯᠳᠡ᠎ᠪᠠᠷ ᠪᠠᠭ᠋ᠠᠳᠣᠷ ᠰᠣᠩᠭᠣᠬᠣ》 ᠬᠢᠨᠠᠨ ᠰᠢᠯᠭ᠋ᠠᠬᠤ ᠠᠷᠭ᠎ᠠ ᠮᠠᠶᠢᠭ᠎ᠢ ᠬᠤᠪᠢᠷᠠᠭᠤᠯᠤᠭᠰᠠᠨ ᠪᠣᠯᠬᠣᠷ᠂ ᠮᠠᠨ᠎ᠤ ᠨᠠᠮ᠎ᠤᠨ ᠳᠥᠷᠥ ᠪᠠᠷᠢᠬᠣ ᠠᠷᠭ᠎ᠠ ᠮᠠᠶᠢᠭ ᠪᠣᠯᠣᠨ ᠳᠥᠷᠥ ᠪᠠᠷᠢᠬᠣ ᠣᠨᠣᠯᠵᠢᠬᠤᠨ᠎ᠤ ᠴᠢᠬᠣᠯᠠ ᠶᠡᠬᠡ ᠬᠣᠪᠢᠷᠠᠯᠳᠠ᠎ᠲᠠᠢ ᠪᠣᠯᠣᠭᠰᠠᠨ᠎ᠢ ᠬᠠᠷᠠᠭᠤᠯᠵᠦ ᠪᠠᠢ᠌ᠭ᠎ᠠ ᠶᠤᠮ᠃ ᠬᠣᠢ᠌ᠰᠢᠳᠠ᠂ ᠬᠠᠥᠯᠢ ᠬᠡᠷᠡᠭᠵᠢᠭᠥᠯᠭᠥ ᠬᠠᠷᠢᠭᠣᠴᠠᠯᠭ᠎ᠠ ᠵᠢᠨ ᠳᠥᠷᠢᠮ᠎ᠤᠨ ᠬᠢᠨᠠᠨ ᠰᠢᠯᠭ᠋ᠠᠬᠤ ᠵᠢ ᠴᠢᠩᠭ᠋ᠠᠳᠬᠠᠬᠣ ᠳᠠᠯ᠎ᠠ᠎ᠪᠠᠷ ᠴᠢᠬᠤᠯᠠ ᠪᠣᠯᠬᠤ ᠬᠡᠮᠵᠢᠶ᠎ᠡ ᠵᠢᠨ ᠬᠠᠷᠢᠴᠠᠯ᠎ᠢ ᠡᠷᠬᠡᠪᠰᠢ ᠳᠡᠭᠡᠭᠰᠢᠯᠡᠬᠦᠯᠬᠦ ᠬᠡᠷᠡᠭᠳᠠᠢ᠂ ᠢᠩᠬᠢᠪᠡᠯ ᠳᠥᠪ ᠬᠣᠷᠢᠶᠠᠨ᠎ᠤ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ᠎ᠲᠠᠢ ᠨᠡᠢ᠌ᠴᠡᠨ᠎ᠡ᠃
[ᠬᠦᠳᠥᠯᠥᠭᠴᠢ]ᠵᠠᠩ ᠡᠷᠬᠢᠯᠡᠭᠴᠢ ᠡ᠂ ᠲᠠᠨ᠎ᠲᠠᠢ ᠠᠷᠪᠢᠨ ᠵᠣᠭᠣᠭᠳᠠᠯ᠎ᠠ᠂   ᠪᠢᠳᠡ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢᠨ ᠳᠣᠬᠠᠢ ᠠᠩᠬ᠎ᠠ ᠠᠯᠬᠤᠮ᠎ᠤᠨ ᠰᠤᠷᠤᠯᠴᠠᠭᠰᠠᠨ ᠣᠢ᠌ᠯᠠᠭ᠋ᠠᠯᠳᠠ᠎ᠲᠠᠢ ᠪᠣᠯᠣᠯ᠎ᠠ᠂ ᠨᠠᠮ᠎ᠤᠨ ᠣᠳᠣᠷᠢᠳᠣᠯᠭ᠎ᠠ ᠬᠢᠭᠡᠳ ᠬᠠᠥᠯᠢ᠎ᠪᠠᠷ ᠣᠯᠣᠰ ᠵᠶ᠋ᠠᠨ ᠵᠠᠰᠠᠬᠣ ᠵᠢᠨ ᠬᠠᠷᠢᠴᠠᠭ᠎ᠠ ᠵᠢ ᠬᠡᠷᠬᠢᠨ ᠣᠢ᠌ᠯᠠᠭ᠋ᠠᠬᠣ ᠪᠣᠢ? ᠡᠨᠡ ᠪᠣᠯ ᠮᠢᠨᠤ ᠶᠡᠷᠦ᠎ᠠᠴᠠ ᠠᠰᠠᠭᠤᠶ᠎ᠠ ᠭᠡᠵᠦ ᠪᠣᠳᠤᠭ᠋ᠠᠳ ᠪᠠᠢ᠌ᠭᠰᠠᠨ ᠠᠰᠠᠭᠤᠯᠲᠠ ᠪᠣᠯᠤᠨ᠎ᠠ᠃
[ᠵᠠᠩ ᠰᠢᠶᠣᠣ ᠫᠢᠩ]ᠨᠡᠢ᠌ᠬᠡᠮ ᠵᠢᠷᠣᠮ᠎ᠤᠨ ᠬᠠᠥᠯᠢ᠎ᠪᠠᠷ ᠵᠠᠰᠠᠬᠤ ᠵᠢ ᠪᠠᠷᠢᠮᠳᠠᠯᠠᠬᠣ᠎ᠳᠤ ᠡᠷᠬᠡᠪᠰᠢ ᠨᠠᠮ᠎ᠤᠨ ᠣᠳᠣᠷᠢᠳᠣᠯᠭ᠎ᠠ ᠵᠢ ᠳᠥᠰᠢᠭᠯᠡᠬᠦ ᠬᠡᠷᠡᠭᠳᠠᠢ᠂ ᠨᠠᠮ ᠪᠠ ᠬᠠᠥᠯᠢ᠎ᠪᠠᠷ ᠵᠠᠰᠠᠬᠤ ᠵᠢᠨ ᠬᠠᠷᠢᠴᠠᠭ᠎ᠠ ᠪᠣᠯ ᠬᠠᠥᠯᠢ᠎ᠪᠠᠷ ᠵᠠᠰᠠᠬᠤ ᠪᠠᠢ᠌ᠭᠣᠯᠣᠯᠳᠠ ᠵᠢᠨ ᠭᠣᠣᠯ ᠠᠰᠠᠭᠣᠳᠠᠯ ᠪᠣᠯᠬᠤ ᠪᠦᠭᠡᠳ ᠡᠨᠡ ᠬᠣᠶᠠᠷ ᠪᠣᠯ ᠨᠢᠬᠡᠳᠥᠯᠳᠠᠢ ᠪᠠᠢ᠌ᠳᠠᠭ᠃ ᠨᠠᠮ᠎ᠤᠨ ᠣᠳᠣᠷᠢᠳᠣᠯᠭ᠎ᠠ ᠪᠣᠯ ᠴᠢᠭᠯᠡᠯ᠂ ᠣᠯᠣᠰ ᠳᠥᠷᠥ ᠵᠢᠨ ᠪᠠᠳᠣᠯᠠᠭ᠎ᠠ ᠪᠣᠯᠣᠨ᠎ᠠ᠂ ᠨᠠᠮ᠎ᠤᠨ ᠣᠳᠣᠷᠢᠳᠣᠯᠭ᠎ᠠ ᠵᠢ ᠪᠠᠷᠢᠮᠳᠠᠯᠠᠬᠣ ᠪᠣᠯ ᠳᠡᠥᠬᠡ ᠵᠢᠨ ᠰᠣᠩᠭᠣᠯᠳᠠ᠂ ᠠᠷᠠᠳ ᠳᠥᠮᠡᠨ᠎ᠤ ᠰᠣᠩᠭᠣᠯᠳᠠ ᠪᠣᠯᠣᠨ᠎ᠠ᠂ ᠬᠣᠪᠢᠰᠬᠠᠯ᠂ ᠪᠦᠳᠦᠬᠡᠨ ᠪᠠᠢ᠌ᠭᠣᠯᠣᠯᠳᠠ᠂ ᠥᠬᠡᠷᠡᠴᠢᠯᠡᠯᠳᠡ ᠵᠢᠨ ᠠᠭᠣᠣ ᠶᠡᠬᠡ ᠠᠮᠵᠢᠯᠳᠠ ᠣᠯᠣᠭᠰᠠᠨ᠎ᠤ ᠬᠠᠮᠣᠭ᠎ᠤᠨ ᠰᠠᠢ᠌ᠨ ᠬᠡᠷᠡᠴᠢ ᠪᠣᠯᠣᠨ᠎ᠠ᠂ ᠥᠨᠳᠥᠰᠥᠨ ᠬᠠᠥᠯᠢ᠎ᠨᠢ ᠣᠯᠣᠰ ᠬᠦᠷᠦᠨ᠎ᠤ ᠥᠨᠳᠥᠰᠦ ᠪᠣᠯᠬᠤ ᠶᠡᠬᠡ ᠬᠠᠥᠯᠢ ᠪᠣᠯᠣᠭᠰᠠᠨ᠎ᠤ ᠬᠣᠪᠢ᠎ᠳᠤ ᠨᠠᠮ᠎ᠤᠨ ᠣᠳᠣᠷᠢᠳᠬᠣ ᠪᠠᠢ᠌ᠷᠢ ᠰᠠᠭᠣᠷᠢ ᠵᠢ ᠳᠣᠭᠳᠠᠭ᠋ᠠᠭᠰᠠᠨ ᠶᠤᠮ᠃ ᠡᠬᠦᠨ᠎ᠤ ᠳᠣᠬᠠᠢ᠂ ᠰᠢ ᠵᠢᠨ ᠫᠢᠩ ᠶᠡᠷᠥᠩᠬᠡᠢ ᠱᠥᠵᠢ ᠶᠠᠷᠢᠶᠠᠨ᠎ᠳᠠᠭᠠᠨ᠂ ᠮᠠᠨ᠎ᠤ ᠨᠠᠮ᠎ᠤᠨ ᠣᠳᠣᠷᠢᠳᠬᠣ ᠪᠠᠢ᠌ᠷᠢ ᠰᠠᠭᠣᠷᠢ ᠵᠢ ᠣᠮᠣᠭ ᠳᠡᠭᠥᠯᠳᠡᠷ ᠰᠥᠷ ᠳᠠᠯᠠᠢ᠌ᠴᠢᠳᠠᠢ ᠶᠠᠷᠢᠵᠣ᠂ ᠥᠨᠳᠥᠰᠥᠨ᠎ᠠᠴᠠ᠎ᠨᠢ ᠰᠢᠢ᠍ᠳᠪᠥᠷᠢᠯᠡᠨ᠂ ᠵᠥᠪ ᠵᠶ᠋ᠠᠷ ᠣᠢ᠌ᠯᠠᠭ᠋ᠠᠵᠦ ᠮᠡᠳᠡᠬᠦ ᠬᠡᠷᠡᠭᠳᠠᠢ ᠭᠡᠵᠦ ᠵᠢᠭ᠋ᠠᠵᠦ ᠭᠠᠷᠭ᠋ᠠᠰᠠᠨ ᠶᠤᠮ᠃
[ᠬᠦᠳᠥᠯᠥᠭᠴᠢ]ᠵᠠᠩ ᠡᠷᠬᠢᠯᠡᠭᠴᠢ ᠡ᠂ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ   ᠵᠣᠷᠢᠭ ᠰᠠᠨᠠᠭ᠎ᠠ ᠵᠢᠨ ᠳᠣᠬᠠᠢ ᠲᠠᠨ᠎ᠤ ᠥᠵᠡᠯᠳᠡ ᠵᠢ ᠰᠣᠨᠣᠰᠣᠶ᠎ᠠ ᠬᠡᠵᠥ ᠪᠣᠳᠣᠵᠣ ᠪᠠᠢ᠌ᠨ᠎ᠠ?
[ᠵᠠᠩ ᠰᠢᠶᠣᠣ ᠫᠢᠩ]ᠮᠠᠨ᠎ᠤ ᠣᠯᠣᠰ᠎ᠤᠨ ᠬᠠᠥᠯᠢ᠎ᠪᠠᠷ ᠵᠠᠰᠠᠬᠤ ᠪᠠᠢ᠌ᠭᠣᠯᠣᠯᠳᠠ ᠪᠣᠯ ᠢᠳᠡᠭ ᠢᠳᠡᠭ ᠵᠶ᠋ᠠᠷ ᠣᠷᠣᠭᠰᠢᠯᠠᠵᠦ ᠢᠷᠡᠭᠰᠡᠨ ᠶᠣᠮ᠂ 17 ᠵᠢᠯ᠎ᠤᠨ ᠡᠮᠥᠨ᠎ᠡ᠂ ᠨᠠᠮ᠎ᠤᠨ ᠠᠷᠪᠠᠨ ᠳᠠᠪᠣᠳᠣᠭ᠋ᠠᠷ ᠶᠡᠬᠡ ᠬᠣᠷᠠᠯ᠎ᠠᠴᠠ ᠬᠠᠥᠯᠢ᠎ᠪᠠᠷ ᠣᠯᠣᠰ ᠵᠶ᠋ᠠᠨ ᠵᠠᠰᠠᠬᠣ ᠠᠷᠭ᠎ᠠ ᠪᠣᠳᠤᠯᠭ᠎ᠠ ᠵᠢ ᠳᠣᠷᠠᠳᠣᠭᠰᠠᠨ᠎ᠨᠢ ᠨᠠᠮ᠎ᠤᠨ ᠳᠥᠪ ᠬᠣᠷᠢᠶ᠎ᠠ ᠵᠢᠨ ᠠᠯᠣᠰ ᠬᠣᠯᠠ ᠵᠢᠨ ᠪᠣᠳᠣᠯᠭ᠎ᠠ ᠵᠢ ᠢᠯᠡᠳᠬᠡᠵᠥ ᠪᠠᠢ᠌ᠨ᠎ᠠ᠃ 17 ᠵᠢᠯ᠎ᠤᠨ ᠳᠠᠷᠠᠭ᠎ᠠ᠂ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠳᠥᠪ ᠬᠣᠷᠢᠶᠠᠨ᠎ᠤ ᠳᠥᠷᠪᠡᠳᠥᠬᠡᠷ ᠪᠦᠬᠦᠳᠡ ᠬᠣᠷᠠᠯ᠎ᠠᠴᠠ 《ᠬᠠᠥᠯᠢ᠎ᠪᠠᠷ ᠣᠯᠣᠰ ᠵᠶ᠋ᠠᠨ ᠵᠠᠰᠠᠬᠣ ᠵᠢ ᠪᠦᠬᠦ ᠲᠠᠯ᠎ᠠ᠎ᠪᠠᠷ ᠲᠦᠯᠬᠢᠨ ᠠᠬᠢᠭᠤᠯᠬᠤ ᠴᠢᠬᠣᠯᠠ ᠶᠡᠬᠡ ᠠᠰᠠᠭᠣᠳᠠᠯ᠎ᠤᠳ᠎ᠤᠨ ᠳᠣᠬᠠᠢ ᠳᠣᠮᠳᠠᠳᠣ ᠣᠯᠣᠰ᠎ᠤᠨ ᠡᠪ ᠬᠠᠮᠳᠣ ᠨᠠᠮ᠎ᠤᠨ ᠳᠥᠪ ᠬᠣᠷᠢᠶ᠎ᠠ ᠵᠢᠨ ᠳᠣᠭᠳᠠᠭ᠋ᠠᠯ》᠎ᠢ ᠬᠢᠨᠠᠨ ᠵᠦᠪᠯᠡᠵᠦ ᠪᠠᠲᠤᠯᠠᠭᠰᠠᠨ ᠶᠠᠪᠤᠳᠠᠯ᠎ᠨᠢ ᠬᠠᠥᠯᠢ᠎ᠪᠠᠷ ᠣᠯᠣᠰ ᠵᠶ᠋ᠠᠨ ᠵᠠᠰᠠᠬᠣ ᠳᠣᠳᠣᠷᠬᠠᠢ ᠪᠣᠷᠣ ᠵᠢᠷᠣᠭ᠎ᠢ ᠳᠠᠳᠠᠯᠠᠨ ᠵᠢᠷᠣᠭᠯᠠᠵᠠᠢ᠂ ᠬᠠᠥᠯᠢ᠎ᠪᠠᠷ ᠣᠯᠣᠰ ᠵᠶ᠋ᠠᠨ ᠵᠠᠰᠠᠬᠣ ᠵᠢ ᠣᠯᠣᠰ ᠳᠥᠷᠥ ᠵᠢᠨ ᠠᠷᠭ᠎ᠠ ᠪᠣᠳᠤᠯᠭ᠎ᠠ᠎ᠠᠴᠠ ᠪᠦᠬᠦ ᠳᠠᠯ᠎ᠠ ᠵᠢᠨ᠂ ᠪᠣᠳᠠᠳᠠᠢ ᠬᠠᠥᠯᠢ᠎ᠪᠠᠷ ᠵᠠᠰᠠᠬᠤ ᠦᠢ᠍ᠯᠡᠳᠥᠯᠬᠡ ᠲᠡᠰᠢ ᠵᠠᠮᠨᠠᠭᠤᠯᠤᠭᠰᠠᠨ ᠪᠣᠯᠬᠣᠷ ᠪᠡᠯᠭᠡ ᠲᠡᠮᠳᠡᠭ᠎ᠤᠨ ᠠᠴᠢ ᠬᠣᠯᠪᠤᠭᠳᠠᠯ᠎ᠲᠠᠢ ᠬᠡᠵᠥ ᠬᠡᠯᠡᠵᠥ ᠪᠣᠯᠬᠤ ᠪᠦᠭᠡᠳ ᠬᠠᠥᠯᠢ᠎ᠪᠠᠷ ᠣᠯᠣᠰ ᠵᠶ᠋ᠠᠨ ᠵᠠᠰᠠᠬᠣ ᠰᠢᠨ᠎ᠡ ᠬᠠᠭᠣᠳᠠᠰᠣ ᠵᠢ ᠰᠡᠬᠦᠨ᠂ ᠬᠠᠥᠯᠢ᠎ᠪᠠᠷ ᠣᠯᠣᠰ ᠵᠶ᠋ᠠᠨ ᠵᠠᠰᠠᠬᠣ ᠰᠢᠨ᠎ᠡ ᠴᠠᠭ ᠡᠷᠡᠨ᠎ᠢ ᠨᠡᠬᠡᠬᠡᠬᠦ᠎ᠨᠢ ᠯᠠᠪᠲᠠᠢ ᠶᠤᠮ᠃ ᠪᠢᠳᠡ ᠬᠠᠮᠳᠣᠪᠠᠷ ᠭᠠᠷ ᠭᠠᠷ ᠵᠶ᠋ᠠᠨ ᠬᠣᠯᠪᠣᠨ ᠴᠢᠷᠮᠠᠢ᠌ᠵᠣ  ᠂ ᠣᠯᠣᠰ ᠵᠶ᠋ᠠᠨ ᠬᠠᠤᠯᠢ᠎ᠪᠠᠷ ᠵᠠᠰᠠᠬᠤ ᠵᠢ ᠡᠷᠳᠡ ᠨᠢᠬᠡᠨ ᠡᠳᠥᠷ ᠪᠡᠶᠡᠯᠡᠭᠥᠯᠰᠥᠬᠡᠢ!
[ᠬᠦᠳᠥᠯᠥᠭᠴᠢ]ᠮᠠᠨ᠎ᠤ ᠥᠪᠥᠷ ᠮᠣᠩᠭᠣᠯ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠨᠠᠢ᠌ᠳᠠᠪᠣᠷᠢᠵᠢᠭᠣᠯᠵᠣ᠂ ᠴᠢᠬᠣᠯᠠ ᠶᠡᠬᠡ ᠰᠢᠢ᠍ᠳᠪᠣᠷᠢᠲᠦ ᠪᠣᠳᠤᠯᠭ᠎ᠠ ᠳᠣᠭᠳᠠᠭ᠋ᠠᠬᠣ ᠲᠡᠰ ᠳᠠᠷᠠᠭ᠋ᠠᠯᠠᠯ᠎ᠢ ᠵᠢᠷᠤᠮᠵᠢᠭᠤᠯᠬᠤ ᠳᠠᠯ᠎ᠠ᠎ᠪᠠᠷ ᠶᠠᠮᠠᠷ ᠠᠷᠭ᠎ᠠ ᠪᠠᠷᠢᠯ ᠪᠠᠢ᠌ᠬᠤ ᠪᠣᠢ?
[ᠵᠠᠩ ᠰᠢᠶᠣᠣ ᠫᠢᠩ]2013 ᠣᠨ᠎ᠤ 8 ᠳ᠋ᠣᠭ᠋ᠠᠷ ᠰᠠᠷ᠎ᠠ᠎ᠠᠴᠠ ᠡᠬᠢᠯᠡᠨ᠂ ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ ᠵᠠᠰᠠᠭ ᠵᠠᠬᠢᠷᠭ᠋ᠠᠨ᠎ᠤ ᠴᠢᠬᠤᠯᠠ ᠶᠡᠬᠡ ᠰᠢᠢ᠍ᠳᠪᠥᠷᠢᠲᠦ ᠪᠣᠳᠤᠯᠭ᠎ᠠ ᠳᠣᠭᠳᠠᠭ᠋ᠠᠬᠣ ᠵᠢᠨ ᠬᠠᠥᠯᠢ ᠶᠣᠰᠣᠴᠢ ᠴᠢᠨᠠᠷ᠎ᠢ ᠬᠢᠨᠠᠨ ᠪᠠᠢ᠌ᠴᠠᠭ᠋ᠠᠬᠣ ᠰᠡᠳᠥᠪ᠎ᠤᠨ ᠰᠣᠳᠣᠯᠣᠯ᠎ᠢ ᠵᠣᠬᠢᠶᠠᠨ ᠪᠠᠢ᠌ᠭᠣᠯᠤᠨ ᠥᠷᠨᠢᠭᠥᠯᠪᠡ᠂ ᠣᠯᠠᠨ ᠣᠳᠠᠭ᠎ᠠ᠂ ᠳᠠᠬᠢᠨ ᠳᠠᠪᠳᠠᠨ ᠪᠠᠢ᠌ᠴᠠᠭ᠋ᠠᠨ ᠰᠣᠳᠣᠯᠵᠣ ᠨᠣᠳ᠋ᠯᠠᠯᠳᠠ ᠬᠢᠬᠦ᠎ᠪᠠᠷ ᠳᠠᠮᠵᠢᠭ᠋ᠠᠳ᠂ ᠣᠳᠣᠬᠠᠨ᠎ᠳᠤ 《ᠥᠪᠥᠷ ᠮᠣᠩᠭᠣᠯ᠎ᠤᠨ ᠥᠪᠡᠷᠳᠡᠭᠡᠨ ᠵᠠᠰᠠᠬᠣ ᠣᠷᠣᠨ᠎ᠤ ᠵᠠᠰᠠᠭ ᠵᠠᠬᠢᠷᠭ᠋ᠠᠨ᠎ᠤ ᠴᠢᠬᠤᠯᠠ ᠶᠡᠬᠡ ᠰᠢᠢ᠍ᠳᠪᠥᠷᠢᠲᠦ ᠪᠣᠳᠤᠯᠭ᠎ᠠ ᠳᠣᠭᠳᠠᠭ᠋ᠠᠬᠣ ᠳᠡᠰ ᠳᠠᠷᠠᠭ᠋ᠠᠯᠠᠯ᠎ᠤᠨ ᠲᠣᠭᠲᠠᠭ᠋ᠠᠯ (ᠲᠦᠰᠥᠯ)》᠎ᠢ ᠪᠣᠢ ᠪᠣᠯᠭ᠋ᠠᠭ᠋ᠠᠳ᠂ ᠵᠠᠰᠠᠭ ᠵᠠᠬᠢᠷᠭ᠋ᠠᠨ᠎ᠤ ᠴᠢᠬᠤᠯᠠ ᠶᠡᠬᠡ ᠰᠢᠢ᠍ᠳᠪᠥᠷᠢ ᠳᠣᠭᠳᠠᠭ᠋ᠠᠬᠣ ᠬᠡᠪᠴᠢᠶ᠎ᠡ᠂ ᠠᠯᠬᠣᠮ ᠳᠠᠷᠠᠭ᠎ᠠ᠂ ᠳᠡᠰ ᠳᠠᠷᠠᠭ᠋ᠠᠯᠠᠯ ᠵᠡᠷᠬᠡ ᠳᠠᠯ᠎ᠠ᠎ᠪᠠᠷ ᠵᠢᠷᠤᠮᠵᠢᠭᠤᠯᠪᠠ᠃ ᠳᠠᠷᠠᠭ᠎ᠠ ᠠᠯᠬᠣᠮ᠎ᠳᠤ᠂ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠥᠨᠳᠥᠰᠥᠯᠡᠨ ᠣᠯᠠᠮ ᠨᠢᠬᠡ ᠠᠯᠬᠣᠮ ᠵᠠᠰᠠᠪᠣᠷᠢ ᠣᠷᠣᠭᠤᠯᠵᠦ ᠨᠣᠳ᠋ᠯᠠᠭᠰᠠᠨ᠎ᠤ ᠳᠠᠷᠠᠭ᠎ᠠ ᠵᠠᠰᠠᠭ᠎ᠤᠨ ᠣᠷᠳᠣᠨ᠎ᠤ ᠪᠠᠢ᠌ᠩᠭᠣ ᠵᠢᠨ ᠬᠣᠷᠠᠯ᠎ᠳᠤ ᠳᠣᠰᠢᠶᠠᠨ ᠬᠢᠨᠠᠨ ᠵᠦᠪᠯᠡᠭᠥᠯᠬᠦ ᠪᠣᠯᠣᠨ᠎ᠠ᠃ ᠡᠨᠡ ᠪᠣᠯ ᠪᠢᠳᠡᠨ᠎ᠤ ᠨᠠᠮ᠎ᠤᠨ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠳᠣᠣᠱᠯᠠᠭᠣᠯᠣᠨ ᠨᠠᠢ᠌ᠳᠠᠪᠣᠷᠢᠵᠢᠭᠣᠯᠬᠤ ᠴᠢᠬᠣᠯᠠ ᠶᠡᠬᠡ ᠠᠷᠭ᠎ᠠ ᠪᠠᠷᠢᠯ᠎ᠤᠨ ᠨᠢᠬᠡ ᠪᠣᠯᠬᠤ ᠪᠦᠭᠡᠳ ᠮᠠᠨ᠎ᠤ ᠣᠷᠣᠨ᠎ᠤ ᠬᠠᠤᠯᠢ ᠶᠣᠰᠤᠭ᠋ᠠᠷ ᠵᠠᠰᠠᠭ ᠶᠠᠪᠤᠭᠤᠯᠬᠤ ᠵᠢ ᠭᠦᠨᠵᠡᠭᠡᠢ ᠦᠷᠨᠢᠭᠥᠯᠬᠦ᠂ ᠬᠠᠤᠯᠢ᠎ᠪᠠᠷ ᠵᠠᠰᠠᠭᠰᠠᠨ ᠵᠠᠰᠠᠭ᠎ᠤᠨ ᠣᠷᠳᠤᠨ᠎ᠢ ᠲᠦᠷᠭᠡᠳᠭᠡᠨ ᠪᠦᠲᠥᠭᠡᠨ ᠪᠠᠢ᠌ᠭᠤᠯᠬᠤ ᠠᠬᠢᠴᠠ ᠵᠢ ᠲᠦᠯᠬᠢᠨ ᠠᠬᠢᠭᠤᠯᠬᠤ᠎ᠳᠤ ᠴᠢᠬᠤᠯᠠ ᠶᠡᠬᠡ ᠠᠯᠤᠰ ᠬᠡᠳᠦ ᠵᠢᠨ ᠲᠡᠤᠬᠡᠲᠦ ᠠᠴᠢ ᠬᠣᠯᠪᠤᠭᠳᠠᠯ ᠦᠵᠡᠭᠥᠯᠬᠦ᠎ᠨᠢ ᠵᠠᠢ᠌ᠯᠠᠰᠢ ᠦᠭᠡᠢ ᠶᠤᠮ᠃ ᠡᠬᠦᠨ᠎ᠤ ᠵᠡᠷᠭᠡᠴᠡᠪᠡᠷ᠂ ᠪᠢᠳᠡ ᠪᠠᠰᠠ ᠵᠠᠰᠠᠭ ᠵᠠᠬᠢᠷᠭ᠋ᠠᠨ᠎ᠤ ᠴᠢᠬᠤᠯᠠ ᠶᠡᠬᠡ ᠰᠢᠢ᠍ᠳᠪᠥᠷᠢᠲᠦ ᠪᠣᠳᠤᠯᠭ᠎ᠠ ᠳᠣᠭᠳᠠᠭ᠋ᠠᠬᠣ ᠬᠠᠮᠢᠶ᠎ᠠ ᠪᠦᠬᠦᠢ ᠪᠠᠢ᠌ᠴᠭ᠋ᠠᠨ ᠰᠣᠳᠣᠯᠣᠭᠰᠠᠨ ᠪᠠᠢ᠌ᠳᠠᠯ ᠵᠶ᠋ᠠᠨ ᠥᠪᠡᠷᠳᠡᠭᠡᠨ ᠵᠠᠰᠠᠬᠣ ᠣᠷᠣᠨ᠎ᠤ ᠨᠡᠢ᠌ᠬᠡᠮ᠎ᠤᠨ ᠰᠢᠨᠵᠢᠯᠡᠬᠦ ᠣᠬᠠᠭ᠋ᠠᠨ᠎ᠤ ᠬᠦᠷᠢᠶᠡᠯᠡᠩ᠎ᠤᠨ ᠰᠡᠳᠥᠪ ᠪᠣᠯᠭ᠋ᠠᠨ ᠭᠣᠶᠣᠴᠢᠯᠠᠵᠣ ᠬᠦᠨᠵᠡᠬᠡᠢ ᠰᠣᠳᠣᠯᠣᠭ᠋ᠠᠳ᠂ ᠴᠢᠬᠣᠯᠠ ᠶᠡᠬᠡ ᠥᠷ᠎ᠡ ᠪᠦᠲᠥᠭᠡᠯ ᠣᠯᠪᠠ᠂ ᠡᠨᠡᠬᠦ ᠠᠵᠢᠯ᠎ᠤᠨ ᠳᠠᠯ᠎ᠠ᠎ᠪᠠᠷ ᠪᠢᠳᠡ ᠶᠡᠷᠦ᠎ᠠᠴᠠ ᠪᠦᠬᠦ ᠣᠯᠣᠰ᠎ᠲᠤ ᠲᠡᠷᠢᠭᠥᠨ᠎ᠳᠤᠨᠢ ᠶᠠᠪᠤᠭᠰᠠᠭ᠋ᠠᠷ ᠢᠷᠡᠭᠰᠡᠨ ᠶᠤᠮ᠃
[ᠬᠦᠳᠥᠯᠥᠭᠴᠢ]ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠤᠨ ᠵᠣᠷᠢᠭ ᠰᠠᠨᠠᠭ᠎ᠠ ᠵᠢ ᠥᠨᠳᠥᠰᠥᠯᠡᠪᠡᠯ᠂ ᠵᠠᠰᠠᠭ᠎ᠤᠨ ᠣᠷᠳᠣᠨ᠎ᠤ ᠬᠠᠥᠯᠢ ᠳᠥᠷᠢᠮ᠎ᠤᠨ ᠪᠠᠢ᠌ᠭᠣᠯᠣᠮᠵᠢ ᠵᠢᠨ ᠬᠣᠢ᠌ᠰᠢᠳᠠ ᠵᠢᠨ ᠬᠠᠥᠯᠢ ᠶᠣᠰᠣᠭ᠋ᠠᠷ ᠵᠠᠰᠠᠭ ᠶᠠᠪᠣᠭᠣᠯᠬᠣ ᠠᠵᠢᠯ᠎ᠤᠨ ᠳᠣᠮᠳᠠᠬᠢ ᠡᠬᠦᠷᠬᠡ ᠣᠯᠠᠮ᠎ᠠᠴᠠ ᠣᠯᠠᠮ ᠬᠦᠨᠳᠥᠷᠡᠬᠦ ᠪᠣᠯᠣᠨ᠎ᠠ᠂ ᠵᠠᠩ ᠡᠷᠬᠢᠯᠡᠭᠴᠢ ᠲᠠ᠂ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠤᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ ᠳᠠᠷᠠᠭ᠎ᠠ ᠠᠯᠬᠣᠮ᠎ᠤᠨ ᠬᠠᠥᠯᠢ ᠳᠣᠭᠳᠠᠭ᠋ᠠᠬᠣ ᠠᠵᠢᠯ᠎ᠤᠨ ᠳᠣᠮᠳᠠ ᠶᠠᠮᠠᠷ ᠶᠠᠮᠠᠷ ᠠᠷᠭ᠎ᠠ ᠪᠠᠷᠢᠯ ᠠᠪᠴᠥ ᠳᠣᠣᠱᠯᠠᠭᠣᠯᠣᠨ ᠨᠠᠢ᠌ᠳᠠᠪᠣᠷᠢᠵᠢᠭᠣᠯᠬᠣ ᠳᠣᠬᠠᠢ ᠲᠠᠨᠢᠯᠴᠠᠭᠣᠯᠣᠭ᠋ᠠᠳ ᠦᠭᠭᠥᠨ᠎ᠡ ᠤᠤ?
[ᠵᠠᠩ ᠰᠢᠶᠣᠣ ᠫᠢᠩ]ᠬᠣᠢ᠌ᠰᠢᠳᠠ ᠵᠢᠨ ᠬᠠᠥᠯᠢ ᠶᠣᠰᠣᠭ᠋ᠠᠷ ᠵᠠᠰᠠᠭ ᠶᠠᠪᠣᠭᠣᠯᠬᠣ ᠠᠵᠢᠯ᠎ᠤᠨ ᠳᠣᠮᠳᠠ᠂ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠤᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠤᠨ ᠡᠭᠥᠷᠭᠡᠯᠡᠬᠦ ᠠᠵᠢᠯ᠎ᠤᠨ ᠡᠬᠦᠷᠬᠡ ᠥᠨᠡᠨᠬᠦ ᠣᠯᠠᠮ᠎ᠠᠴᠠ ᠣᠯᠠᠮ ᠬᠦᠨᠳᠥᠷᠡᠭᠥ ᠪᠣᠯᠣᠨ᠎ᠠ᠂ ᠳᠥᠪ ᠬᠣᠷᠢᠶ᠎ᠠ ᠵᠢᠨ ᠳᠥᠷᠪᠡᠳᠥᠬᠡᠷ ᠪᠦᠬᠦᠳᠡ ᠬᠣᠷᠠᠯ᠎ᠠᠴᠠ ᠬᠠᠥᠯᠢ ᠳᠣᠭᠳᠠᠭ᠋ᠠᠬᠣ᠂ ᠳᠠᠬᠢᠨ ᠵᠥᠪᠯᠡᠬᠦ᠂ ᠬᠢᠨᠠᠯᠳᠠ ᠳᠠᠯᠪᠢᠬᠣ᠂ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ᠎ᠢ ᠳᠠᠩᠳᠠᠯᠠᠵᠦ ᠬᠢᠠᠨ᠋ᠨ ᠪᠠᠢ᠌ᠴᠠᠭ᠋ᠠᠬᠣ᠂ ᠬᠠᠥᠯᠢ ᠴᠠᠭ᠋ᠠᠴᠠ ᠵᠢᠨ ᠵᠦᠪᠯᠡᠭᠴᠢ ᠪᠣᠯᠬᠣ ᠵᠡᠷᠬᠡ ᠠᠵᠢᠯ  ᠎ᠳᠤ ᠴᠦᠮ ᠨᠡᠩ ᠥᠨᠳᠥᠷ ᠰᠢᠨ᠎ᠡ ᠱᠠᠭ᠋ᠠᠷᠳᠠᠯᠭ᠎ᠠ ᠳᠣᠷᠠᠳᠪᠠ᠃


      ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠨᠢ ᠮᠠᠨ᠎ᠤ ᠣᠷᠣᠨ᠎ᠤ ᠬᠠᠥᠯᠢ ᠳᠣᠭᠳᠠᠭ᠋ᠠᠬᠣ ᠠᠵᠢᠯ᠎ᠤᠨ ᠪᠤᠳᠠᠲᠦ ᠪᠠᠢ᠌ᠳᠠᠯ᠎ᠲᠠᠢ ᠣᠶᠠᠯᠳᠣᠭᠣᠯᠣᠨ᠂ ᠬᠠᠥᠯᠢ ᠳᠣᠭᠳᠠᠭ᠋ᠠᠬᠣ ᠠᠷᠭ᠎ᠠ ᠮᠠᠶᠢᠭ ᠪᠠ ᠠᠷᠭ᠎ᠠ᠎ᠪᠠᠨ ᠬᠠᠯᠠᠨ ᠰᠠᠢ᠌ᠵᠢᠷᠠᠭᠣᠯᠵᠣ᠂ ᠵᠠᠰᠠᠭ᠎ᠤᠨ ᠣᠷᠳᠣᠨ᠎ᠤ ᠬᠠᠥᠯᠢ ᠳᠣᠭᠳᠠᠭ᠋ᠠᠬᠣ ᠳᠡᠰ ᠳᠡᠷᠠᠭ᠋ᠠᠯᠠᠯ᠎ᠢ ᠳᠡᠭᠥᠯᠳᠡᠵᠢᠭᠥᠯᠥᠨ᠂ ᠬᠠᠥᠯᠢ ᠳᠣᠭᠳᠠᠭ᠋ᠠᠬᠣ᠎ᠳᠤ ᠨᠡᠢ᠌ᠲᠡ ᠣᠯᠠᠨ ᠵᠶ᠋ᠠᠷ ᠵᠶ᠋ᠠᠨ ᠣᠷᠣᠯᠴᠠᠬᠣ ᠳᠣᠭᠳᠠᠴᠠ᠂ ᠬᠠᠥᠯᠢ ᠳᠣᠭᠳᠠᠭ᠋ᠠᠬᠣ ᠳᠥᠷᠥᠯ ᠵᠦᠢ᠍ᠯ᠎ᠢ ᠴᠤᠭᠯᠠᠭᠤᠯᠬᠤ   ᠪᠠ ᠨᠣᠳ᠋ᠯᠠᠬᠣ   ᠳᠥᠷᠢᠮ᠂ ᠥᠨᠳᠥᠰᠥᠨ ᠱᠠᠳᠣᠨ᠎ᠤ ᠬᠠᠥᠯᠢ ᠳᠣᠭᠳᠠᠭ᠋ᠠᠬᠣ ᠬᠠᠷᠢᠯᠴᠠᠬᠣ ᠴᠢᠭ᠋᠎ᠤᠨ ᠳᠥᠷᠢᠮ᠎ᠢ ᠪᠥᠷᠢᠨᠰᠢᠭᠥᠯᠥᠨ᠎ᠡ᠃ ᠪᠦᠬᠦ ᠣᠷᠣᠨ᠎ᠤ ᠠᠵᠣ ᠠᠬᠣᠢ ᠨᠡᠢ᠌ᠬᠡᠮ᠎ᠤᠨ ᠬᠦᠭᠵᠢᠭᠥᠯᠥᠯᠲᠡ ᠵᠢᠨ ᠳᠥᠯᠥᠪᠵᠢᠭᠥᠯᠬᠡ᠎ᠲᠠᠢ ᠣᠶᠠᠯᠳᠣᠭᠣᠯᠣᠨ᠂ ᠠᠷᠠᠳ᠎ᠤᠨ ᠠᠮᠢᠳᠣᠷᠠᠯ᠎ᠢ ᠪᠠᠳᠣᠯᠠᠬᠣ ᠪᠠ ᠰᠠᠢ᠌ᠵᠢᠷᠠᠭᠣᠯᠬᠣ᠂ ᠨᠡᠢ᠌ᠬᠡᠮ᠎ᠤᠨ ᠬᠠᠮᠢᠶᠠᠷᠣᠯᠳᠠ ᠵᠢᠨ ᠰᠢᠨ᠎ᠡ ᠵᠢ ᠡᠭᠥᠳᠬᠦ᠂ ᠣᠷᠴᠢᠨ ᠳᠣᠭᠣᠷᠢᠨ ᠡᠬᠢ ᠪᠠᠶᠠᠯᠢᠭ  ᠎ᠢ ᠬᠠᠮᠠᠭ᠋ᠠᠯᠠᠬᠣ ᠵᠡᠷᠬᠡ ᠭᠣᠣᠯᠳᠠᠯᠭ᠎ᠠ ᠪᠣᠯᠬᠤ ᠬᠦᠷᠢᠶ᠎ᠡ ᠬᠡᠪᠴᠢᠶᠡᠨ᠎ᠳᠤ ᠵᠠᠰᠠᠭ᠎ᠤᠨ ᠣᠷᠳᠣᠨ᠎ᠤ ᠬᠠᠥᠯᠢ ᠳᠣᠭᠳᠠᠭ᠋ᠠᠬᠣ ᠵᠢ ᠬᠦᠴᠥᠯᠡᠨ ᠴᠢᠩᠭ᠋ᠠᠳᠬᠠᠵᠣ᠂ ᠬᠠᠥᠯᠢ ᠳᠣᠭᠳᠠᠭ᠋ᠠᠬᠣ ᠳᠣᠰᠬᠠᠢ ᠮᠡᠷᠬᠡᠵᠢᠯᠳᠡᠨ᠎ᠤ ᠯᠠᠪᠯᠠᠯᠭ᠎ᠠ ᠵᠢᠨ ᠳᠥᠷᠢᠮ᠎ᠢ ᠳᠡᠭᠥᠯᠳᠡᠷᠵᠢᠭᠥᠯᠣᠨ᠂ ᠢᠯᠠᠩᠭᠤᠶ᠎ᠠ ᠶᠡᠷᠥᠩᠬᠡᠢ᠌ᠯᠡᠭᠰᠡᠨ ᠴᠢᠨᠠᠷ ᠵᠶ᠋ᠠᠷ ᠴᠢᠩᠭ᠎ᠠ᠂ ᠨᠡᠢ᠌ᠬᠡᠮ᠎ᠳᠤ ᠨᠥᠯᠥᠬᠡ ᠶᠡᠬᠡᠳᠠᠢ ᠬᠠᠥᠯᠢ ᠳᠣᠭᠳᠠᠭ᠋ᠠᠬᠣ ᠳᠥᠷᠥᠯ ᠵᠦᠢ᠍ᠯ᠎ᠳᠤ ᠬᠠᠥᠯᠢ ᠳᠣᠭᠳᠠᠭ᠋ᠠᠬᠣ ᠠᠵᠢᠯᠳᠠᠨ᠂ ᠪᠣᠳᠠᠳᠠᠢ ᠠᠵᠢᠯᠳᠠᠨ ᠪᠠ ᠳᠣᠰᠬᠠᠢ ᠮᠡᠷᠬᠡᠵᠢᠯᠳᠡᠨ ᠡᠷᠳᠡᠮᠲᠡᠳ᠎ᠢ ᠣᠶᠠᠯᠳᠣᠭᠣᠯᠣᠭᠰᠠ ᠲᠤᠭᠤᠷᠪᠢᠬᠤ   ᠵᠠᠭᠪᠤᠷ᠎ᠢ ᠬᠡᠷᠡᠭᠵᠢᠭᠥᠯᠥᠨ᠎ᠡ᠃ ᠨᠢᠳᠣᠨᠣᠨ᠎ᠠᠴᠠ ᠡᠬᠢᠯᠡᠨ᠂ ᠥᠪᠡᠷᠳᠡᠬᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ᠎ᠨᠢ ᠬᠠᠥᠯᠢ ᠳᠣᠭᠳᠠᠭ᠋ᠠᠬᠣ ᠳᠥᠷᠥᠯ ᠵᠦᠢ᠍ᠯ᠎ᠢ ᠨᠡᠢ᠌ᠬᠡᠮ᠎ᠠᠴᠠ ᠢᠯᠡ᠎ᠪᠠᠷ ᠴᠣᠭᠯᠠᠭᠣᠯᠬᠣ ᠠᠵᠢᠯ᠎ᠤᠨ ᠳᠣᠭᠳᠠᠴᠠ ᠵᠢ ᠪᠠᠢ᠌ᠭᠣᠯᠵᠣ᠂ ᠠᠷᠠᠳ᠎ᠤᠨ ᠲᠦᠯᠥᠭᠡᠯᠡᠭᠴᠢᠳ᠎ᠤᠨ ᠶᠡᠬᠡ ᠬᠣᠷᠠᠯ᠎ᠤᠨ ᠳᠥᠯᠥᠬᠡᠯᠡᠭᠴᠢ᠂ ᠣᠯᠣᠰ ᠳᠥᠷᠥ ᠵᠢᠨ ᠵᠥᠪᠯᠡᠯᠬᠡᠨ᠎ᠤ   ᠭᠡᠰᠢᠭᠥᠳ ᠬᠢᠬᠡᠳ ᠨᠡᠢ᠌ᠬᠡᠮ ᠨᠡᠢ᠌ᠳᠡ᠎ᠪᠠᠷ ᠵᠶ᠋ᠠᠨ ᠣᠷᠣᠯᠴᠠᠵᠣ᠂ ᠰᠠᠨᠠᠯ ᠪᠣᠳᠤᠯᠭ᠎ᠠ᠎ᠪᠠᠨ ᠳᠡᠪᠰᠢᠭᠥᠯᠥᠭᠡᠳ ᠨᠡᠢ᠌ᠬᠡᠮ᠎ᠤᠨ ᠨᠠᠰᠢ ᠰᠠᠢ᠌ᠨ ᠥᠷ᠎ᠡ ᠪᠥᠳᠥᠮᠵᠢ ᠣᠯᠪᠠ᠃ ᠡᠨᠡ ᠵᠢᠯ ᠪᠠᠰᠠ ᠥᠪᠡᠷᠳᠡᠭᠡᠨ ᠵᠠᠰᠠᠬᠣ ᠣᠷᠣᠨ᠎ᠤ ᠣᠯᠣᠰ ᠳᠥᠷᠥ ᠵᠢᠨ ᠵᠥᠪᠯᠡᠯᠬᠡᠨ᠎ᠯᠦᠭᠡ ᠬᠠᠥᠯᠢ ᠳᠣᠭᠳᠠᠭ᠋ᠠᠬᠣ ᠵᠢ ᠵᠥᠪᠳᠡᠬᠦ ᠠᠵᠢᠯ᠎ᠤᠨ ᠳᠣᠭᠳᠠᠴᠠ ᠪᠠᠢ᠌ᠭᠣᠯᠤᠭᠰᠠᠨ᠎ᠤ ᠬᠠᠮᠳᠣ ᠬᠠᠮᠢᠶ᠎ᠠ ᠪᠦᠬᠦᠢ ᠠᠵᠢᠯ ᠥᠷᠨᠢᠭᠥᠯᠪᠡ᠃


[ᠬᠦᠳᠥᠯᠥᠭᠴᠢ]ᠶᠡᠷᠥ ᠵᠢᠨ ᠥᠬᠡᠨ᠎ᠳᠤ 《ᠬᠠᠥᠯᠢ ᠴᠠᠭ᠋ᠠᠵᠠ ᠵᠢᠨ ᠠᠮᠢᠵᠢᠷᠠᠯ᠎ᠤᠨ ᠬᠦᠴᠥᠨ᠎ᠤ ᠴᠢᠬᠤᠯᠠ᠎ᠨᠢ ᠬᠡᠷᠡᠭᠵᠢᠭᠥᠯᠭᠥ᠎ᠳᠤ ᠪᠣᠢ᠂ ᠬᠠᠥᠯᠢ ᠴᠠᠭ᠋ᠠᠵᠠ ᠵᠢᠨ ᠡᠷᠬᠡ ᠰᠥᠷ᠎ᠤᠨ ᠴᠢᠬᠤᠯᠠ᠎ᠨᠢ ᠴᠦ᠍ ᠬᠡᠷᠡᠭᠵᠢᠭᠥᠯᠭᠥ᠎ᠳᠤ ᠪᠣᠢ》 ᠬᠡᠵᠥ   ᠬᠡᠯᠡᠳᠡᠭ  ᠃ ᠥᠪᠡᠷᠳᠡᠭᠡᠨ ᠵᠠᠰᠠᠬᠣ ᠣᠷᠣᠨ᠎ᠤ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ ᠡᠨᠡ ᠳᠠᠯ᠎ᠠ᠎ᠪᠠᠷ ᠪᠠᠰᠠ ᠶᠠᠮᠠᠷ ᠶᠠᠮᠠᠷ ᠳᠥᠯᠥᠪᠡᠯᠡᠬᠡ᠎ᠲᠠᠢ ᠪᠠᠢ᠌ᠭ᠎ᠠ ᠪᠣᠢ?
[  ᠵᠠᠩ ᠰᠢᠶᠣᠣ ᠫᠢᠩ]《ᠡᠷᠬᠡ ᠵᠢ ᠳᠥᠷᠢᠮ᠎ᠤᠨ ᠰᠢᠩᠬᠡᠯᠢᠭ᠎ᠲᠤ ᠬᠣᠷᠢᠭᠰᠠᠨ》᠎ᠤ ᠳᠠᠷᠠᠭ᠎ᠠ ᠪᠠᠰᠠ᠂ ᠴᠠᠭ ᠢᠮᠠᠭᠳᠠ ᠬᠢᠨᠠᠯᠳᠠ ᠳᠠᠯᠪᠢᠵᠣ᠂ ᠰᠢᠩᠬᠡᠯᠢᠭ᠎ᠠᠴᠠ ᠭᠠᠷᠴᠥ ᠢᠷᠡᠭᠥ᠎ᠠᠴᠠ ᠰᠡᠷᠬᠡᠢ᠌ᠯᠡᠭᠥ ᠬᠡᠷᠡᠭᠳᠠᠢ᠃ ᠬᠠᠥᠯᠢ ᠳᠥᠷᠢᠮ᠎ᠤᠨ ᠠᠵᠢᠯ᠎ᠤᠨ ᠠᠯᠪᠠᠨ ᠬᠡᠷ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ᠎ᠢ ᠳᠠᠩᠰᠠᠯᠠᠵᠦ ᠬᠢᠨᠠᠨ ᠪᠠᠢ᠌ᠴᠠᠭ᠋ᠠᠬᠣ ᠠᠵᠢᠯ᠎ᠤᠨ ᠲᠠᠯ᠎ᠠ᠎ᠪᠠᠷ᠂ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ  ᠎ᠤᠨ ᠭᠣᠣᠯ ᠴᠣᠭᠴᠠ ᠵᠢᠨ ᠬᠢᠷᠢ ᠬᠡᠮ᠎ᠢ ᠲᠣᠭᠲᠠᠭ᠋ᠠᠬᠤ ᠳᠥᠷᠢᠮ ᠪᠠᠢ᠌ᠭᠣᠯᠵᠣ᠂ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ᠎ᠤᠨ 《ᠭᠤᠷᠪᠠ ᠵᠢ ᠨᠢᠬᠡᠳᠥᠯᠳᠠᠢ》 ᠪᠠᠢ᠌ᠯᠭ᠋ᠠᠬᠤ ᠳᠥᠷᠢᠮ᠂ ᠳᠣᠰᠬᠠᠢ ᠮᠡᠷᠬᠡᠵᠢᠯᠳᠡᠨ ᠵᠶ᠋ᠠᠷ ᠬᠠᠪᠰᠤᠷᠤᠭᠤᠯᠤᠨ ᠬᠢᠨᠠᠨ ᠪᠠᠢ᠌ᠴᠠᠭ᠋ᠠᠬᠣ ᠳᠥᠷᠢᠮ᠎ᠢ   ᠬᠡᠷᠡᠭᠵᠢᠭᠥᠯᠭᠥ ᠵᠢᠨ ᠬᠠᠮᠳᠣ᠂ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ᠎ᠤᠨ ᠬᠠᠮᠢᠶ᠎ᠠ ᠪᠦᠬᠦᠢ ᠳᠥᠷᠢᠮ᠎ᠤᠨ ᠪᠠᠢ᠌ᠭᠣᠯᠣᠯᠳᠠ ᠵᠢ ᠣᠯᠠᠮ ᠨᠢᠬᠡ ᠠᠯᠬᠣᠮ ᠴᠢᠩᠭ᠋ᠠᠳᠬᠠᠨ᠂ ᠦᠨᠳᠥᠰᠥᠨ ᠱᠠᠲᠤᠨ᠎ᠤ ᠵᠢᠷᠤᠮᠵᠢᠯ᠎ᠤᠨ ᠴᠢᠨᠠᠷᠲᠠᠢ ᠪᠢᠴᠢᠭ ᠮᠠᠲᠸᠷᠢᠶᠠᠯ᠎ᠤᠨ ᠬᠡᠷᠡᠭᠵᠢᠭᠥᠯᠬᠦ ᠡᠷᠴᠢᠮ᠎ᠢ ᠴᠢᠩᠭ᠋ᠠᠳᠬᠠᠨ᠎ᠠ᠃ ᠵᠠᠰᠠᠭ᠎ᠤᠨ ᠣᠷᠳᠤᠨ᠎ᠤ ᠬᠠᠤᠯᠢ ᠳᠦᠷᠢᠮ᠎ᠤᠨ ᠪᠠᠢ᠌ᠭᠤᠯᠤᠮᠵᠢ ᠵᠢᠨ ᠠᠵᠢᠯᠲᠠᠨ ᠵᠶ᠋ᠠᠷ ᠭᠣᠣᠯ ᠴᠣᠭᠴᠠ ᠪᠣᠯᠭ᠋ᠠᠭᠰᠠᠨ ᠵᠠᠰᠠᠭ᠎ᠤᠨ ᠣᠷᠳᠤᠨ᠎ᠤ ᠬᠠᠤᠯᠢ ᠴᠠᠭ᠋ᠠᠵᠠ ᠵᠢᠨ ᠵᠦᠪᠯᠡᠭᠴᠢ ᠵᠢᠨ ᠳᠦᠷᠢᠮ᠎ᠢ ᠪᠠᠢ᠌ᠭᠤᠯᠤᠨ ᠲᠡᠭᠥᠯᠳᠡᠷᠵᠢᠭᠥᠯᠵᠦ᠂ ᠵᠠᠰᠠᠭ᠎ᠤᠨ ᠣᠷᠳᠣᠨ᠎ᠤ ᠰᠢᠢ᠍ᠳᠪᠣᠷᠢ ᠳᠣᠭᠳᠠᠭ᠋ᠠᠬᠣ᠎ᠳᠤ ᠴᠢᠨᠠᠷ ᠰᠠᠢ᠌ᠲᠠᠢ ᠥᠨᠳᠥᠷ ᠥᠷ᠎ᠡ ᠪᠥᠳᠥᠮᠵᠢᠲᠠᠢ ᠦᠢ᠍ᠯᠡᠴᠢᠯᠡᠬᠡ ᠬᠠᠩᠭ᠋ᠠᠨ᠎ᠠ᠃


      ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ ᠦᠢ᠍ᠯᠡ ᠠᠵᠢᠯᠯᠠᠭ᠎ᠠ ᠵᠢ ᠴᠢᠩᠭ᠎ᠠ ᠵᠢᠷᠤᠮᠵᠢᠭᠤᠯᠤᠨ᠂ ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ ᠪᠠᠢ᠌ᠭᠣᠯᠣᠯ᠎ᠤᠨ ᠥᠭᠡᠷᠡᠴᠢᠯᠡᠯᠳᠡ ᠵᠢ ᠬᠦᠨᠵᠡᠬᠡᠢ ᠲᠦᠯᠬᠢᠨ ᠠᠬᠢᠭᠣᠯᠬᠣ ᠳᠠᠯ᠎ᠠ᠎ᠪᠠᠷ ᠬᠠᠤᠯᠢ᠎ᠠᠴᠠ ᠵᠦᠷᠢᠴᠡᠭᠰᠡᠨ ᠪᠤᠶᠤ ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ᠎ᠨᠢ ᠵᠣᠬᠢᠰ ᠦᠭᠡᠢ ᠪᠣᠯᠤᠭᠰᠠᠨ ᠦᠢ᠍ᠯᠡ ᠠᠵᠢᠯᠯᠠᠭ᠎ᠠ᠎ᠠᠴᠠ ᠬᠠᠷᠢᠭᠣᠴᠠᠯᠭ᠎ᠠ ᠨᠡᠬᠡᠮᠵᠢᠯᠡᠭᠥ ᠡᠷᠴᠢᠮ᠎ᠢ ᠨᠡᠮᠡᠭᠳᠡᠭᠥᠯᠥᠨ᠎ᠡ; ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ᠎ᠳᠤ ᠬᠢᠨᠠᠯᠳᠠ ᠳᠠᠯᠪᠢᠬᠣ ᠵᠢ ᠴᠢᠩᠭ᠋ᠠᠷᠠᠭᠤᠯᠤᠨ᠂ ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ   ᠳᠡᠰ ᠳᠠᠷᠠᠭ᠋ᠠᠯᠠᠯ᠎ᠢ ᠵᠢᠷᠤᠮᠵᠢᠭᠤᠯᠵᠦ᠂ ᠵᠠᠰᠠᠭ ᠵᠠᠬᠢᠷᠭ᠋ᠠᠨ᠎ᠤ ᠳᠠᠰᠣᠯᠬᠣ ᠡᠷᠬᠡ ᠵᠢᠨ ᠰᠠᠭᠣᠷᠢ ᠪᠠᠷᠢᠮᠵᠢᠶ᠎ᠠ ᠵᠢᠨ ᠳᠥᠷᠢᠮ᠎ᠢ ᠪᠠᠢ᠌ᠭᠣᠯᠣᠨ ᠪᠥᠷᠢᠨᠰᠢᠭᠥᠯᠵᠥ᠂ ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠭᠥ ᠬᠢᠷᠢ ᠬᠡᠮ᠎ᠤᠨ ᠬᠠᠮᠢᠶᠠᠷᠣᠯᠳᠠ ᠵᠢ ᠴᠢᠩᠳᠠᠯᠠᠨ᠂ ᠵᠠᠰᠠᠭ ᠵᠠᠬᠢᠷᠭ᠋ᠠᠨ᠎ᠤ ᠬᠠᠥᠯᠢ ᠬᠡᠷᠡᠭᠵᠢᠭᠥᠯᠥᠭᠰᠡᠨ᠎ᠢ ᠨᠡᠢ᠌ᠲᠡ᠎ᠳᠤ ᠵᠠᠷᠯᠠᠬᠤ ᠳᠥᠷᠢᠮ᠎ᠢ ᠳᠥᠯᠬᠢᠨ ᠠᠬᠢᠭᠣᠯᠣᠨ᠎ᠠ᠃ ᠵᠠᠰᠠᠭ ᠵᠠᠬᠢᠷᠭ᠋ᠠᠨ᠎ᠤ ᠬᠢᠨᠠᠨ ᠵᠥᠪᠰᠢᠶᠡᠷᠡᠭᠥ ᠳᠥᠷᠢᠮ᠎ᠤᠨ ᠥᠭᠡᠷᠡᠴᠢᠯᠡᠯᠳᠡ ᠵᠢ ᠬᠦᠨᠵᠡᠬᠡᠢ ᠳᠥᠯᠬᠢᠨ ᠠᠬᠢᠭᠣᠯᠵᠣ᠂ ᠵᠠᠰᠠᠭ᠎ᠢ ᠴᠣᠮᠬᠠᠳᠬᠠᠨ ᠡᠷᠬᠡ ᠵᠢ ᠳᠠᠯᠪᠢᠵᠦ᠂ ᠵᠠᠬ᠎ᠠ ᠳᠡᠯᠬᠡᠬᠦᠷ᠎ᠲᠤ ᠠᠰᠢᠭ ᠬᠦᠷᠳᠡᠬᠡᠨ᠂ ᠵᠠᠰᠠᠭ᠎ᠤᠨ ᠣᠷᠳᠣᠨ᠎ᠤ ᠡᠷᠬᠡ ᠵᠢᠨ ᠨᠠᠷᠢᠨ ᠳᠠᠩᠰᠠ᠂ ᠬᠠᠷᠢᠭᠣᠴᠠᠯᠭ᠎ᠠ ᠵᠢᠨ ᠨᠠᠷᠢᠨ ᠳᠠᠩᠰᠠ᠂ ᠨᠠᠵᠠᠭ᠋ᠠᠢ ᠳᠠᠯ᠎ᠠ ᠵᠢᠨ ᠨᠠᠷᠢᠨ ᠳᠠᠩᠰᠠ ᠵᠢ ᠭᠣᠣᠯᠴᠢᠯᠠᠨ ᠪᠠᠢ᠌ᠭᠣᠯᠣᠨ᠎ᠠ᠃ ᠣᠳᠣᠬᠠᠨ᠎ᠳᠤ᠂ ᠪᠢᠳᠡ ᠶᠠᠭ ᠵᠠᠰᠠᠭ᠎ᠤᠨ ᠣᠷᠳᠣᠨ᠎ᠤ ᠡᠯ᠎ᠡ ᠰᠠᠯᠠᠭ᠎ᠠ ᠮᠥᠴᠢᠷ᠎ᠤᠨ ᠡᠷᠬᠡ ᠵᠢᠨ ᠳᠠᠷᠠᠭ᠋ᠠᠯᠠᠯ᠎ᠢ ᠳᠠᠬᠢᠵᠣ ᠵᠣᠬᠢᠶᠠᠬᠣ ᠪᠠ ᠵᠠᠰᠠᠭ ᠵᠠᠬᠢᠷᠭ᠋ᠠᠨ᠎ᠤ ᠡᠷᠬᠡ ᠵᠢ ᠴᠡᠭᠴᠡᠯᠡᠵᠦ ᠪᠠᠢ᠌ᠭ᠎ᠠ ᠪᠦᠭᠡᠳ ᠢᠷᠡᠬᠦ ᠵᠢᠯ᠎ᠤᠨ ᠳᠡᠭᠡᠷ᠎ᠡ ᠬᠠᠭ᠋ᠠᠰ ᠵᠢᠯ᠎ᠳᠤ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠡᠯ᠎ᠡ ᠰᠠᠯᠠᠭ᠎ᠠ ᠮᠥᠴᠢᠷ᠎ᠤᠨ ᠡᠷᠬᠡ ᠵᠢᠨ ᠨᠠᠷᠢᠨ ᠳᠠᠩᠰᠠ ᠵᠢᠨ ᠡᠬᠦᠷᠭᠡ ᠵᠢ   ᠪᠡᠶᠡᠯᠡᠭᠥᠯᠭᠥ᠎ᠪᠠᠷ ᠪᠠᠢ᠌ᠭ᠎ᠠ ᠲᠤᠯᠠ ᠵᠠᠰᠠᠭ᠎ᠤᠨ ᠣᠷᠳᠣᠨ᠎ᠤ ᠡᠯ᠎ᠡ ᠰᠠᠯᠠᠭ᠎ᠠ ᠮᠥᠴᠢᠷ ᠡᠷᠬᠡᠪᠰᠢ ᠨᠡᠢ᠌ᠳᠡᠯᠡᠭᠰᠡᠨ ᠡᠷᠬᠡ ᠵᠢᠨ ᠨᠠᠷᠢᠨ   ᠳᠠᠩᠰᠠ ᠵᠢᠨ   ᠬᠡᠪᠴᠢᠶᠡᠨ᠎ᠳᠤ ᠵᠠᠰᠠᠭ ᠵᠠᠬᠢᠷᠭ᠋ᠠᠨ᠎ᠤ ᠡᠷᠬᠡ᠎ᠪᠠᠨ ᠬᠡᠷᠡᠭᠵᠢᠭᠥᠯᠵᠣ᠂ 《ᠬᠠᠥᠯᠢ ᠴᠠᠭ᠋ᠠᠵᠠ᠎ᠠᠴᠠ ᠡᠷᠬᠡ ᠣᠯᠭᠣᠭᠰᠠᠨ ᠥᠬᠡᠢ ᠪᠣᠯ ᠬᠢᠬᠦ ᠥᠬᠡᠢ》 ᠪᠠᠢ᠌ᠬᠣ ᠬᠡᠷᠡᠭᠳᠠᠢ᠃


[ᠵᠠᠩ ᠰᠢᠶᠣᠣ ᠫᠢᠩ]ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠠᠵᠢᠯ᠎ᠢ ᠵᠢᠷᠤᠮᠵᠢᠭᠤᠯᠬᠤ ᠪᠠᠢ᠌ᠭᠣᠯᠣᠯᠳᠠ ᠵᠢ ᠴᠢᠩᠭ᠋ᠠᠳᠬᠠᠨ᠂ ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠡᠷᠬᠡ ᠵᠢ ᠮᠡᠳᠡᠭᠳᠡᠭᠥ ᠳᠥᠷᠢᠮ᠎ᠢ ᠬᠢᠨᠠᠮᠠᠭ᠋ᠠᠢ ᠨᠠᠢ᠌ᠳᠠᠪᠣᠷᠢᠵᠢᠭᠣᠯᠵᠦ᠂ ᠵᠠᠰᠠᠭ ᠵᠠᠬᠢᠷᠭ᠋ᠠᠨ ᠵᠶ᠋ᠠᠷ ᠳᠠᠬᠢᠨ ᠵᠦᠪᠯᠡᠭᠥᠯᠬᠦ ᠵᠢ ᠬᠦᠯᠢᠶᠡᠨ ᠠᠪᠬᠣ ᠠᠵᠢᠯ᠎ᠢ ᠵᠢᠷᠤᠮᠵᠢᠭᠤᠯᠤᠨ᠂ ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠠᠷᠭ᠎ᠠ ᠵᠠᠮ᠎ᠢ ᠢᠳᠡᠪᠬᠢᠳᠠᠢ᠎ᠪᠠᠷ ᠰᠠᠭ᠋ᠠᠳ ᠦᠭᠡᠢ ᠨᠡᠪᠳᠡᠷᠡᠭᠥᠯᠵᠦ᠂ ᠵᠠᠰᠠᠭ ᠵᠠᠬᠢᠷᠭ᠋ᠠᠨ᠎ᠤ ᠳᠠᠬᠢᠨ ᠵᠥᠪᠯᠡᠬᠦ ᠳᠥᠷᠢᠮ᠎ᠤᠨ ᠪᠠᠢ᠌ᠭᠣᠯᠣᠯᠳᠠ᠂ ᠡᠩᠨᠡᠭᠡᠨ᠎ᠤ ᠪᠠᠢ᠌ᠭᠣᠯᠣᠯᠳᠠ ᠪᠣᠯᠣᠨ ᠬᠡᠷᠡᠭ ᠰᠢᠳᠭᠡᠬᠦ ᠪᠠᠳᠣᠯᠠᠭ᠎ᠠ ᠵᠢ ᠴᠢᠩᠭ᠋ᠠᠷᠠᠭᠤᠯᠤᠨ᠂ ᠵᠠᠰᠠᠭ ᠵᠠᠬᠢᠷᠭ᠋ᠠᠨ᠎ᠤ ᠳᠠᠬᠢᠨ   ᠵᠥᠪᠯᠡᠬᠦ   ᠠᠵᠢᠯᠲᠠᠳ᠎ᠤᠨ ᠬᠢᠷᠢ ᠬᠡᠮ᠎ᠤᠨ ᠬᠠᠮᠢᠶᠠᠷᠣᠯᠳᠠ ᠵᠢ ᠨᠠᠢ᠌ᠳᠠᠪᠣᠷᠢᠵᠢᠭᠣᠯᠵᠦ᠂ ᠵᠠᠰᠠᠭ ᠵᠠᠬᠢᠷᠭ᠋ᠠᠨ᠎ᠤ ᠳᠠᠬᠢᠨ   ᠵᠥᠪᠯᠡᠬᠦ ᠺᠣᠮᠢᠰ᠎ᠤᠨ ᠳᠥᠷᠢᠮ᠎ᠢ ᠶᠠᠪᠣᠭᠣᠯᠵᠣ᠂ ᠥᠪᠡᠷᠳᠡᠭᠡᠨ ᠵᠠᠰᠠᠬᠣ ᠣᠷᠣᠨ᠎ᠤ ᠠᠷᠠᠳ᠎ᠤᠨ ᠦᠨᠳᠥᠷ ᠵᠡᠷᠬᠡ ᠵᠢᠨ ᠰᠢᠭᠥᠭᠥ ᠬᠣᠷᠢᠶ᠎ᠠ᠎ᠯᠤᠭ᠎ᠠ ᠪᠠᠢ᠌ᠭᠤᠯᠤᠭᠰᠠᠨ ᠣᠷᠭ᠋ᠠᠨᠢᠭ ᠵᠣᠯᠭ᠋ᠠᠯᠳᠤᠭ᠎ᠠ᠂ ᠬᠠᠷᠢᠯᠴᠠᠨ ᠵᠣᠬᠢᠴᠠᠯᠳᠤᠭᠰᠠᠨ ᠬᠠᠮᠲᠤᠷᠠᠭᠰᠠᠨ ᠬᠤᠷᠠᠯ᠎ᠤᠨ ᠳᠦᠷᠢᠮ᠎ᠢ ᠰᠠᠢ᠌ᠳᠣᠷ ᠬᠡᠷᠡᠭᠯᠡᠨ᠂ ᠨᠡᠢ᠌ᠬᠡᠮ᠎ᠤᠨ ᠵᠥᠷᠢᠴᠡᠯ ᠵᠢᠭᠤᠷᠠᠯᠳᠤᠭ᠋ᠠᠨ᠎ᠢ ᠪᠥᠳᠥᠮᠵᠢᠳᠠᠢ ᠰᠡᠷᠬᠡᠢ᠌ᠯᠡᠨ ᠠᠷᠢᠯᠭ᠋ᠠᠵᠦ᠂ ᠣᠯᠠᠨ ᠲᠦᠮᠡᠨ᠎ᠤ ᠬᠠᠥᠯᠢ ᠶᠣᠰᠣᠨ᠎ᠤ ᠡᠷᠬᠡ ᠠᠰᠢᠭ᠎ᠢ ᠬᠠᠮᠣᠭ ᠶᠡᠬᠡ ᠬᠡᠮᠵᠢᠶ᠎ᠡ᠎ᠪᠠᠷ ᠬᠠᠮᠠᠭ᠋ᠠᠯᠠᠨ᠂ ᠨᠡᠢ᠌ᠬᠡᠮ᠎ᠤᠨ ᠡᠶ᠎ᠡ ᠵᠣᠬᠢᠴᠠᠯ᠎ᠲᠠᠢ ᠪᠦᠭᠡᠳ ᠲᠣᠭᠲᠠᠭᠤᠨ ᠪᠠᠢ᠌ᠬᠤ ᠵᠢ ᠬᠠᠮᠠᠭ᠋ᠠᠯᠠᠨ᠎ᠠ᠃
[ᠬᠦᠳᠥᠯᠥᠭᠴᠢ]ᠵᠠ᠂ ᠵᠠᠩ ᠡᠷᠬᠢᠯᠡᠭᠴᠢ ᠵᠢᠨ ᠨᠠᠷᠢᠨ ᠲᠣᠳᠤᠷᠬᠠᠢ ᠳᠠᠢ᠌ᠯᠪᠣᠷᠢᠯᠠᠨ ᠬᠠᠷᠢᠭᠣᠯᠳᠠ ᠥᠭᠭᠥᠭᠰᠡᠨ᠎ᠳᠤ ᠮᠠᠰᠢ   ᠲᠠᠯᠠᠷᠬᠠᠵᠦ ᠪᠠᠢ᠌ᠨ᠎ᠠ᠂ ᠥᠷᠬᠡᠨ ᠣᠯᠠᠨ ᠰᠥᠯᠵᠢᠶᠡᠨ ᠠᠨᠳᠠ ᠨᠠᠷ᠎ᠤᠨ ᠢᠳᠡᠪᠬᠢᠳᠠᠢ ᠣᠷᠣᠯᠴᠠᠭᠰᠠᠨ᠎ᠳᠤ ᠲᠠᠯᠠᠷᠬᠠᠵᠦ ᠪᠠᠢ᠌ᠨ᠎ᠠ᠂ ᠳᠣᠰ ᠣᠳᠠᠭ᠋ᠠᠨ᠎ᠤ ᠰᠣᠷᠪᠣᠯᠵᠢᠯᠠᠭ᠎ᠠ ᠡᠨᠳᠡ ᠬᠦᠷᠥᠬᠡᠳ ᠥᠨᠳᠥᠷᠯᠡᠬᠦ ᠪᠣᠯᠣᠯ᠎ᠠ᠂ ᠳᠠᠷᠠᠭ᠋ᠠᠴᠢ ᠵᠢᠨ ᠫᠷᠤᠭ᠌ᠷᠠᠮ᠎ᠳᠤ ᠪᠠᠶᠠᠷᠳᠠᠢ ᠵᠣᠯᠭ᠋ᠠᠶ᠎ᠠ!

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
ᠥᠪᠡᠷᠳᠡᠭᠡᠨ ᠵᠠᠰᠠᠬᠣ ᠣᠷᠣᠨ᠎ᠤ《8337》ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠳᠣᠣᠱᠯᠠᠭᠣᠯᠣᠨ ᠨᠠᠢ᠌ᠳᠠᠪᠣᠷᠢᠵᠢᠭᠣᠯᠵᠣ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠭᠥ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠭᠥᠯᠰᠥᠬᠡᠢ
ᠲᠦᠷᠦ ᠲᠠᠷᠬᠠᠭ᠋ᠠᠭᠰᠠᠨ 28 ᠳ᠋ᠤᠭ᠋ᠠᠷ ᠳᠤᠭ᠋ᠠᠳᠤ ᠪᠢᠴᠢᠭ ᠮᠠᠲᠸᠷᠢᠶᠠᠯ᠎ᠢ ᠬᠢᠨᠠᠮᠠᠭ᠋ᠠᠢ ᠲᠤᠤᠱᠯᠠᠭᠣᠯᠣᠨ ᠨᠠᠢ᠌ᠳᠠᠪᠤᠷᠢᠵᠢᠭᠤᠯᠵᠦ ᠵᠡᠭᠦᠨ ᠭᠡᠰᠡᠭ᠎ᠤᠨ ᠠᠢ᠌ᠮᠠᠭ ᠬᠤᠳᠠ ᠵᠢᠨ ᠬᠦᠭᠵᠢᠨ ᠮᠠᠨᠳᠤᠬᠤ ᠵᠢ ᠲᠦᠷᠭᠡᠳᠭᠡᠨ ᠠᠬᠢᠭᠤᠯᠤᠶ᠎ᠠ
ᠮᠠᠨ ᠎ᠤ ᠣᠷᠣᠨ᠎ᠤ ᠡᠯ᠎ᠡ ᠱᠠᠳᠤᠨ᠎ᠤ ᠵᠠᠰᠠᠭ᠎ᠤᠨ ᠣᠷᠳᠣᠨ ᠎ᠤ ᠡᠷᠬᠡ ᠵᠢᠨ ᠨᠠᠷᠢᠨ ᠳᠠᠩᠰᠠ ᠵᠢᠨ ᠳᠦᠷᠢᠮ᠎ᠤᠨ ᠪᠠᠢ᠌ᠭᠤᠯᠣᠯᠲᠠ ᠵᠢᠨ ᠠᠵᠢᠯ᠎ᠢ ᠪᠦᠬᠦ ᠲᠠᠯ᠎ᠠ᠎ᠪᠠᠷ ᠠᠬᠢᠭᠤᠯᠤᠶ᠎ᠠ
ᠴᠠᠭ ᠲᠤᠬᠢᠶᠠᠯ᠎ᠢ ᠵᠠᠪᠳᠤᠵᠦ ᠰᠢᠨ᠎ᠡ ᠬᠡᠪ ᠪᠠᠢ᠌ᠳᠠᠯ᠎ᠳᠤ ᠵᠤᠬᠢᠴᠠᠭᠤᠯᠤᠨ ᠶᠠᠰᠤ ᠴᠢᠨᠠᠷ᠎ᠲᠤ ᠬᠢᠨᠠᠯᠳᠠ ᠲᠠᠯᠪᠢᠬᠤ ᠠᠵᠢᠯ᠎ᠤᠨ ᠰᠢᠨ᠎ᠡ ᠦᠰᠤᠷᠤᠯᠳᠠ ᠵᠢ ᠪᠡᠶᠡᠯᠡᠭᠦᠯᠬᠦ᠎ᠪᠠᠷ ᠴᠢᠷᠮᠠᠢ᠌ᠶ᠎ᠠ
ᠦᠪᠡᠷᠲᠡᠭᠡᠨ ᠵᠠᠰᠠᠬᠤ ᠣᠷᠣᠨ᠎ᠤ ᠲᠦᠮᠡᠨ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ ᠲᠦᠭ ᠲᠦᠮᠡᠨ ᠵᠶ᠋ᠡᠷ ᠵᠶ᠋ᠡᠨ ᠰᠢᠨ᠎ᠡ ᠵᠢ ᠡᠭᠦᠳᠬᠦ ᠵᠢ ᠠᠬᠢᠭᠤᠯᠤᠭᠰᠠᠨ ᠪᠠᠢ᠌ᠳᠠᠯ
 
            