ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ ᠨᠡᠶ᠋ᠢᠲᠡᠯᠡᠬᠦ᠌ ᠬᠤᠷᠠᠯ
ᠥᠪᠡᠷᠳᠡᠭᠡᠨ ᠵᠠᠰᠠᠬᠣ ᠣᠷᠣᠨ᠎ᠤ《8337》ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠳᠣᠣᠱᠯᠠᠭᠣᠯᠣᠨ ᠨᠠᠢ᠌ᠳᠠᠪᠣᠷᠢᠵᠢᠭᠣᠯᠵᠣ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠭᠥ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠭᠥᠯᠰᠥᠬᠡᠢ
ᠨᠡᠶ᠋ᠢᠲᠡᠯᠡᠭᠰᠡᠨ ᠴᠠᠭ᠄ 2015-03-17

ᠰᠣᠷᠪᠣᠯᠵᠢᠯᠠᠭ᠎ᠠ ᠵᠢᠨ ᠭᠣᠣᠯ ᠰᠡᠳᠥᠪ :
      ᠥᠪᠡᠷᠳᠡᠭᠡᠨ ᠵᠠᠰᠠᠬᠣ ᠣᠷᠣᠨ᠎ᠤ《8337》ᠬᠦᠭᠵᠢᠯᠳᠡ ᠵᠢᠨ ᠰᠡᠳᠬᠢᠮᠵᠢ ᠵᠢ   ᠬᠢᠨᠠᠮᠠᠭ᠋ᠠᠢ ᠳᠣᠣᠱᠯᠠᠭᠣᠯᠣᠨ ᠨᠠᠢ᠌ᠳᠠᠪᠣᠷᠢᠵᠢᠭᠣᠯᠵᠣ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠭᠥ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠭᠥᠯᠰᠥᠬᠡᠢ


ᠰᠣᠷᠪᠣᠯᠵᠢᠯᠠᠭᠰᠠᠨ ᠴᠠᠭ :
     2014 ᠣᠨ᠎ᠤ 7 ᠳ᠋ᠣᠭ᠋ᠠᠷ ᠰᠠᠷ᠎ᠠ ᠵᠢᠨ 21᠎ᠤ ᠡᠳᠥᠷ᠎ᠤᠨ ᠥᠳᠡ ᠵᠢᠨ ᠡᠮᠥᠨᠡᠬᠢ 10 ᠴᠠᠭ
ᠰᠣᠷᠪᠣᠯᠵᠢᠯᠠᠭ᠎ᠠ ᠬᠦᠯᠢᠶᠡᠭᠰᠡᠨ ᠵᠣᠴᠢᠨ :
            ᠥᠪᠡᠷᠳᠡᠭᠡᠨ   ᠵᠠᠰᠠᠬᠣ   ᠣᠷᠣᠨ ᠎ᠤ   ᠳᠠᠷᠢᠶᠠᠯᠠᠩ ᠮᠠᠯ ᠠᠵᠣ
            ᠠᠬᠣᠢ ᠵᠢᠨ ᠲᠢᠩᠬᠢᠮ᠎ᠤᠨ ᠳᠡᠳ᠋ ᠳᠠᠷᠣᠭ᠎ᠠ   ᠶᠦᠨ ᠠᠢ ᠾᠸᠥ
ᠰᠣᠷᠪᠣᠯᠵᠢᠯᠠᠭ᠎ᠠ ᠵᠢᠨ ᠳᠣᠪᠴᠢ ᠳᠠᠨᠢᠯᠴᠠᠭᠣᠯᠭ᠎ᠠ :
      ᠨᠢᠳᠣᠨᠣᠨ᠎ᠠᠴᠠ ᠨᠠᠰᠢ᠂ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠰᠠᠯᠠᠭ᠎ᠠ ᠮᠥᠴᠢᠷ᠎ᠨᠢ ᠥᠪᠡᠷᠳᠡᠭᠡᠨ ᠵᠠᠰᠠᠬᠣ ᠣᠷᠣᠨ᠎ᠤ 《8337》 ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠨᠠᠢ᠌ᠳᠠᠪᠣᠷᠢᠵᠢᠭᠣᠯᠣᠨ᠂ ᠪᠣᠬᠢᠷᠳᠣᠯ ᠥᠬᠡᠢ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠡᠳ᠋ᠰᠢᠬᠦᠯᠤᠨ ᠭᠠᠳᠠᠭᠰᠢ ᠭᠠᠷᠭ᠋ᠠᠬᠣ ᠰᠠᠭᠣᠷᠢᠨ ᠭᠠᠵᠠᠷ ᠪᠠᠢ᠌ᠭᠣᠯᠬᠣ ᠶᠡᠷᠥᠩᠬᠡᠢ ᠵᠢᠨ ᠱᠠᠭ᠋ᠠᠷᠳᠠᠯᠭ᠎ᠠ ᠵᠢᠨ ᠲᠤᠭᠤᠷᠢᠨ᠎ᠳᠤ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠠᠵᠢᠯ᠎ᠢ ᠪᠦᠬᠦ ᠬᠦᠴᠦᠨ ᠵᠶ᠋ᠠᠷ ᠳᠥᠯᠬᠢᠨ ᠠᠬᠢᠭᠣᠯᠵᠣ᠂ ᠮᠡᠳᠡᠭᠳᠡᠮ᠎ᠡ ᠠᠮᠵᠢᠯᠳᠠ ᠣᠯᠵᠠᠢ᠃ ᠬᠣᠯᠪᠣᠭᠳᠠᠯ ᠪᠦᠬᠦᠢ ᠪᠠᠢ᠌ᠳᠠᠯ᠎ᠢ ᠨᠠᠷᠢᠨ ᠳᠣᠳᠣᠷᠬᠠᠢ ᠣᠢ᠌ᠯᠠᠭ᠋ᠠᠬᠣ ᠵᠢᠨ ᠳᠣᠰᠠᠳᠠ ᠣᠷᠴᠢᠮ ᠪᠢᠳᠡ ᠥᠪᠡᠷᠳᠡᠭᠡᠨ ᠵᠠᠰᠠᠬᠣ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠲᠢᠩᠬᠢᠮ᠎ᠤᠨ ᠳᠡᠳ᠋ ᠳᠠᠷᠣᠭ᠎ᠠ ᠶᠦᠨ ᠠᠢ ᠾᠸᠥ ᠵᠢ 《ᠳᠣᠮᠳᠠᠳᠣ ᠣᠯᠣᠰ ᠥᠪᠥᠷ ᠮᠣᠩᠭᠣᠯ》 ᠰᠥᠯᠵᠢᠶᠡᠨ ᠎ᠳᠡᠭᠡᠨ ᠣᠷᠢᠨ ᠵᠠᠯᠠᠵᠣ ᠲᠠ ᠪᠦᠬᠦᠨ᠎ᠲᠠᠢ ᠵᠤᠭᠤᠭᠳᠠᠭᠤᠯᠬᠤ᠎ᠪᠠᠷ ᠪᠠᠢ᠌ᠨ᠎ᠠ᠂ ᠥᠷᠬᠡᠨ ᠣᠯᠠᠨ ᠰᠥᠯᠵᠢᠶᠡᠨ ᠠᠨᠳᠠ ᠨᠠᠷ᠎ᠤᠨ ᠢᠳᠡᠪᠬᠢᠳᠠᠢ ᠣᠷᠣᠯᠴᠠᠬᠣ ᠵᠢ ᠪᠠᠶᠠᠷᠯᠠᠨ ᠣᠭᠳᠣᠵᠣ ᠪᠣᠢ!

[ᠬᠦᠳᠥᠯᠥᠭᠴᠢ] ᠰᠥᠯᠵᠢᠶᠡᠨ ᠠᠨᠳᠠ ᠨᠠᠷ ᠡ᠂ ᠰᠠᠢ᠌ᠨ ᠪᠠᠢ᠌ᠵᠠᠭ᠋ᠠᠨ᠎ᠠ ᠤᠤ? ᠲᠠ ᠪᠦᠭᠦᠨ ᠳᠣᠰ ᠬᠣᠭᠣᠴᠠᠭ᠋ᠠᠨ᠎ᠤ   《ᠳᠣᠮᠳᠠᠳᠣ ᠣᠯᠣᠰ   ᠥᠪᠥᠷ ᠮᠣᠩᠭᠣᠯ》 ᠰᠥᠯᠵᠢᠶᠡᠨ ᠰᠣᠷᠪᠣᠯᠵᠢᠯᠠᠭ᠎ᠠ ᠪᠤᠯᠤᠩ᠎ᠢ ᠬᠦᠯᠢᠶᠡᠨ ᠠᠪᠴᠥ ᠥᠵᠡᠭᠥ ᠵᠢ ᠪᠠᠶᠠᠷᠯᠠᠨ ᠣᠭᠳᠣᠵᠣ ᠪᠠᠢ᠌ᠨ᠎ᠠ᠃ ᠥᠨᠥᠳᠥᠷ ᠪᠢᠳᠡ ᠥᠪᠡᠷᠳᠡᠭᠡᠨ ᠵᠠᠰᠠᠬᠣ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠲᠢᠩᠬᠢᠮ᠎ᠤᠨ ᠳᠡᠳ᠋ ᠳᠠᠷᠣᠭ᠎ᠠ ᠶᠦᠨ ᠠᠢ ᠾᠸᠥ ᠵᠢ ᠣᠷᠢᠨ ᠵᠠᠯᠠᠵᠣ 《ᠥᠪᠡᠷᠳᠡᠭᠡᠨ ᠵᠠᠰᠠᠬᠣ ᠣᠷᠣᠨ᠎ᠤ 〈8337〉 ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠳᠣᠣᠱᠯᠠᠭᠣᠯᠣᠨ ᠨᠠᠢ᠌ᠳᠠᠪᠣᠷᠢᠵᠢᠭᠣᠯᠵᠣ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠭᠥ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠭᠥᠯᠰᠥᠬᠡᠢ》 ᠬᠡᠰᠡᠨ ᠰᠡᠳᠥᠪ ᠵᠶ᠋ᠠᠷ ᠲᠠ ᠪᠦᠬᠦᠨ᠎ᠲᠠᠢ ᠶᠠᠷᠢᠯᠴᠠᠭᠤᠯᠬᠤ᠎ᠪᠠᠷ ᠪᠤᠯᠤᠯ᠎ᠠ᠂ ᠶᠦᠨ ᠲᠢᠩᠬᠢᠮ᠎ᠤᠨ ᠳᠠᠷᠣᠭ᠎ᠠ ᠡ᠂ ᠲᠠᠨ᠎ᠢ ᠪᠠᠶᠠᠷᠯᠠᠨ ᠣᠭᠳᠣᠵᠣ ᠪᠠᠢ᠌ᠨ᠎ᠠ!
[ᠶᠦᠨ ᠠᠢ ᠾᠸᠥ] ᠬᠦᠳᠥᠯᠥᠭᠴᠢ ᠲᠠ ᠰᠠᠢ᠌ᠨ ᠪᠠᠢ᠌ᠨ᠎ᠠ ᠤᠤ᠂ ᠥᠷᠬᠡᠨ ᠣᠯᠠᠨ ᠰᠥᠯᠵᠢᠶᠡᠨ ᠠᠨᠳᠠ ᠨᠠᠷ ᠰᠠᠢ᠌ᠨ ᠪᠠᠢ᠌ᠵᠠᠭ᠋ᠠᠨ᠎ᠠ ᠤᠤ  ᠃ 《ᠳᠣᠮᠳᠠᠳᠣ ᠣᠯᠣᠰ   ᠥᠪᠥᠷ ᠮᠣᠩᠭᠣᠯ》 ᠰᠥᠯᠵᠢᠶ᠎ᠡ᠎ᠪᠠᠷ ᠳᠠᠮᠵᠢᠭᠣᠯᠵᠣ ᠲᠠ ᠪᠦᠬᠦᠨ᠎ᠲᠠᠢ ᠵᠣᠯᠭ᠋ᠠᠬᠣ ᠪᠣᠯᠣᠭᠰᠠᠨ᠎ᠳᠠᠭᠠᠨ ᠮᠠᠰᠢ ᠶᠡᠬᠡ ᠪᠠᠶᠠᠷᠯᠠᠵᠣ ᠪᠣᠢ᠂ ᠮᠠᠨ᠎ᠤ ᠲᠢᠩᠬᠢᠮ᠎ᠤᠨ ᠡᠯ᠎ᠡ ᠳᠥᠷᠥᠯ᠎ᠤᠨ ᠠᠵᠢᠯ᠎ᠢ ᠥᠷᠭᠥᠯᠵᠢ ᠬᠠᠯᠠᠮᠵᠢᠯᠠᠵᠣ ᠳᠡᠮᠵᠢᠭᠰᠡᠭᠡᠷ ᠢᠷᠡᠭᠰᠡᠨ ᠲᠠ ᠪᠦᠬᠦᠨ᠎ᠳᠡᠭᠡᠨ ᠲᠠᠯᠠᠷᠬᠠᠵᠣ ᠪᠠᠢ᠌ᠨ᠎ᠠ᠂ ᠵᠠᠯᠠᠭ᠋ᠠᠭ᠋ᠠᠳ ᠲᠠ ᠪᠦᠬᠦᠨ ᠶᠠᠮᠠᠷ ᠠᠰᠠᠭᠣᠯᠳᠠ ᠪᠣᠶᠣ ᠰᠠᠨᠠᠭᠣᠯᠭ᠎ᠠ ᠪᠠᠢ᠌ᠪᠠᠯ ᠨᠠᠳᠠ᠎ᠲᠠᠢ ᠵᠤᠭᠤᠭᠳᠠᠮᠤ!
[ᠬᠦᠳᠥᠯᠥᠭᠴᠢ] ᠶᠦᠨ ᠲᠢᠩᠬᠢᠮ᠎ᠤᠨ ᠳᠠᠷᠣᠭ᠎ᠠ ᠡ᠂ ᠨᠢᠳᠣᠨᠣᠨ᠎ᠠᠴᠠ ᠠᠪᠣᠭ᠋ᠠᠳ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠬᠦᠭᠵᠢᠯᠳᠡ ᠬᠢᠷᠢ ᠵᠡᠷᠭᠡ ᠵᠢᠨ ᠠᠮᠵᠢᠯᠳᠠ ᠪᠦᠳᠤᠭᠡᠯ ᠣᠯᠣᠭᠰᠠᠨ ᠪᠣᠢ?
[ᠶᠦᠨ ᠠᠢ ᠾᠸᠥ] ᠨᠢᠳᠣᠨᠣᠨ᠎ᠠᠴᠠ ᠨᠠᠰᠢ᠂ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠰᠠᠯᠠᠭ᠎ᠠ ᠮᠥᠴᠢᠷ᠎ᠨᠢ ᠥᠪᠡᠷᠳᠡᠭᠡᠨ ᠵᠠᠰᠠᠬᠣ ᠣᠷᠣᠨ᠎ᠤ 《8337》 ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠨᠠᠢ᠌ᠳᠠᠪᠣᠷᠢᠵᠢᠭᠣᠯᠵᠣ᠂ ᠪᠣᠬᠢᠷᠳᠣᠯ ᠥᠬᠡᠢ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠡᠳ᠋ᠰᠢᠬᠦᠯᠤᠨ ᠭᠠᠳᠠᠭᠰᠢ ᠭᠠᠷᠭ᠋ᠠᠬᠣ ᠰᠠᠭᠣᠷᠢᠨ ᠭᠠᠵᠠᠷ ᠪᠠᠢ᠌ᠭᠣᠯᠬᠣ ᠶᠡᠷᠥᠩᠬᠡᠢ ᠱᠠᠭ᠋ᠠᠷᠳᠠᠯᠭ᠎ᠠ ᠵᠢᠨ ᠲᠤᠭᠤᠷᠢᠨ᠎ᠳᠤ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠠᠵᠢᠯ᠎ᠢ ᠪᠦᠬᠦ ᠬᠦᠴᠦᠨ ᠵᠶ᠋ᠠᠷ ᠳᠥᠯᠬᠢᠨ ᠠᠬᠢᠭᠣᠯᠵᠣ᠂ ᠮᠡᠳᠡᠭᠳᠡᠮ᠎ᠡ ᠠᠮᠵᠢᠯᠳᠠ ᠣᠯᠵᠠᠢ᠃
      ᠨᠢᠬᠡ᠎ᠳᠤ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰᠵᠢᠯᠳᠡ ᠵᠢᠨ ᠳᠣᠭᠳᠠᠭᠣᠨ ᠪᠦᠬᠡᠳ ᠳᠥᠷᠬᠡᠨ ᠬᠦᠭᠵᠢᠯᠳᠡ ᠵᠢ ᠪᠡᠶᠡᠯᠡᠭᠥᠯᠪᠡ᠃ ᠬᠣᠷᠸ᠎ᠠ ᠠᠵᠣ ᠠᠬᠣᠢ ᠪᠦᠬᠦ ᠳᠠᠯ᠎ᠠ᠎ᠪᠠᠷ ᠠᠯᠭᠤᠷᠯᠠᠭᠰᠠᠨ ᠠᠬᠣᠢ ᠪᠠᠢ᠌ᠳᠠᠯ ᠳᠣᠣᠷ᠎ᠠ᠂ 2013 ᠣᠨ᠎ᠤ ᠪᠦᠬᠦ ᠣᠷᠣᠨ᠎ᠤ ᠪᠣᠷᠣᠯᠠᠭᠣᠯᠭ᠎ᠠ ᠵᠢᠨ ᠣᠷᠣᠯᠭ᠎ᠠ᠎ᠨᠢ 500 ᠳᠥᠮᠡᠨ ᠳᠥᠭᠥᠷᠢᠭ᠎ᠠᠴᠠ ᠳᠠᠪᠠᠭᠰᠠᠨ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠪᠣᠷᠣᠯᠠᠭᠣᠯᠬᠣ ᠠᠵᠦ ᠠᠬᠤᠢ᠌ᠯᠠᠯ 1981᠎ᠳᠤ ᠬᠦᠷᠴᠥ᠂   ᠪᠣᠷᠣᠯᠠᠭᠣᠯᠭ᠎ᠠ ᠵᠢᠨ ᠣᠷᠣᠯᠭ᠎ᠠ᠎ᠨᠢ 3455.6 ᠳ᠋ᠥᠩᠰᠢᠭᠣᠷ ᠳᠥᠭᠥᠷᠢᠭ᠎ᠢ ᠪᠡᠶᠡᠯᠡᠭᠥᠯᠥᠨ᠂ 14.5% ᠨᠡᠮᠡᠭᠳᠡᠵᠠᠢ; ᠨᠡᠮᠡᠭᠳᠠᠯ ᠥᠷᠳᠡᠭ 1032.9 ᠳ᠋ᠥᠩᠰᠢᠭᠣᠷ ᠳᠥᠭᠥᠷᠢᠭ᠎ᠢ ᠪᠡᠶᠡᠯᠡᠭᠥᠯᠥᠨ᠂ 13.7% ᠨᠡᠮᠡᠭᠳᠡᠭᠰᠡᠨ ᠪᠠᠢ᠌ᠨ᠎ᠠ᠂ ᠪᠦᠬᠦ ᠣᠷᠣᠨ᠎ᠤ ᠬᠡᠪᠴᠢᠶᠡᠵᠢᠯ᠎ᠠᠴᠠ ᠳᠡᠭᠡᠭᠰᠢᠬᠢ ᠠᠵᠣ ᠦᠢ᠍ᠯᠡᠳᠪᠥᠷᠢ ᠵᠢᠨ ᠨᠡᠮᠡᠭᠳᠡᠯ ᠥᠷᠳᠡᠭ᠎ᠤᠨ ᠨᠡᠮᠡᠭᠳᠡᠯ᠎ᠤᠨ ᠬᠣᠷᠳᠣᠴᠠ᠎ᠲᠠᠢ ᠬᠠᠷᠢᠴᠠᠭᠣᠯᠪᠠᠯ 1.3 ᠵᠠᠭᠣᠨ᠎ᠤ ᠴᠢᠭ ᠳᠥᠷᠬᠡᠨ ᠪᠠᠢ᠌ᠵᠣ᠂ ᠥᠪᠡᠷᠳᠡᠭᠡᠨ ᠵᠠᠰᠠᠬᠣ ᠣᠷᠣᠨ᠎ᠤ ᠠᠵᠣ ᠠᠬᠣᠢ ᠨᠡᠢ᠌ᠬᠡᠮ᠎ᠤᠨ ᠬᠦᠭᠵᠢᠯᠳᠡ᠎ᠳᠤ ᠢᠳᠡᠪᠬᠢᠳᠠᠢ ᠬᠣᠪᠢ ᠨᠡᠮᠡᠷᠢ ᠥᠵᠡᠭᠥᠯᠥᠭᠰᠡᠨ ᠪᠠᠢ᠌ᠨ᠎ᠠ᠃
      ᠬᠣᠶᠠᠷ᠎ᠲᠤ ᠨᠢᠬᠡ ᠪᠥᠯᠥᠭ ᠳᠠᠭ᠋ᠠᠭᠣᠯᠣᠭᠴᠢ ᠠᠵᠣ ᠠᠬᠣᠢ᠌ᠯᠠᠯ ᠪᠠ ᠨᠡᠷᠡᠳᠥ ᠳᠥᠷᠥᠯ ᠳᠡᠮᠳᠡᠭ᠎ᠢ ᠪᠤᠢ᠌ᠵᠢᠭᠤᠯᠤᠨ ᠪᠣᠵᠠᠭ᠋ᠠᠢ᠌ᠷᠠᠭᠣᠯᠵᠠᠢ᠃ ᠣᠳᠣᠬᠠᠨ᠎ᠳᠤ᠂ ᠮᠠᠨ᠎ᠤ ᠣᠷᠣᠨ᠎ᠳᠤ ᠣᠯᠣᠰ᠎ᠤᠨ ᠳᠡᠰ᠎ᠤᠨ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠭᠣᠣᠯᠳᠠᠯᠠᠭ᠋ᠠᠳᠣ ᠠᠵᠣ ᠠᠬᠣᠢ᠌ᠯᠠᠯ 38᠂ ᠥᠪᠡᠷᠳᠡᠭᠡᠨ ᠵᠠᠰᠠᠬᠣ ᠣᠷᠣᠨ᠎ᠤ ᠳᠡᠰ᠎ᠤᠨ ᠭᠣᠣᠯᠳᠠᠯᠠᠭ᠋ᠠᠳᠣ ᠳᠠᠭ᠋ᠠᠭᠤᠯᠤᠭᠴᠢ ᠠᠵᠣ ᠠᠬᠣᠢ᠌ᠯᠠᠯ 556᠂ ᠵᠠᠬ᠎ᠠ ᠳᠡᠯᠬᠡᠬᠦᠷ᠎ᠲᠤ ᠭᠠᠷᠣᠭᠰᠠᠨ ᠺᠣᠮᠫᠠᠨᠢ 9 ᠪᠣᠢ᠃ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ ᠎ᠤᠨ ᠬᠦᠷᠳᠡᠨ ᠤᠯᠤᠭᠰᠠᠨ ᠳᠣᠮᠳᠠᠳᠣ ᠣᠯᠣᠰ᠎ᠤᠨ ᠠᠯᠳᠠᠷᠳᠤ ᠲᠠᠸᠠᠷ᠎ᠤᠨ ᠳᠡᠮᠳᠡᠭ᠎ᠨᠢ ᠨᠢᠳᠣᠨᠣᠨ 46 ᠵᠦᠢ᠍ᠯ ᠪᠠᠢ᠌ᠭᠰᠠᠨ᠎ᠠᠴᠠ᠎ᠪᠠᠨ ᠪᠠᠰᠠ 13 ᠵᠦᠢ᠍ᠯ ᠨᠡᠮᠡᠭᠳᠡᠵᠥ᠂ ᠨᠡᠢ᠌ᠳᠡ 59 ᠵᠦᠢ᠍ᠯ ᠪᠣᠯᠵᠠᠢ᠃
      ᠭᠣᠷᠪᠠ᠎ᠳᠤ ᠤᠳᠤ ᠦᠶ᠎ᠡ ᠵᠢᠨ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰ᠎ᠤᠨ ᠰᠢᠰᠲᠸᠮᠵᠢ ᠵᠢᠨ ᠪᠦᠷᠢᠳᠤᠯ ᠪᠠ ᠮᠠᠯᠴᠢᠳ ᠳᠠᠷᠢᠶᠠᠴᠢᠳ᠎ᠤᠨ ᠵᠣᠬᠢᠶᠠᠨ ᠪᠠᠢ᠌ᠭᠤᠯᠤᠯᠴᠢᠯᠠᠯ᠎ᠤᠨ ᠬᠡᠮᠵᠢᠶ᠎ᠡ ᠵᠢ ᠳᠠᠢ᠌ᠴᠢᠯᠠᠨ ᠳᠡᠭᠡᠭᠰᠢᠯᠡᠬᠦᠯᠵᠠᠢ᠃ ᠳᠠᠭ᠋ᠠᠭᠣᠯᠣᠭᠴᠢ ᠠᠵᠣ ᠠᠬᠣᠢ᠌ᠯᠠᠯ᠎ᠤᠨ ᠳᠠᠭ᠋ᠠᠭᠣᠯᠣᠯ ᠳᠣᠣᠷ᠎ᠠ᠂ ᠪᠦᠬᠦ ᠣᠯᠣᠰ᠎ᠲᠤ ᠨᠡᠷᠡᠳᠠᠢ 《ᠰᠥ᠍ ᠵᠢᠨ ᠢᠷᠡᠯᠳᠡ ᠵᠢᠨ ᠠᠯᠳᠠᠨ ᠪᠥᠰᠡ ᠤᠷᠤᠨ》᠂ 《ᠥᠵᠥᠮ᠎ᠤᠨ ᠠᠷᠢᠬᠢ ᠵᠢᠨ ᠠᠯᠳᠠᠨ ᠪᠥᠰᠡ ᠤᠷᠤᠨ》᠂ 《ᠳᠥᠮᠥᠰᠥ ᠳᠠᠷᠢᠬᠣ ᠠᠯᠳᠠᠨ ᠪᠦᠰᠡ ᠤᠷᠤᠨ》᠂ 《ᠢᠳᠡᠰᠢᠨ ᠬᠣᠨᠢᠨ᠎ᠤ ᠠᠵᠣ ᠦᠢ᠍ᠯᠡᠰ᠎ᠤᠨ ᠪᠥᠰᠡ ᠤᠷᠤᠨ》᠂ 《ᠡᠷᠳᠡᠨᠢ ᠰᠢᠰᠢ ᠵᠢᠨ ᠠᠯᠳᠠᠨ ᠪᠥᠰᠡ ᠤᠷᠤᠨ》 ᠵᠡᠷᠬᠡ ᠥᠪᠡᠷᠮᠢᠴᠡ ᠣᠨᠴᠠᠯᠢᠭ᠎ᠲᠠᠢ ᠳᠠᠪᠠᠭᠣᠯᠢᠭ ᠠᠵᠣ ᠦᠢ᠍ᠯᠡᠰ᠎ᠤᠨ ᠪᠦᠰᠡ ᠤᠷᠤᠨ ᠪᠥᠷᠢᠯᠳᠥᠵᠥ᠂ ᠤᠳᠤ ᠦᠶ᠎ᠡ ᠵᠢᠨ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰ᠎ᠤᠨ ᠰᠢᠰᠲᠸᠮᠵᠢ ᠠᠩᠬ᠎ᠠ ᠠᠯᠬᠣᠮ ᠪᠥᠷᠢᠯᠳᠥᠭᠰᠡᠨ ᠪᠠᠢ᠌ᠨ᠎ᠠ᠃ ᠮᠠᠯᠴᠢᠨ ᠳᠠᠷᠢᠶᠠᠴᠢᠨ᠎ᠤ ᠲᠤᠰᠬᠠᠢ ᠬᠤᠷᠰᠢᠶᠠᠵᠢᠯ᠎ᠤᠨ ᠵᠣᠬᠢᠶᠠᠨ ᠪᠠᠢ᠌ᠭᠣᠯᠣᠯᠳᠠ 3.7 ᠳᠥᠮᠡᠨ᠎ᠠᠴᠠ ᠳᠠᠪᠠᠵᠣ᠂   ᠵᠢᠱ᠌ᠢᠶ᠎ᠡ ᠥᠵᠡᠭᠥᠯᠭᠥ ᠬᠣᠷᠰᠢᠶᠠᠵᠢᠯ  ᠎ᠤᠨ ᠶᠡᠷᠤᠩᠬᠡᠢ ᠲᠤᠭ᠎ᠠ  501᠎ᠳᠤ ᠬᠦᠷᠴᠠᠢ᠃
      ᠳᠥᠷᠪᠡ᠎ᠳᠤ ᠰᠢᠶᠠᠨ᠎ᠤ ᠬᠡᠪᠴᠢᠶᠡᠨ᠎ᠤ ᠠᠵᠣ ᠠᠬᠣᠢ ᠵᠢᠨ ᠬᠦᠭᠵᠢᠯᠳᠡ ᠪᠠ ᠮᠠᠯᠴᠢᠨ ᠳᠠᠷᠢᠶᠠᠴᠢᠨ᠎ᠤ ᠣᠷᠣᠯᠭ᠎ᠠ ᠵᠢᠨ ᠨᠡᠮᠡᠭᠳᠡᠯ᠎ᠢ ᠠᠬᠢᠭᠣᠯᠵᠠᠢ᠃ ᠳᠠᠷᠢᠶᠠᠯᠠᠩ ᠮᠠᠯ ᠠᠵᠣ ᠠᠬᠣᠢ᠎ᠪᠠᠷ ᠭᠣᠣᠯᠯᠠᠭᠣᠯᠣᠭᠰᠠᠨ ᠬᠣᠰᠢᠭᠣ ᠰᠢᠶᠠᠨ᠎ᠨᠢ ᠳᠣᠰ ᠭᠠᠵᠠᠷ ᠣᠷᠣᠨ᠎ᠤ᠎ᠪᠠᠨ ᠳᠠᠷᠢᠶᠠᠯᠠᠩ ᠮᠠᠯ ᠠᠵᠣ ᠠᠬᠣᠢ ᠵᠢᠨ ᠡᠬᠢ ᠪᠠᠶᠠᠯᠢᠭ᠎ᠤᠨ ᠳᠠᠪᠠᠭᠣᠯᠢᠭ ᠳᠠᠯ᠎ᠠ᠎ᠳᠠᠭᠠᠨ ᠳᠥᠰᠢᠭᠯᠡᠨ᠂ ᠠᠵᠣ ᠦᠢ᠍ᠯᠡᠰᠵᠢᠭᠥᠯᠥᠨ ᠡᠵᠡᠩᠨᠡᠬᠦ ᠵᠠᠮ ᠵᠶ᠋ᠠᠷ ᠵᠠᠮᠨᠠᠬᠣ ᠵᠢ ᠪᠠᠷᠢᠮᠳᠠᠯᠠᠵᠣ᠂ ᠨᠢᠭᠡ ᠪᠦᠯᠦᠭ ᠡᠳ᠋ᠰᠢᠬᠦᠯᠬᠦ ᠴᠢᠳᠠᠪᠣᠷᠢ᠎ᠪᠠᠷ ᠴᠢᠩᠭ᠎ᠠ᠂ ᠦᠢ᠍ᠯᠡᠳᠬᠦᠨ᠎ᠤ ᠨᠡᠮᠡᠭᠳᠡᠯ ᠥᠷᠳᠡᠭ ᠥᠨᠳᠥᠷ ᠰᠢᠯᠢᠳᠡᠭ ᠠᠵᠣ ᠠᠬᠣᠢ᠌ᠯᠠᠯ᠎ᠤᠳ᠎ᠢ ᠪᠤᠢ᠌ᠵᠢᠭᠤᠯᠵᠦ᠂ ᠰᠢᠶᠠᠨ᠎ᠤ ᠬᠡᠪᠴᠢᠶᠡᠨ᠎ᠤ ᠠᠵᠣ ᠠᠬᠣᠢ ᠵᠢᠨ ᠬᠦᠭᠵᠢᠯᠳᠡ ᠵᠢᠨ ᠭᠣᠣᠯᠯᠠᠬᠣ ᠬᠦᠴᠦᠨ ᠪᠤᠯᠭ᠋ᠠᠭᠰᠠᠨ ᠪᠠᠢ᠌ᠨ᠎ᠠ᠃ 2013 ᠣᠨ᠎ᠳᠤ᠂ ᠪᠦᠬᠦ ᠣᠷᠣᠨ᠎ᠳᠤ 212.6 ᠳᠥᠮᠡᠨ ᠮᠠᠯᠴᠢᠨ ᠲᠠᠷᠢᠶᠠᠴᠢᠨ ᠠᠵᠣ ᠦᠢ᠍ᠯᠡᠰᠵᠢᠭᠥᠯᠥᠨ ᠡᠵᠡᠩᠨᠡᠬᠦ ᠬᠡᠯᠬᠢᠶᠡᠰᠥ᠎ᠳᠤ ᠣᠷᠣᠵᠣ᠂ ᠠᠵᠣ ᠦᠢ᠍ᠯᠡᠰᠵᠢᠯᠳᠡ ᠵᠢᠨ ᠠᠷᠭ᠎ᠠ ᠵᠠᠮ ᠵᠶ᠋ᠠᠷ ᠳᠠᠮᠵᠢᠭᠣᠯᠣᠨ ᠮᠠᠯᠴᠢᠨ ᠳᠠᠷᠢᠶᠠᠴᠢᠨ᠎ᠤ ᠬᠦᠮᠥᠨ ᠪᠥᠷᠢ ᠵᠢᠨ ᠳᠤᠮᠳᠠᠴᠢ ᠴᠡᠪᠡᠷ ᠣᠷᠣᠯᠭ᠎ᠠ ᠵᠢ 3730 ᠳᠥᠭᠥᠷᠢᠭ᠎ᠲᠤ ᠬᠦᠷᠦᠬᠦᠯᠵᠦ᠂ ᠬᠦᠮᠥᠨ ᠪᠥᠷᠢ ᠵᠢᠨ ᠳᠤᠮᠳᠠᠴᠢ ᠴᠡᠪᠡᠷ ᠣᠷᠣᠯᠭ᠎ᠠ ᠵᠢᠨ 43.4% ᠵᠢ ᠡᠵᠡᠯᠡᠵᠠᠢ᠃
      ᠳᠠᠪᠣ᠎ᠳᠤ ᠠᠵᠣ ᠠᠬᠣᠢ ᠪᠠ ᠨᠡᠢ᠌ᠬᠡᠮ᠎ᠤᠨ ᠨᠡᠯᠢᠶᠡᠳ ᠰᠠᠢ᠌ᠨ ᠥᠷ᠎ᠡ ᠠᠰᠢᠭ ᠎ᠢ ᠪᠣᠢ ᠪᠣᠯᠭ᠋ᠠᠪᠠ᠃ 2013 ᠣᠨ᠎ᠳᠤ᠂ ᠠᠵᠣ ᠦᠢ᠍ᠯᠡᠰᠵᠢᠯᠳᠡ ᠵᠢᠨ ᠳᠠᠭ᠋ᠠᠭᠣᠯᠣᠭᠴᠢ ᠠᠵᠣ ᠠᠬᠣᠢ᠌ᠯᠠᠯ᠎ᠤᠨ ᠣᠯᠣᠰ᠎ᠲᠤ ᠳᠣᠰᠢᠶᠠᠭᠰᠠᠨ ᠭᠠᠢ᠌ᠯᠢ ᠵᠢᠨ ᠮᠦᠩᠬᠦ 92.8 ᠳ᠋ᠥᠩᠰᠢᠭᠣᠷ ᠳᠥᠭᠥᠷᠢᠭ᠎ᠲᠤ ᠬᠦᠷᠴᠥ᠂ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠬᠣᠳᠠᠯᠳᠣᠨ ᠠᠪᠣᠭᠰᠠᠨ ᠪᠡᠯᠡ ᠮᠥᠩᠭᠥ 1055 ᠳ᠋ᠥᠩᠰᠢᠭᠣᠷ ᠳᠥᠭᠥᠷᠢᠭ᠎ᠲᠤ ᠬᠦᠷᠪᠡ; ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠡᠳ᠋ᠰᠢᠬᠦᠯᠬᠦ ᠠᠵᠣ ᠠᠬᠣᠢ᠌ᠯᠠᠯ᠎ᠤᠨ ᠨᠡᠮᠡᠭᠳᠡᠯ ᠥᠷᠳᠡᠭ᠎ᠨᠢ ᠪᠦᠬᠦ ᠣᠷᠣᠨ᠎ᠤ ᠬᠡᠪᠴᠢᠶᠡᠵᠢᠯ᠎ᠠᠴᠠ ᠳᠡᠭᠡᠭᠰᠢᠬᠢ ᠠᠵᠣ ᠦᠢ᠍ᠯᠡᠳᠪᠥᠷᠢ ᠵᠢᠨ ᠨᠡᠮᠡᠭᠳᠡᠯ ᠥᠷᠳᠡᠭ᠎ᠤᠨ 16% ᠵᠢ ᠡᠵᠡᠯᠡᠵᠥ᠂ ᠨᠡᠬᠦᠷᠡᠰᠥ ᠪᠠ ᠳᠡᠮᠥᠷᠯᠢᠭ᠎ᠤᠨ ᠳᠠᠷᠠᠭ᠋ᠠᠬᠢ ᠭᠣᠷᠪᠠᠳᠣᠭ᠋ᠠᠷ ᠳᠣᠮᠣ ᠳᠣᠯᠭ᠋ᠠᠭᠣᠷᠢ ᠠᠵᠣ ᠦᠢ᠍ᠯᠡᠰ ᠪᠣᠯᠣᠭᠰᠠᠨ ᠪᠠᠢ᠌ᠨ᠎ᠠ᠃
      ᠵᠢᠷᠭᠣᠭ᠎ᠠ᠎ᠳᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠠᠵᠢᠯ᠎ᠨᠢ ᠰᠢᠨ᠎ᠡ ᠰᠢᠪᠳᠣᠯᠣᠯᠳᠠ ᠵᠢ ᠣᠯᠪᠠ᠃ ᠨᠢᠳᠣᠨᠣᠨ᠎ᠠᠴᠠ ᠨᠠᠰᠢ᠂ ᠪᠢᠳᠡ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠵᠢ ᠵᠢᠭ᠋ᠠᠨ ᠵᠢᠯᠤᠭᠤᠳᠬᠤ᠂ ᠦᠢ᠍ᠯᠡᠴᠢᠯᠡᠬᠦ ᠪᠠ ᠳᠥᠷᠥ ᠵᠢᠨ ᠪᠣᠳᠣᠯᠭ᠎ᠠ ᠎ᠪᠠᠷ ᠳᠡᠳᠬᠦᠬᠦ ᠡᠷᠴᠢᠮ ᠵᠶ᠋ᠠᠨ ᠳᠠᠰᠣᠷᠠᠯᠳᠠ ᠥᠬᠡᠢ ᠴᠢᠩᠭ᠋ᠠᠷᠠᠭᠣᠯᠪᠠ᠃ ᠵᠣᠬᠢᠶᠠᠨ ᠪᠠᠢ᠌ᠭᠤᠯᠤᠨ ᠣᠳᠣᠷᠢᠳᠬᠣ ᠳᠠᠯ᠎ᠠ᠎ᠪᠠᠷ᠂ ᠥᠪᠡᠷᠳᠡᠭᠡᠨ ᠵᠠᠰᠠᠬᠣ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰᠵᠢᠯᠳᠡ ᠵᠢ ᠠᠬᠢᠭᠣᠯᠬᠣ ᠣᠳᠣᠷᠢᠳᠬᠣ ᠪᠠᠭ᠎ᠢ ᠲᠤᠬᠢᠷᠠᠭᠤᠯᠤᠭᠰᠠᠨ ᠪᠠ ᠳᠡᠭᠥᠯᠳᠡᠷᠵᠢᠭᠥᠯᠵᠥ᠂ ᠮᠥᠩᠭᠥᠨ ᠬᠦᠢ᠍ᠯᠬᠡᠬᠡᠨ᠎ᠤ   ᠠᠵᠢᠯ᠎ᠤᠨ ᠠᠯᠪᠠᠨ ᠬᠡᠷ᠂ ᠪᠠᠩᠬᠢ ᠵᠢᠨ ᠦᠢ᠍ᠯᠡᠰ᠎ᠤᠨ ᠬᠢᠨᠠᠯᠳᠠ ᠬᠠᠮᠢᠶᠠᠷᠤᠯᠳᠠ ᠵᠢᠨ ᠲᠤᠪᠴᠢᠶ᠎ᠠ ᠪᠣᠯᠣᠨ ᠬᠦᠳᠡᠬᠡ ᠳᠣᠰᠬᠣᠨ᠎ᠤ ᠢᠳᠡᠬᠡᠮᠵᠢ ᠵᠢᠨ ᠬᠣᠷᠰᠢᠶ᠎ᠠ ᠵᠢ ᠬᠡᠰᠢᠭᠥᠨ ᠨᠢᠬᠡᠴᠢ ᠪᠤᠯᠭ᠋ᠠᠵᠦ᠂ ᠠᠵᠣ ᠦᠢ᠍ᠯᠡᠰᠵᠢᠭᠥᠯᠭᠥ ᠠᠵᠢᠯ᠎ᠢ ᠮᠦᠩᠭᠦᠨ ᠬᠦᠢ᠍ᠯᠬᠡᠭᠡ᠎ᠪᠠᠷ ᠳᠡᠳᠬᠦᠬᠦ ᠡᠷᠴᠢᠮ᠎ᠢ ᠴᠢᠩᠭ᠋ᠠᠷᠠᠭᠣᠯᠪᠠ᠃ ᠳᠥᠷᠥ ᠵᠢᠨ ᠪᠣᠳᠣᠯᠭ᠎ᠠ ᠵᠢᠨ ᠪᠠᠳᠣᠯᠠᠭ᠎ᠠ ᠵᠢᠨ ᠳᠠᠯ᠎ᠠ᠎ᠪᠠᠷ᠂ ᠨᠢᠳᠣᠨᠣᠨ ᠮᠠᠨ᠎ᠤ ᠣᠷᠣᠨ 《ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠤᠨ ᠬᠦᠭᠵᠢᠯᠳᠠ ᠵᠢ ᠲᠡᠳᠬᠦᠬᠦ ᠳᠣᠬᠠᠢ ᠥᠪᠥᠷ ᠮᠣᠩᠭᠣᠯ᠎ᠤᠨ ᠥᠪᠡᠷᠳᠡᠭᠡᠨ ᠵᠠᠰᠠᠬᠣ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠠᠨᠠᠯ》 (ᠥᠪᠥᠷ ᠵᠠᠰᠠᠭ ᠳᠠᠷᠬᠠᠭ᠋ᠠᠭᠰᠠᠨ[2013]28 ᠳ᠋ᠣᠭ᠋ᠠᠷ ᠳᠣᠭ᠋ᠠᠳᠣ) ᠪᠣᠯᠣᠨ 《ᠢᠮᠠᠭ᠋ᠠᠨ ᠨᠣᠯᠣᠣᠷ᠎ᠤᠨ ᠦᠢ᠍ᠯᠡᠰ᠎ᠢ ᠬᠦᠭᠵᠢᠭᠥᠯᠭᠥ ᠳᠣᠬᠠᠢ ᠥᠪᠥᠷ ᠮᠣᠩᠭᠣᠯ᠎ᠤᠨ ᠥᠪᠡᠷᠳᠡᠭᠡᠨ ᠵᠠᠰᠠᠬᠣ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠰᠠᠨᠠᠯ (ᠥᠪᠥᠷ ᠵᠠᠰᠠᠭ ᠳᠠᠷᠬᠠᠭ᠋ᠠᠭᠰᠠᠨ[2013]74 ᠳ᠋ᠤᠭᠡᠷ ᠳᠣᠭ᠋ᠠᠳᠣ)᠎ᠢ ᠲᠤᠭᠳᠠᠭ᠋ᠠᠨ ᠨᠡᠢ᠌ᠳᠡᠯᠡᠭᠡᠳ᠂ ᠢᠮᠠᠭ᠋ᠠᠨ ᠨᠣᠯᠣᠣᠷ᠎ᠢ ᠳᠥᠷ ᠴᠠᠭ ᠬᠤᠷᠢᠶᠠᠨ ᠬᠠᠳᠠᠭ᠋ᠠᠯᠠᠬᠣ ᠳᠥᠷᠥ ᠵᠢᠨ ᠪᠣᠳᠣᠯᠭ᠎ᠠ ᠵᠢ ᠬᠡᠪ᠎ᠤᠨ ᠴᠢᠨᠠᠷ᠎ᠲᠠᠢ ᠪᠣᠯᠭ᠋ᠠᠪᠠ᠃ ᠡᠨᠡ ᠵᠢᠯ᠂ ᠮᠠᠨ᠎ᠤ ᠲᠢᠩᠬᠢᠮ᠎ᠨᠢ ᠳᠠᠢ᠌ᠴᠢᠯᠠᠭᠴᠢ ᠠᠵᠣ ᠠᠬᠣᠢ᠌ᠯᠠᠯ᠎ᠢ   ᠪᠤᠢ᠌ᠵᠢᠭᠤᠯᠬᠤ ᠠᠬᠢᠴᠠ ᠵᠢ ᠳᠥᠷᠬᠡᠳᠬᠡᠵᠥ᠂ ᠠᠵᠣ ᠦᠢ᠍ᠯᠡᠰ᠎ᠤᠨ ᠲᠦᠪᠯᠡᠷᠡᠯ᠎ᠤᠨ ᠬᠦᠭᠵᠢᠯᠳᠡ ᠵᠢ ᠠᠬᠢᠭᠣᠯᠣᠨ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠬᠦ ᠲᠦᠪᠰᠢᠨ᠎ᠢ ᠳᠡᠭᠡᠭᠰᠢᠯᠡᠬᠦᠯᠭᠥ ᠳᠠᠯ᠎ᠠ᠎ᠪᠠᠷ᠂ ᠸᠠᠩ ᠵᠢᠶᠦ᠋ᠨ ᠱᠥᠵᠢ᠎ᠳᠤ ᠮᠡᠳᠡᠭᠦᠯᠤᠯᠳᠠ ᠲᠡᠪᠰᠢᠬᠦᠯᠵᠦ᠂ ᠸᠠᠩ ᠵᠢᠶᠦ᠋ᠨ ᠱᠥᠵᠢ ᠪᠣᠯᠣᠨ ᠸᠠᠩ ᠢᠦᠢ ᠮᠢᠩ ᠳᠡᠳ᠋ ᠳᠡᠷᠢᠭᠥᠯᠡᠭᠴᠢ᠎ᠠᠴᠠ ᠳᠡᠭᠡᠳᠤ ᠬᠡᠮᠵᠢᠶ᠎ᠡ᠎ᠪᠠᠷ ᠴᠢᠬᠣᠯᠠᠴᠢᠯᠠᠨ ᠥᠵᠡᠵᠥ ᠬᠦᠢ᠍ᠴᠡᠳ ᠨᠤᠳᠠᠯᠠᠭᠰᠠᠨ᠎ᠤ ᠬᠠᠮᠳᠣ ᠣᠷᠢᠳ ᠬᠣᠵᠢᠳ ᠴᠢᠬᠣᠯᠠ ᠴᠣᠬᠣᠯᠠᠪᠣᠷᠢ ᠥᠭᠪᠡ᠃ ᠥᠪᠡᠷᠳᠡᠭᠡᠨ ᠵᠠᠰᠠᠬᠣ ᠵᠠᠰᠠᠬᠣ ᠣᠷᠣᠨ᠎ᠤ ᠬᠣᠯᠪᠣᠭᠳᠠᠯ ᠪᠦᠬᠦᠢ ᠣᠳᠣᠷᠢᠳᠣᠯᠭ᠎ᠠ ᠵᠢᠨ ᠴᠤᠬᠤᠯᠠᠪᠤᠷᠢ ᠵᠢᠨ ᠵᠣᠷᠢᠭ ᠰᠠᠨᠠᠭ᠎ᠠ᠎ᠪᠠᠷ ᠪᠢᠳᠡ ᠮᠡᠳᠡᠭᠦᠯᠤᠯᠳᠡ ᠵᠢᠨ ᠠᠭᠣᠯᠭ᠎ᠠ᠎ᠳᠠᠭᠠᠨ ᠣᠯᠠᠮ ᠨᠢᠬᠡ ᠠᠯᠬᠣᠮ ᠵᠠᠰᠠᠪᠤᠷᠢ ᠤᠷᠤᠭᠤᠯᠤᠭᠰᠠᠨ᠎ᠤ ᠰᠡᠭᠦᠯᠡᠷ᠂ ᠤᠳᠠᠯ ᠦᠬᠡᠢ ᠥᠪᠡᠷᠳᠡᠭᠡᠨ ᠵᠠᠰᠠᠭ᠎ᠤᠨ ᠣᠷᠳᠣᠨ᠎ᠤ ᠠᠷᠠᠳ᠎ᠤᠨ ᠵᠠᠰᠠᠭ᠎ᠤᠨ ᠣᠷᠳᠣᠨ᠎ᠳᠤ ᠮᠡᠳᠡᠬᠦᠯᠵᠦ  ᠂ 《ᠳᠠᠢ᠌ᠴᠢᠯᠠᠭᠴᠢ ᠠᠵᠣ ᠠᠬᠣᠢ᠌ᠯᠠᠯ᠎ᠢ ᠪᠤᠢ᠌ᠵᠢᠭᠤᠯᠬᠤ ᠵᠢ ᠳᠥᠷᠬᠡᠳᠬᠡᠨ᠂ ᠠᠵᠣ ᠦᠢ᠍ᠯᠡᠰ ᠎ᠤᠨ ᠲᠦᠪᠯᠡᠷᠡᠯ᠎ᠤᠨ ᠬᠦᠭᠵᠢᠯᠳᠡ ᠵᠢ ᠳᠥᠯᠬᠢᠨ ᠠᠬᠢᠭᠣᠯᠵᠣ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠬᠦᠯᠤᠨ ᠡᠵᠡᠩᠨᠡᠬᠦ ᠵᠢ ᠳᠡᠭᠡᠭᠰᠢᠯᠡᠭᠥᠯᠭᠥ ᠳᠣᠬᠠᠢ ᠰᠠᠨᠠᠯ  》᠎ᠢ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠨᠡᠷ᠎ᠡ᠎ᠪᠠᠷ ᠨᠡᠢ᠌ᠳᠡᠯᠡᠬᠦᠯᠬᠦ᠎ᠪᠠᠷ ᠪᠠᠢ᠌ᠨ᠎ᠠ᠂ ᠡᠬᠦᠨ ᠎ᠤ ᠬᠠᠮᠳᠣ ᠳᠠᠷᠢᠶᠠᠯᠠᠩ ᠮᠠᠯ ᠠᠵᠣ ᠠᠬᠣᠢ ᠵᠢᠨ ᠲᠦᠷᠦᠯ ᠳᠡᠮᠳᠡᠭ ᠎ᠢ ᠪᠠᠢ᠌ᠭᠣᠯᠬᠣ ᠵᠢᠨ ᠳᠥᠯᠥᠬᠡ ᠮᠠᠨ᠎ᠤ ᠲᠢᠩᠬᠢᠮ᠎ᠨᠢ 《ᠲᠦᠷᠦᠯ ᠳᠡᠮᠳᠡᠭ ᠪᠦᠬᠦᠢ ᠲᠠᠷᠢᠶᠠᠯᠠᠩ ᠮᠠᠯ ᠠᠵᠣ ᠠᠬᠣᠢ ᠵᠢᠨ   ᠬᠦᠭᠵᠢᠯᠳᠡ ᠵᠢᠨ ᠠᠬᠢᠴᠠ ᠵᠢ ᠳᠥᠷᠬᠡᠳᠬᠡᠬᠦ ᠳᠣᠬᠠᠢ ᠰᠠᠨᠠᠯ  》᠎ᠢ ᠲᠤᠷᠠᠳᠴᠤ᠂ ᠮᠦᠨᠬᠦ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠨᠡᠷ᠎ᠡ᠎ᠪᠠᠷ ᠠᠯᠪᠠᠨ ᠶᠣᠰᠣᠨ᠎ᠤ ᠰᠠᠨᠠᠯ ᠪᠤᠯᠭ᠋ᠠᠨ ᠨᠡᠢ᠌ᠳᠡᠯᠡᠬᠦᠯᠬᠦ᠎ᠪᠠᠷ ᠪᠠᠢ᠌ᠨ᠎ᠠ᠃ ᠪᠡᠯᠡ ᠮᠥᠩᠭᠥ ᠵᠢᠨ ᠤᠷᠤᠭᠤᠯᠤᠯᠳᠠ ᠵᠢ ᠨᠠᠢ᠌ᠳᠠᠪᠣᠷᠢᠵᠢᠭᠣᠯᠬᠣ ᠳᠠᠯ᠎ᠠ᠎ᠪᠠᠷ᠂ ᠨᠢᠳᠣᠨᠣᠨ᠂ ᠥᠪᠡᠷᠳᠡᠭᠡᠨ ᠵᠠᠰᠠᠬᠣ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠣᠰᠬᠠᠢ ᠵᠦᠢ᠍ᠯ᠎ᠤᠨ ᠪᠡᠯᠡ ᠮᠥᠩᠭᠥ ᠪᠣᠯᠣᠨ ᠢᠮᠠᠭ᠋ᠠᠨ ᠨᠣᠯᠣᠣᠷ᠎ᠤᠨ ᠠᠵᠣ ᠦᠢ᠍ᠯᠡᠰ᠎ᠢ ᠳᠡᠳᠬᠦᠬᠦ ᠪᠡᠯᠡ ᠮᠥᠩᠭᠥ ᠳᠣᠰ ᠳᠣᠰ 1 ᠳ᠋ᠥᠩᠰᠢᠭᠣᠷ ᠳᠥᠭᠥᠷᠢᠭ ᠪᠠ 1.2 ᠳ᠋ᠥᠩᠰᠢᠭᠣᠷ ᠳᠥᠭᠥᠷᠢᠭ᠎ᠲᠤ ᠬᠦᠷᠪᠡ᠃ ᠡᠬᠦᠨ᠎ᠤ ᠬᠠᠮᠳᠣ᠂ ᠳᠠᠷᠢᠶᠠᠯᠠᠩ ᠮᠠᠯ ᠠᠵᠣ ᠠᠬᠣᠢ ᠵᠢᠨ ᠶᠠᠮᠣᠨ᠎ᠠᠴᠠ ᠭᠠᠷᠣᠯᠳᠠ ᠵᠢᠨ ᠣᠷᠣᠨ᠎ᠳᠤ ᠠᠩᠬ᠎ᠠ ᠡᠳ᠋ᠰᠢᠬᠦᠯᠤᠨ ᠠᠷᠠᠳ᠎ᠲᠤ ᠠᠰᠢᠭ ᠬᠦᠷᠳᠡᠭᠡᠬᠦ ᠢᠨᠵᠸᠨ᠋ᠸᠷᠢᠩ᠎ᠤᠨ ᠪᠡᠯᠡ ᠮᠥᠩᠭᠥ ᠵᠢ 5000 ᠳᠥᠮᠡᠨ ᠳᠥᠭᠥᠷᠢᠭ ᠣᠯᠬᠣ᠎ᠪᠠᠷ ᠴᠢᠷᠮᠠᠢ᠌ᠵᠣ ᠪᠠᠢ᠌ᠨ᠎ᠠ᠃ ᠳᠣᠬᠠᠢ᠌ᠯᠠᠭᠰᠠᠨ ᠠᠵᠢᠯ᠎ᠢ ᠵᠢᠭ᠋ᠠᠨ ᠵᠢᠯᠣᠭᠣᠳᠬᠣ ᠳᠠᠯ᠎ᠠ᠎ᠪᠠᠷ᠂ ᠨᠢᠳᠣᠨᠣᠨ᠂ ᠢᠮᠠᠭ᠋ᠠᠨ ᠨᠣᠯᠣᠣᠷ᠎ᠤᠨ ᠠᠵᠣ ᠦᠢ᠍ᠯᠡᠰ᠎ᠤᠨ ᠳᠣᠰᠬᠠᠢ ᠵᠦᠢ᠍ᠯ᠎ᠢ ᠳᠥᠯᠬᠢᠨ ᠠᠬᠢᠭᠣᠯᠬᠣ ᠬᠣᠷᠠᠯ ᠬᠢᠵᠦ᠂ ᠣᠷᠢᠳ ᠬᠣᠵᠢᠳ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠬᠦ ᠠᠬᠣᠢ ᠳᠠᠯᠠᠪᠣᠷ᠎ᠤᠨ ᠥᠵᠡᠭᠥᠯᠥᠯᠬᠡ ᠵᠢᠨ ᠬᠣᠷᠠᠯ᠂ ᠪᠦᠬᠦ ᠣᠷᠣᠨ᠎ᠤ ᠪᠣᠬᠢᠷᠳᠣᠯ ᠥᠬᠡᠢ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠡᠳ᠋ᠰᠢᠬᠦᠯᠵᠦ ᠭᠠᠳᠠᠭᠰᠢ ᠭᠠᠷᠭ᠋ᠠᠬᠣ ᠰᠠᠭᠣᠷᠢᠨ ᠭᠠᠵᠠᠷ ᠎ᠤᠨ ᠪᠦᠳᠤᠭᠡᠨ ᠪᠠᠢ᠌ᠭᠤᠯᠤᠯᠳᠠ ᠵᠢᠨ ᠪᠡᠯᠡ ᠤᠷᠤᠭᠤᠯᠤᠯᠳᠠ ᠠᠷᠠᠯᠵᠢᠶ᠎ᠠ ᠵᠢᠨ ᠵᠥᠪᠳᠡᠨ ᠬᠡᠯᠡᠯᠴᠡᠬᠦ ᠬᠣᠷᠠᠯ᠂ ᠥᠪᠥᠷ ᠮᠣᠩᠭᠣᠯ᠎ᠤᠨ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠤᠨ ᠶᠠᠷᠢᠯᠴᠠᠬᠤ ᠬᠣᠷᠠᠯ᠂ ᠠᠩᠬᠠᠳᠣᠭ᠋ᠠᠷ ᠬᠣᠭᠣᠴᠠᠭ᠋ᠠᠨ᠎ᠤ ᠥᠪᠥᠷ ᠮᠣᠩᠭᠣᠯ᠎ᠤᠨ ᠪᠤᠬᠢᠷᠳᠤᠯ ᠦᠬᠡᠢ ᠳᠠᠷᠢᠶᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ   ᠥᠵᠡᠰᠭᠥᠯᠡᠩ ᠪᠣᠯᠣᠨ ᠥᠪᠥᠷ ᠮᠣᠩᠭᠣᠯ (ᠵᠠᠯᠠᠨ ᠠᠢ᠌ᠯ)᠎ᠤᠨ ᠵᠢᠷᠭᠣᠳᠣᠭ᠋ᠠᠷ ᠬᠣᠭᠣᠴᠠᠭ᠋ᠠᠨ᠎ᠤ ᠪᠣᠬᠢᠷᠳᠣᠯ ᠥᠬᠡᠢ ᠢᠳᠡᠬᠡᠨ᠎ᠤ ᠰᠣᠯᠢᠯᠴᠠᠭ᠋ᠠᠨ᠎ᠤ ᠬᠣᠷᠠᠯ ᠵᠡᠷᠬᠡ ᠵᠢ ᠡᠷᠬᠢᠯᠡᠨ ᠶᠠᠪᠣᠭᠳᠠᠭᠣᠯᠪᠠ᠃ ᠡᠨᠡ ᠵᠢᠯ᠎ᠤᠨ 4   ᠳ᠋ᠤᠭᠡᠷ ᠰᠠᠷ᠎ᠠ ᠵᠢᠨ 21᠎ᠤ ᠡᠳᠥᠷ᠂ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠠᠵᠢᠯ᠎ᠤᠨ ᠬᠣᠷᠠᠯ ᠵᠢᠴᠢ ᠥᠪᠥᠷ ᠮᠣᠩᠭᠣᠯ᠎ᠤᠨ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠭᠡᠮᠯᠡᠭ᠎ᠤᠨ ᠠᠩᠬᠠᠳᠤᠭ᠋ᠠᠷ ᠬᠣᠭᠣᠴᠠᠭ᠋ᠠᠨ᠎ᠤ ᠬᠣᠶᠠᠳᠣᠭ᠋ᠠᠷ ᠣᠳᠠᠭ᠋ᠠᠨ᠎ᠤ ᠬᠡᠰᠢᠭᠥᠳ᠎ᠤᠨ ᠳᠥᠯᠥᠬᠡᠯᠡᠭᠴᠢᠳ᠎ᠤᠨ ᠶᠡᠬᠡ ᠬᠣᠷᠠᠯ᠎ᠢ ᠬᠣᠷᠠᠯᠳᠣᠭᠣᠯᠪᠠ᠂ ᠥᠪᠡᠷᠳᠡᠭᠡᠨ ᠵᠠᠰᠠᠬᠣ ᠣᠷᠣᠨ᠎ᠤ ᠵᠠᠰᠠᠭ᠎ᠤᠨ ᠣᠷᠳᠣᠨ᠎ᠤ ᠳᠡᠳ᠋ ᠳᠡᠷᠢᠭᠥᠯᠡᠭᠴᠢ ᠸᠠᠩ ᠢᠦᠢ ᠮᠢᠩ ᠬᠣᠷᠠᠯ᠎ᠳᠤ ᠤᠷᠤᠯᠴᠠᠨ ᠴᠢᠬᠣᠯᠠ ᠶᠠᠷᠢᠶ᠎ᠠ ᠳᠠᠯᠪᠢᠵᠣ᠂ ᠪᠦᠬᠦ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠵᠢ ᠳᠥᠯᠬᠢᠨ ᠠᠬᠢᠭᠣᠯᠬᠣ ᠵᠢᠴᠢ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠬᠡᠮᠯᠢᠭ᠎ᠤᠨ ᠠᠵᠢᠯ᠎ᠢ ᠰᠣᠳᠣᠯᠣᠨ ᠪᠠᠢ᠌ᠷᠢᠯᠠᠭᠣᠯᠣᠭᠰᠠᠨ ᠪᠠᠢ᠌ᠨ᠎ᠠ᠃ ᠠᠵᠢᠯ᠎ᠳᠠᠭᠠᠨ ᠰᠢᠨ᠎ᠡ ᠵᠢ ᠡᠭᠦᠳᠬᠦ ᠳᠠᠯ᠎ᠠ ᠎ᠪᠠᠷ᠂ ᠨᠢᠳᠣᠨᠣᠨ᠂ ᠠᠩᠬᠠᠳᠤᠭ᠋ᠠᠷ ᠬᠣᠭᠣᠴᠠᠭ᠋ᠠᠨ᠎ᠤ ᠥᠪᠥᠷ ᠮᠣᠩᠭᠣᠯ᠎ᠤᠨ ᠨᠡᠷᠡᠳᠥ ᠰᠢᠯᠢᠳᠡᠭ ᠣᠨᠴᠠ   ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠰᠢᠯᠭ᠋ᠠᠨ ᠳᠣᠭᠳᠠᠭ᠋ᠠᠬᠣ ᠠᠵᠢᠯ ᠥᠷᠨᠢᠭᠥᠯᠵᠥ᠂ 68 ᠠᠵᠣ ᠠᠬᠣᠢ᠌ᠯᠠᠯ᠎ᠤᠨ 84 ᠦᠢ᠍ᠯᠡᠳᠬᠦᠨ᠎ᠨᠢ ᠨᠡᠷᠡᠳᠥ ᠰᠢᠯᠢᠳᠡᠭ ᠣᠨᠴᠠ ᠦᠢ᠍ᠯᠡᠳᠬᠦᠨ ᠵᠶ᠋ᠠᠷ ᠦᠨᠡᠯᠡᠭᠳᠡᠪᠡ; ᠰᠢᠯᠢ ᠵᠢᠨ ᠭᠣᠣᠯ ᠠᠢ᠌ᠮᠠᠭ᠎ᠢ ᠬᠠᠪᠰᠤᠷᠤᠨ ᠢᠳᠡᠰᠢᠨ ᠬᠣᠨᠢᠨ᠎ᠤ ᠠᠵᠣ ᠦᠢ᠍ᠯᠡᠰ᠎ᠤᠨ ᠴᠢᠨᠠᠷ  ᠎ᠢ ᠮᠥᠷᠳᠡᠬᠦ ᠰᠢᠰᠲᠸᠮᠵᠢ ᠵᠢᠨ ᠪᠦᠳᠦᠬᠡᠨ ᠪᠠᠢ᠌ᠭᠣᠯᠣᠯᠳᠠ ᠵᠢ ᠥᠷᠨᠢᠭᠥᠯᠪᠡ; ᠥᠪᠥᠷ ᠮᠣᠩᠭᠣᠯ᠎ᠤᠨ ᠳᠠᠷᠢᠶᠠᠯᠠᠩ ᠮᠠᠯ ᠠᠵᠣ ᠠᠬᠣᠢ ᠵᠢᠨ ᠪᠡᠯᠡ ᠲᠤᠬᠢᠷᠠᠭᠤᠯᠭ᠎ᠠ ᠵᠢᠨ ᠪᠠᠳᠤᠯᠠᠭ᠎ᠠ ᠵᠢᠨ ᠺᠣᠮᠫᠠᠨᠢ ᠵᠢ ᠡᠬᠢᠯᠡᠵᠥ   ᠪᠡᠯᠡᠳᠭᠡᠨ ᠪᠠᠢ᠌ᠭᠣᠯᠵᠣ᠂ ᠵᠠᠰᠠᠭ᠎ᠤᠨ ᠣᠷᠳᠣᠨ ᠪᠡᠯᠡ ᠣᠷᠣᠭᠣᠯᠬᠣ ᠵᠢᠨ ᠬᠠᠮᠳᠣ ᠠᠵᠣ ᠠᠬᠣᠢ᠌ᠯᠠᠯ᠎ᠤᠨ ᠪᠡᠯᠡ ᠮᠥᠩᠭᠥ ᠵᠢ ᠳᠠᠳᠠᠨ   ᠣᠷᠣᠭᠣᠯᠵᠣ᠂ ᠳᠠᠭ᠋ᠠᠭᠣᠯᠣᠭᠴᠢ ᠠᠵᠣ ᠠᠬᠣᠢ᠌ᠯᠠᠯ᠎ᠳᠤ ᠪᠡᠯᠡ ᠳᠤᠬᠢᠷᠠᠭᠤᠯᠭ᠎ᠠ ᠵᠢᠨ   ᠪᠠᠳᠤᠯᠠᠭ᠎ᠠ ᠵᠢᠨ ᠦᠢ᠍ᠯᠡᠴᠢᠯᠡᠬᠡ ᠬᠠᠩᠭ᠋ᠠᠵᠣ ᠥᠭᠪᠡ᠃
[ᠶᠦᠨ ᠠᠢ ᠾᠸᠥ] ᠳᠣᠯᠣᠭ᠎ᠠ᠎ᠳᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠭᠡᠮᠯᠢᠭ᠎ᠤᠨ ᠠᠵᠢᠯ᠎ᠨᠢ ᠠᠩᠬ᠎ᠠ ᠠᠯᠬᠤᠮ ᠠᠮᠵᠢᠯᠳᠠ ᠤᠯᠪᠠ᠃ ᠨᠢᠳᠣᠨᠣᠨ᠎ᠤ 3 ᠳ᠋ᠣᠭ᠋ᠠᠷ ᠰᠠᠷ᠎ᠠ᠎ᠳᠤ ᠪᠠᠢ᠌ᠭᠣᠯᠣᠭᠳᠠᠭᠰᠠᠨ᠎ᠠᠴᠠ᠎ᠪᠠᠨ ᠠᠪᠣᠭ᠋ᠠᠳ᠂ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠬᠡᠮᠯᠢᠭ᠎ᠨᠢ ᠠᠵᠢᠯ᠎ᠤᠨ ᠡᠭᠦᠷᠭᠡ ᠬᠠᠷᠢᠭ᠋ᠠᠴᠠᠯᠭ᠎ᠠ᠎ᠪᠠᠨ ᠨᠠᠷᠢᠨ ᠬᠢᠨᠠᠮᠠᠭ᠋ᠠᠢ ᠬᠦᠢ᠍ᠴᠡᠳᠭᠡᠵᠦ᠂ ᠶᠡᠬᠡ ᠬᠡᠮᠵᠢᠶᠡᠨ᠎ᠤ ᠠᠮᠵᠢᠯᠳᠠ ᠪᠦᠳᠤᠭᠡᠯ᠎ᠲᠠᠢ ᠠᠵᠢᠯ᠎ᠤᠳ᠎ᠢ ᠬᠢᠪᠡ᠃ ᠬᠤᠳᠠᠯᠳᠤᠭ᠎ᠠ ᠪᠤᠷᠤᠯᠠᠭᠤᠯᠭ᠎ᠠ ᠵᠢᠨ ᠳᠠᠪᠴᠠᠩ ᠪᠠᠢ᠌ᠭᠤᠯᠬᠤ᠂ ᠣᠷᠣᠨ᠎ᠤ ᠭᠠᠳᠠᠨᠠᠬᠢ ᠵᠠᠬ᠎ᠠ ᠳᠡᠯᠬᠡᠬᠦᠷ᠎ᠢ ᠦᠷᠬᠡᠳᠭᠡᠬᠦ᠂ ᠠᠵᠣ ᠠᠬᠣᠢ᠌ᠯᠠᠯ᠎ᠤᠨ ᠲᠦᠷᠦᠯ ᠳᠡᠮᠳᠡᠭ᠎ᠤᠨ ᠳᠥᠷᠢ ᠵᠢ ᠳᠡᠭᠡᠭᠰᠢᠯᠡᠬᠦᠯᠭᠥ ᠳᠠᠯ᠎ᠠ᠎ᠪᠠᠷ᠂ ᠨᠢᠳᠤᠨᠤᠨ᠂ ᠨᠡᠢ᠌ᠬᠡᠮᠯᠢᠭ᠎ᠨᠢ ᠪᠡᠬᠡᠵᠢᠩ ᠪᠠ ᠱᠠᠩᠬᠠᠢ᠎ᠳᠤ ᠳᠣᠰ ᠳᠣᠰ ᠬᠡᠷᠡᠭ ᠡᠷᠬᠢᠯᠡᠬᠦ ᠭᠠᠵᠠᠷ ᠪᠠᠢ᠌ᠭᠣᠯᠵᠣ᠂ ᠥᠪᠥᠷ ᠮᠣᠩᠭᠣᠯ᠎ᠤᠨ ᠨᠡᠷᠡᠳᠥ ᠰᠢᠯᠢᠳᠡᠭ ᠣᠨᠴᠠ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠥᠵᠡᠰᠭᠥᠯᠡᠩ᠎ᠤᠨ ᠣᠷᠳᠣᠨ ᠪᠠᠢ᠌ᠭᠣᠯᠣᠨ᠂ ᠮᠠᠨ᠎ᠤ ᠣᠷᠣᠨ᠎ᠤ ᠪᠣᠬᠢᠷᠳᠣᠯ ᠥᠬᠡᠢ ᠴᠢᠨᠠᠷ ᠰᠠᠢ᠌ᠲᠠᠢ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠳᠥᠪᠯᠡᠷᠡᠭᠥᠯᠥᠨ ᠳᠡᠯᠬᠡᠨ ᠦᠵᠡᠬᠦᠯᠤᠭᠡᠳ᠂ ᠡᠨᠡ᠎ᠨᠢ ᠥᠪᠥᠷ ᠮᠣᠩᠭᠣᠯ᠎ᠤᠨ ᠣᠯᠣᠰ᠎ᠤᠨ ᠳᠣᠳᠣᠭ᠋ᠠᠳᠣ᠎ᠳᠠᠬᠢ ᠶᠡᠬᠡ ᠬᠤᠳᠠᠳ᠎ᠲᠤ ᠨᠡᠷᠡᠳᠥ ᠰᠢᠯᠢᠳᠡᠭ ᠣᠨᠴᠠ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ᠎ᠪᠠᠨ ᠳᠡᠯᠬᠡᠨ ᠪᠤᠷᠤᠯᠠᠭᠤᠯᠵᠦ ᠳᠠᠭᠣᠰᠣᠰᠢ ᠦᠬᠡᠢ ᠥᠵᠡᠰᠭᠥᠯᠡᠩ ᠪᠤᠯᠤᠭᠰᠠᠨ ᠪᠦᠭᠡᠳ ᠨᠡᠢ᠌ᠬᠡᠮᠯᠢᠭ᠎ᠤᠨ 400 ᠢᠯᠡᠬᠦᠦ ᠬᠡᠰᠢᠭᠥᠨ ᠨᠢᠭᠡᠴᠡ᠎ᠳᠡᠭᠡᠨ   ᠪᠡᠬᠡᠵᠢᠩ ᠱᠠᠩᠬᠠᠢ ᠵᠢᠴᠢ ᠬᠦᠬᠡᠮᠥ᠋ᠷᠡᠨ᠎ᠤ ᠭᠣᠷᠪᠠᠯᠵᠢᠨ ᠬᠣᠢ᠌ᠭ᠎ᠤᠨ ᠵᠠᠬ᠎ᠠ ᠳᠡᠯᠬᠡᠬᠦᠷ᠎ᠢ ᠦᠷᠬᠡᠳᠬᠡᠬᠦ᠎ᠳᠤᠨᠢ᠂ ᠮᠠᠰᠢ ᠰᠠᠢ᠌ᠨ ᠦᠵᠡᠬᠦᠯᠤᠯᠭᠡ ᠵᠢᠨ ᠴᠣᠩᠬᠣ ᠪᠠ ᠪᠣᠷᠣᠯᠠᠭᠣᠯᠭ᠎ᠠ ᠵᠢᠨ ᠳᠠᠪᠴᠠᠩ᠎ᠢ ᠬᠠᠩᠭ᠋ᠠᠵᠣ ᠥᠭᠪᠡ᠃ ᠪᠠᠩᠬᠢ ᠬᠢᠭᠡᠳ ᠠᠵᠦ ᠠᠬᠤᠢ᠌ᠯᠠᠯ᠎ᠤᠨ ᠬᠠᠷᠢᠴᠠᠬᠣ ᠳᠠᠯ᠎ᠠ᠎ᠪᠠᠷ᠂ ᠨᠡᠢ᠌ᠬᠡᠮᠯᠢᠭ᠎ᠨᠢ ᠪᠣᠭᠣᠳᠣ ᠵᠢᠨ ᠬᠣᠳᠠᠯᠳᠣᠭ᠋ᠠᠨ᠎ᠤ ᠪᠠᠩᠬᠢ ᠵᠡᠷᠬᠡ 5 ᠮᠥᠩᠭᠥᠨ ᠬᠦᠢ᠍ᠯᠬᠡᠬᠡ ᠵᠢᠨ ᠪᠠᠢ᠌ᠭᠣᠯᠣᠮᠵᠢ᠎ᠯᠤᠭ᠎ᠠ 《ᠪᠠᠢ᠌ᠯᠳᠣᠬᠣ ᠪᠣᠳᠣᠯᠭ᠎ᠠ ᠵᠢᠨ ᠬᠠᠮᠳᠤᠷᠠᠯᠴᠠᠭ᠎ᠠ ᠵᠢᠨ ᠵᠥᠪᠯᠡᠯᠴᠡᠬᠡᠷ》 ᠳᠣᠭᠳᠠᠵᠣ᠂ ᠵᠠᠮ ᠬᠠᠷᠢᠯᠴᠠᠭ᠋ᠠᠨ᠎ᠤ ᠪᠠᠩᠬᠢ ᠵᠢᠨ ᠥᠪᠥᠷ ᠮᠣᠩᠭᠣᠯ᠎ᠳᠠᠬᠢ ᠬᠣᠪᠢᠶᠠᠷᠢ ᠪᠠᠩᠬᠢ ᠵᠡᠷᠬᠡ 10 ᠭᠠᠷᠣᠢ ᠮᠥᠩᠭᠥᠨ ᠬᠦᠢ᠍ᠯᠬᠡᠬᠡ ᠵᠢᠨ ᠪᠠᠢ᠌ᠭᠣᠯᠣᠮᠵᠢ᠎ᠯᠤᠭ᠎ᠠ ᠬᠠᠮᠳᠤᠷᠠᠯᠴᠠᠭ᠎ᠠ ᠦᠷᠨᠢᠬᠦᠯᠵᠦ᠂ ᠨᠢᠬᠡ ᠪᠥᠯᠥᠭ ᠳᠠᠷᠢᠶᠠᠯᠠᠩ ᠮᠠᠯ ᠠᠵᠣ ᠠᠬᠣᠢ ᠵᠢᠨ ᠠᠵᠣ ᠠᠬᠣᠢ᠌ᠯᠠᠯ᠎ᠢ ᠬᠠᠪᠰᠣᠷᠣᠨ ᠵᠢᠬᠡᠯᠡᠯᠬᠡ ᠵᠢᠨ ᠠᠰᠠᠭᠣᠳᠠᠯ᠎ᠢ᠎ᠨᠢ ᠰᠢᠢ᠍ᠳᠪᠥᠷᠢᠯᠡᠵᠥ ᠥᠭᠪᠡ᠃ ᠰᠢᠨᠵᠢᠯᠡᠬᠦ ᠤᠬᠠᠭ᠋ᠠᠨ ᠮᠡᠷᠬᠡᠵᠢᠯ ᠵᠶ᠋ᠠᠷ ᠳᠣᠯᠭ᠋ᠠᠭᠣᠷᠢᠯᠠᠬᠣ ᠳᠠᠯ᠎ᠠ᠎ᠪᠠᠷ᠂ ᠨᠡᠢ᠌ᠭᠡᠮᠯᠢᠭ᠎ᠨᠢ ᠳᠡᠳ᠋ ᠬᠡᠷᠡᠭ ᠡᠷᠬᠢᠯᠡᠭᠴᠢ ᠨᠢᠭᠡᠴᠡ ᠪᠣᠯᠬᠣ ᠥᠪᠥᠷ ᠮᠣᠩᠭᠣᠯ᠎ᠤᠨ ᠳᠠᠷᠢᠶᠠᠯᠠᠩ ᠮᠠᠯ ᠠᠵᠣ ᠠᠬᠣᠢ ᠵᠢᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠂ ᠳᠠᠷᠢᠶᠠᠯᠠᠩ᠎ᠤᠨ ᠶᠡᠬᠡ ᠰᠣᠷᠭ᠋ᠠᠭᠣᠯᠢ᠎ᠲᠠᠢ ᠬᠠᠮᠳᠣᠪᠠᠷ ᠠᠵᠣ ᠠᠬᠣᠢ᠌ᠯᠠᠯ   ᠬᠢᠭᠡᠳ ᠰᠢᠨᠵᠢᠯᠡᠬᠦ ᠤᠬᠠᠭ᠋ᠠᠨ᠎ᠤ ᠰᠣᠳᠣᠯᠭ᠋ᠠᠨ᠎ᠤ ᠬᠦᠷᠢᠶᠡᠯᠡᠩ ᠭᠠᠵᠠᠷ᠎ᠤᠨ ᠬᠤᠭᠤᠷᠤᠨᠳᠤ᠎ᠪᠠᠨ ᠰᠤᠯᠢᠯᠴᠠᠬᠤ ᠳᠠᠪᠴᠠᠩ᠎ᠢ ᠪᠠᠢ᠌ᠭᠣᠯᠵᠣ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠨᠢᠬᠡᠴᠡ ᠪᠠ ᠠᠵᠣ ᠠᠬᠣᠢ᠌ᠯᠠᠯ ᠬᠠᠮᠳᠤᠷᠠᠯᠴᠠᠨ ᠴᠣᠭᠭ᠋ᠠᠷ ᠠᠰᠢᠭ ᠬᠦᠷᠳᠡᠬᠦ ᠲᠤᠭᠳᠠᠴᠠ ᠪᠠᠢ᠌ᠭᠣᠯᠣᠨ᠂ ᠰᠢᠨᠵᠢᠯᠡᠬᠦ ᠤᠬᠠᠭ᠋ᠠᠨ ᠮᠡᠷᠬᠡᠵᠢᠯ᠎ᠤᠨ ᠥᠷ᠎ᠡ ᠪᠦᠳᠤᠭᠡᠯ᠎ᠢ ᠪᠠᠷᠢᠨ ᠳᠤᠤᠷ᠎ᠠ᠎ᠪᠠᠨ ᠪᠣᠳᠠᠳᠣ ᠦᠢ᠍ᠯᠡᠳᠪᠥᠷᠢᠯᠡᠯ᠎ᠤᠨ ᠬᠦᠴᠦᠨ ᠪᠤᠯᠭ᠋ᠠᠨ ᠤᠯᠠᠷᠢᠭᠤᠯᠬᠤ᠎ᠳᠤ ᠨᠥᠭᠥᠴᠡᠯ ᠪᠥᠷᠢᠯᠳᠥᠭᠥᠯᠵᠥ ᠥᠭᠴᠠᠢ᠃ ᠬᠠᠥᠯᠢ ᠴᠠᠭ᠋ᠠᠵᠠ ᠵᠢᠨ ᠦᠢ᠍ᠯᠡᠴᠢᠯᠡᠬᠡᠨ᠎ᠤ ᠳᠠᠯ᠎ᠠ᠎ᠪᠠᠷ᠂ ᠨᠡᠢ᠌ᠬᠡᠮᠯᠢᠭ᠎ᠨᠢ ᠳᠠᠭ᠋ᠠᠭᠣᠯᠣᠭᠴᠢ ᠠᠵᠣ ᠠᠬᠣᠢ᠌ᠯᠠᠯ᠎ᠤᠨ ᠬᠠᠥᠯᠢ ᠴᠠᠭ᠋ᠠᠵᠠ ᠵᠢᠨ ᠶᠠᠪᠣᠳᠠᠯ᠎ᠤᠨ ᠬᠡᠷᠡᠭᠴᠡᠬᠡ ᠵᠢ ᠢᠳᠡᠪᠬᠢᠳᠠᠢ ᠣᠢ᠌ᠯᠠᠭ᠋ᠠᠵᠣ᠂ ᠬᠠᠪᠰᠣᠷᠣᠭᠣᠯᠬᠣ ᠴᠢᠬᠤᠯᠠ᠎ᠲᠠᠢ ᠠᠵᠣ ᠠᠬᠣᠢ᠌ᠯᠠᠯ᠎ᠳᠤ ᠬᠠᠥᠯᠢ ᠴᠠᠭ᠋ᠠᠵᠠ ᠵᠢᠨ ᠦᠢ᠍ᠯᠡᠴᠢᠯᠡᠬᠡ ᠬᠠᠩᠭ᠋ᠠᠵᠣ ᠥᠭᠪᠡ᠃ ᠠᠵᠢᠯ ᠳᠥᠷᠥᠯ᠎ᠤᠨ ᠪᠡᠶ᠎ᠡ᠎ᠪᠠᠨ ᠱᠠᠭ᠋ᠠᠷᠳᠠᠬᠣ ᠳᠠᠯ᠎ᠠ᠎ᠪᠠᠷ᠂ ᠨᠡᠢ᠌ᠬᠡᠮᠯᠢᠭ᠎ᠨᠢ ᠥᠪᠥᠷ ᠮᠣᠩᠭᠣᠯ᠎ᠤᠨ ᠶᠡᠬᠡ ᠮᠠᠯᠵᠢᠯ᠎ᠤᠨ ᠳᠠᠯᠠᠪᠠᠢ ᠢᠳᠡᠬᠡᠨ᠎ᠤ ᠬᠢᠵᠠᠭ᠋ᠠᠷᠳᠣ ᠬᠠᠷᠢᠭᠣᠴᠠᠯᠭ᠋ᠠᠳᠣ ᠺᠣᠮᠫᠠᠨᠢ ᠵᠡᠷᠬᠡ 155 ᠳᠠᠷᠢᠶᠠᠯᠠᠩ ᠮᠠᠯ ᠠᠵᠣ ᠠᠬᠣᠢ ᠵᠢᠨ ᠳᠠᠭ᠋ᠠᠭᠣᠯᠣᠭᠴᠢ ᠠᠵᠣ ᠠᠬᠣᠢ᠌ᠯᠠᠯ᠎ᠢ ᠵᠣᠬᠢᠶᠠᠨ   ᠪᠠᠢ᠌ᠭᠣᠯᠣᠨ᠂ 《ᠥᠪᠥᠷ ᠮᠣᠩᠭᠣᠯ᠎ᠤᠨ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ   ᠳᠠᠭ᠋ᠠᠭᠤᠯᠤᠭᠴᠢ ᠠᠵᠣ ᠠᠬᠣᠢ᠌ᠯᠠᠯ᠎ᠤᠨ ᠢᠳᠡᠬᠡᠯ ᠬᠦᠨᠳᠤ ᠵᠢᠨ ᠪᠠᠢ᠌ᠭᠤᠯᠤᠯᠳᠠ ᠵᠢᠨ ᠠᠮᠠᠯᠠᠯᠳᠠ ᠵᠢᠨ ᠪᠢᠴᠢᠭ》᠎ᠲᠤ ᠰᠠᠢ᠌ᠨ ᠳᠣᠷ᠎ᠠ᠎ᠠᠴᠠ᠎ᠪᠠᠨ ᠭᠠᠷ᠎ᠤᠨ ᠥᠰᠥᠭ ᠵᠢᠷᠣᠵᠣ᠂ ᠪᠣᠬᠢᠷᠳᠣᠯ ᠥᠬᠡᠢ   ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠪᠣᠯᠪᠠᠰᠣᠷᠠᠭᠣᠯᠣᠨ ᠡᠳ᠋ᠰᠢᠬᠦᠯᠤᠨ ᠭᠠᠳᠠᠭᠰᠢ ᠭᠠᠷᠭ᠋ᠠᠬᠣ ᠰᠠᠭᠣᠷᠢᠨ ᠭᠠᠵᠠᠷ ᠪᠠᠢ᠌ᠭᠣᠯᠬᠣ ᠵᠢᠨ ᠳᠣᠰᠠᠳᠠ ᠨᠡᠢ᠌ᠬᠡᠮ ᠨᠡᠢ᠌ᠳᠡ᠎ᠳᠤ 《ᠥᠨᠡᠨᠴᠢ ᠢᠳᠡᠬᠡᠮᠵᠢᠳᠠᠢ᠂ ᠳᠥᠷᠢᠮ᠎ᠢ ᠵᠢᠷᠣᠮᠯᠠᠬᠣ᠂ ᠪᠡᠶ᠎ᠡ᠎ᠪᠠᠨ ᠱᠠᠭ᠋ᠠᠷᠳᠠᠬᠣ᠂ ᠬᠦᠭᠵᠢᠭᠥᠯᠭᠥ》 ᠢᠳᠡᠭᠡᠯᠳᠤ ᠳᠣᠩᠬᠠᠭ᠎ᠢ ᠢᠯᠡ᠎ᠪᠠᠷ ᠨᠡᠢ᠌ᠳᠡᠯᠡᠭᠥ ᠵᠢᠨ ᠬᠠᠮᠳᠣ ᠦᠢ᠍ᠯᠡᠳᠬᠦᠨ᠎ᠢ ᠲᠦᠬᠦᠬᠡᠢ ᠡᠳ᠋ ᠮᠠᠲᠸᠷᠢᠶᠠᠯ  ᠂ ᠦᠢ᠍ᠯᠡᠳᠪᠤᠷᠢᠯᠡᠯ᠂ ᠪᠤᠷᠤᠯᠡᠭ᠋ᠠᠯᠭ᠎ᠠ ᠵᠢᠨ ᠡᠯ᠎ᠡ ᠵᠠᠩᠭᠢᠯᠠᠭ᠎ᠠ᠎ᠠᠴᠠ᠎ᠨᠢ ᠯᠠᠪᠳᠠᠢ ᠠᠶᠣᠯ ᠥᠬᠡᠢ ᠪᠠᠢ᠌ᠯᠭ᠋ᠠᠬᠤ ᠵᠢ   ᠪᠠᠳᠤᠯᠠᠵᠦ᠂ ᠬᠡᠷᠡᠭᠯᠡᠭᠴᠢᠳ᠎ᠢ ᠰᠠᠨᠠᠭ᠎ᠠ   ᠠᠮᠤᠷ᠂ ᠠᠷᠠᠳ ᠣᠯᠠᠨ᠎ᠢ ᠬᠠᠨᠤᠮᠵᠢᠲᠠᠢ ᠪᠠᠢ᠌ᠯᠭ᠋ᠠᠵᠦ᠂ ᠢᠳᠡᠬᠡᠨ ᠪᠠ ᠡᠮ᠎ᠤᠨ ᠵᠦᠢ᠍ᠯ᠎ᠤᠨ ᠬᠠᠮᠢᠶᠠᠷᠣᠯᠳᠠ ᠵᠢᠨ ᠰᠠᠯᠠᠭ᠎ᠠ ᠮᠥᠴᠢᠷ᠂ ᠠᠵᠢᠯ ᠳᠥᠷᠥᠯ ᠨᠢᠬᠡᠳᠡᠨ ᠪᠠ ᠨᠡᠢ᠌ᠬᠡᠮ᠎ᠤᠨ ᠡᠯ᠎ᠡ ᠡᠳᠡᠭᠡᠳ᠎ᠤᠨ᠎ᠬᠢᠨ᠎ᠤ ᠬᠢᠨᠠᠯᠳᠠ ᠵᠢ ᠰᠠᠢ᠌ᠨ ᠳᠣᠷ᠎ᠠ᠎ᠠᠴᠠ᠎ᠪᠠᠨ ᠬᠦᠯᠢᠶᠡᠨ᠎ᠡ ᠬᠡᠵᠦ ᠳᠥᠪ ᠴᠢᠩᠭ᠎ᠠ ᠠᠮᠠᠯᠳᠠᠭᠰᠠᠨ   ᠪᠠᠢ᠌ᠨ᠎ᠠ᠃
[ᠬᠦᠳᠥᠯᠥᠭᠴᠢ] ᠣᠳᠣᠬᠠᠨ᠎ᠳᠤ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰᠵᠢᠯᠳᠡ ᠵᠢ ᠬᠦᠭᠵᠢᠭᠥᠯᠭᠥ᠎ᠳᠤ ᠶᠠᠮᠠᠷ ᠶᠠᠮᠠᠷ ᠠᠰᠠᠭᠣᠳᠠᠯ ᠪᠠ ᠬᠦᠷᠦᠯᠴᠡᠬᠦ ᠦᠬᠡᠢ ᠳᠠᠯ᠎ᠠ ᠣᠷᠣᠰᠢᠵᠣ ᠪᠠᠢ᠌ᠬᠣ ᠪᠣᠢ?
[ᠶᠦᠨ ᠠᠢ ᠾᠸᠥ] ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠬᠦᠭᠵᠢᠯᠳᠡ ᠵᠢᠨ ᠣᠯᠣᠭᠰᠠᠨ ᠠᠮᠵᠢᠯᠳᠠ ᠪᠦᠳᠤᠭᠡᠯ᠎ᠢ ᠨᠣᠳ᠋ᠯᠠᠬᠣ ᠵᠢᠨ ᠬᠠᠮᠳᠣ ᠪᠠᠰᠠ ᠬᠦᠭᠵᠢᠯᠳᠡ ᠵᠢᠨ ᠳᠣᠮᠳᠠ ᠴᠦᠬᠡᠨ ᠪᠤᠰᠤ ᠠᠰᠠᠭᠣᠳᠠᠯ ᠣᠷᠣᠰᠢᠬᠣ ᠪᠠᠢ᠌ᠬᠣ ᠵᠢ ᠳᠣᠳᠣᠷᠬᠠᠢ ᠣᠯᠵᠣ ᠬᠠᠷᠠᠬᠣ ᠬᠡᠷᠡᠭᠳᠠᠢ᠃ ᠨᠢᠬᠡ᠎ᠳᠤ ᠳᠤᠤᠷ᠎ᠠ ᠬᠢᠷᠢ ᠳᠥᠪᠰᠢᠨ ᠵᠶ᠋ᠡᠷ ᠳᠠᠪᠳᠠᠨ ᠪᠠᠢ᠌ᠭᠣᠯᠵᠣ ᠪᠠᠢ᠌ᠭ᠎ᠠ ᠠᠰᠠᠭᠣᠳᠠᠯ ᠨᠡᠯᠢᠶᠡᠳ ᠬᠦᠨᠳᠥ ᠨᠣᠴᠢᠳᠠᠢ ᠪᠠᠢ᠌ᠨ᠎ᠠ᠃ ᠬᠡᠪᠴᠢᠶ᠎ᠡ᠎ᠪᠠᠷ ᠪᠠᠭ᠎ᠠ᠂ ᠲᠦᠷᠦᠯ ᠳᠡᠮᠳᠡᠭ ᠬᠣᠯᠢᠮᠠᠭ᠂ ᠥᠷ᠎ᠡ ᠠᠰᠢᠭ᠎ᠨᠢ ᠳᠣᠣᠷ᠎ᠠ᠂ ᠥᠷᠢᠰᠥᠯᠳᠥᠬᠡᠨ᠎ᠨᠢ ᠡᠮᠬᠢ ᠵᠠᠮᠪᠠᠷᠠᠭ᠎ᠠ ᠥᠬᠡᠢ ᠵᠡᠷᠬᠡ ᠥᠵᠡᠭᠳᠡᠯ ᠳᠣᠪᠣᠢ᠌ᠮ᠎ᠠ ᠪᠠᠢ᠌ᠨ᠎ᠠ᠃ ᠬᠣᠶᠠᠷ᠎ᠲᠤ ᠬᠦᠭᠵᠢᠯᠳᠡ ᠵᠢᠨ ᠴᠢᠨᠠᠷ ᠴᠢᠨᠰᠠᠭ᠎ᠠ ᠳᠣᠣᠷ᠎ᠠ ᠪᠠᠢ᠌ᠨ᠎ᠠ᠃ ᠣᠯᠠᠩᠬᠢ ᠠᠵᠣ ᠠᠬᠣᠢ᠌ᠯᠠᠯ ᠮᠦᠨᠬᠦ ᠳᠠᠩ ᠭᠠᠭᠴᠠ ᠬᠡᠪᠴᠢᠶ᠎ᠡ᠎ᠪᠠᠨ ᠯᠡ ᠥᠷᠬᠡᠳᠬᠡᠬᠦ ᠬᠦᠭᠵᠢᠯᠳᠡ ᠵᠢᠨ ᠵᠠᠮ ᠵᠶ᠋ᠠᠷ ᠵᠠᠮᠨᠠᠵᠣ᠂ ᠰᠢᠨᠵᠢᠯᠡᠬᠦ ᠤᠬᠠᠭ᠋ᠠᠨ ᠮᠡᠷᠬᠡᠵᠢᠯ᠎ᠤᠨ ᠰᠢᠨ᠎ᠡ ᠵᠢ ᠡᠭᠦᠳᠬᠦ ᠴᠢᠳᠠᠪᠣᠷᠢ ᠨᠡᠢ᠌ᠳᠡᠮ᠎ᠳᠡᠭᠡᠨ ᠨᠡᠯᠢᠶᠡᠳ ᠳᠣᠷᠣᠢ᠂ ᠭᠤᠤᠯᠯᠠᠬᠤ ᠥᠷᠢᠰᠥᠯᠳᠥᠬᠡᠨ᠎ᠤ ᠴᠢᠳᠠᠯ ᠵᠶ᠋ᠠᠷ ᠳᠣᠳᠠᠮᠠᠭ᠂ ᠳᠥᠭᠰᠢᠭᠥᠷᠢ ᠵᠢ ᠲᠤᠯᠬᠤ ᠴᠢᠳᠠᠯ ᠵᠶ᠋ᠡᠷ ᠨᠡᠯᠢᠶᠡᠳ ᠪᠠᠭᠤᠷᠠᠢ ᠪᠠᠢ᠌ᠨ᠎ᠠ᠃ ᠭᠣᠷᠪᠠ᠎ᠳᠤ ᠠᠰᠢᠭ ᠳᠣᠰᠠ ᠵᠢ ᠬᠤᠯᠪᠤᠯᠴᠠᠭᠤᠯᠬᠤ ᠳᠣᠭᠳᠠᠴᠠ ᠪᠥᠷᠢᠨ ᠪᠤᠰᠤ᠂ ᠳᠡᠬᠦᠯᠳᠡᠷ ᠪᠤᠰᠤ ᠪᠠᠢ᠌ᠨ᠎ᠠ᠃ ᠰᠠᠭᠣᠷᠢᠨ ᠭᠠᠵᠠᠷ᠂ ᠮᠠᠯᠴᠢᠨ ᠳᠠᠷᠢᠶᠠᠴᠢᠨ ᠬᠢᠬᠡᠳ ᠠᠵᠣ ᠠᠬᠣᠢ᠌ᠯᠠᠯ᠎ᠤᠨ ᠬᠣᠭᠣᠷᠣᠨᠳᠣᠬᠢ ᠠᠰᠢᠭ ᠳᠣᠰᠠ ᠵᠢᠨ ᠬᠣᠯᠪᠣᠯᠴᠠᠭ᠎ᠠ ᠨᠢᠭᠳᠠ ᠪᠤᠰᠤ ᠪᠠᠢ᠌ᠬᠤ ᠪᠠ ᠴᠢᠨᠠᠭᠰᠢᠯᠠᠪᠠᠯ ᠰᠠᠯᠤᠩᠬᠢᠷᠠᠵᠦ᠂ ᠠᠰᠢᠭ ᠳᠣᠰᠠ ᠵᠢᠨ ᠬᠠᠮᠳᠤ ᠵᠢᠨ ᠴᠣᠭᠴᠠ ᠪᠤᠯᠵᠦ ᠪᠦᠷᠢᠯᠳᠤᠵᠦ ᠴᠢᠳᠠᠭ᠋ᠠᠳᠤᠢ ᠪᠠᠢ᠌ᠨ᠎ᠠ᠃ ᠳᠥᠷᠪᠡ᠎ᠳᠤ ᠪᠡᠯᠡ ᠲᠤᠬᠢᠷᠠᠭᠤᠯᠭ᠎ᠠ ᠵᠢᠨ ᠴᠢᠳᠠᠯ ᠵᠶ᠋ᠠᠷ ᠳᠣᠷᠣᠢ ᠪᠠᠢ᠌ᠨ᠎ᠠ᠃ ᠳᠠᠭ᠋ᠠᠭᠣᠯᠣᠭᠴᠢ ᠠᠵᠣ ᠠᠬᠣᠢ᠌ᠯᠠᠯ᠎ᠤᠨ ᠪᠡᠯᠡ ᠮᠥᠩᠭᠥ   ᠳᠣᠳᠠᠮᠠᠭ᠂ ᠪᠡᠯᠡ ᠲᠤᠬᠢᠷᠠᠭᠤᠯᠭ᠎ᠠ ᠵᠢᠨ ᠠᠷᠭ᠎ᠠ ᠵᠠᠮ ᠢᠪᠴᠥᠥ᠂ ᠪᠠᠷᠢᠮᠵᠢᠶ᠎ᠠ ᠱᠠᠭ᠋ᠠᠷᠳᠠᠯᠭ᠎ᠠ ᠥᠨᠳᠥᠷ᠂ ᠳᠣᠭ᠎ᠠ ᠬᠡᠮᠵᠢᠶ᠎ᠡ ᠪᠠᠭ᠎ᠠ ᠪᠠᠢ᠌ᠬᠤ᠎ᠨᠢ ᠬᠦᠭᠵᠢᠯᠳᠡ ᠵᠢ ᠬᠢᠵᠠᠭ᠋ᠠᠷᠯᠠᠬᠣ ᠭᠣᠣᠯ ᠪᠣᠭᠣᠮᠢ ᠪᠤᠯᠵᠦ ᠪᠠᠢ᠌ᠨ᠎ᠠ᠃ ᠳᠠᠪᠣ᠎ᠳᠤ ᠲᠦᠭᠦᠬᠡᠢ ᠡᠳ᠋ ᠮᠠᠲᠸᠷᠢᠶᠠᠯ᠎ᠤᠨ ᠰᠠᠭᠣᠷᠢᠨ ᠭᠠᠵᠠᠷ ᠳᠣᠭᠳᠠᠪᠣᠷᠢ ᠥᠬᠡᠢ ᠪᠠᠢ᠌ᠨ᠎ᠠ᠃ ᠮᠠᠨ᠎ᠤ ᠣᠷᠣᠨ᠎ᠤ   ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠡᠳ᠋ ᠪᠠᠶᠠᠯᠢᠭ ᠬᠡᠳᠦᠢ᠌ᠪᠡᠷ ᠡᠯᠪᠡᠭ ᠳᠡᠯᠪᠡᠭ ᠪᠠᠢ᠌ᠪᠠᠴᠤ᠂ ᠳᠣᠰᠬᠠᠢ᠌ᠵᠢᠭᠰᠠᠨ᠂ ᠪᠠᠷᠢᠮᠵᠢᠶᠠᠵᠢᠭᠰᠠᠨ᠂ ᠬᠡᠪᠴᠢᠶᠡᠵᠢᠭᠰᠡᠨ ᠠᠵᠣ ᠦᠢ᠍ᠯᠡᠳᠪᠥᠷᠢᠯᠡᠯ᠎ᠤᠨ ᠰᠠᠭᠣᠷᠢᠨ ᠭᠠᠵᠠᠷ᠎ᠤᠨ ᠪᠠᠢ᠌ᠭᠣᠯᠣᠯᠳᠠ ᠬᠠᠷᠢᠴᠠᠩᠭᠣᠢ᠎ᠪᠠᠷ ᠬᠣᠴᠣᠷᠣᠩᠭᠣᠢ ᠪᠠᠢ᠌ᠵᠦ᠂ ᠨᠢᠬᠡ ᠪᠥᠯᠥᠭ ᠲᠦᠭᠦᠬᠡᠢ ᠡᠳ᠋ ᠮᠠᠲᠸᠷᠢᠶᠠᠯ ᠎ᠤᠨ ᠬᠠᠩᠭ᠋ᠠᠯᠭ᠎ᠠ ᠬᠡᠷᠡᠭᠴᠡᠬᠡ ᠱᠠᠳᠤᠴᠢ ᠴᠢᠨᠠᠷᠲᠠᠢ   ᠪᠠᠴᠢᠮ ᠪᠤᠯᠬᠤ ᠵᠥᠷᠢᠴᠡᠯ ᠡᠳᠥᠷ ᠢᠷᠡᠬᠦᠶ᠎ᠠ ᠲᠤᠪᠤᠢ᠌ᠵᠦ ᠪᠠᠢ᠌ᠨ᠎ᠠ᠃ ᠵᠢᠷᠭᠣᠭ᠎ᠠ᠎ᠳᠤ ᠠᠵᠣ ᠦᠢ᠍ᠯᠡᠰᠵᠢᠭᠥᠯᠭᠥ ᠠᠵᠢᠯ᠎ᠤᠨ ᠬᠦᠴᠢᠷ ᠪᠡᠷᠬᠡ ᠣᠯᠠᠨ ᠪᠣᠢ᠃ 2008 ᠣᠨ ᠎ᠳᠤ ᠵᠠᠰᠠᠭ᠎ᠤᠨ ᠣᠷᠳᠣᠨ᠎ᠤ ᠪᠠᠢ᠌ᠭᠣᠯᠣᠮᠵᠢ ᠵᠢᠨ ᠥᠬᠡᠷᠡᠴᠢᠯᠡᠯᠳᠡ ᠬᠢᠭᠰᠡᠨ᠎ᠠᠴᠠ ᠬᠤᠢ᠌ᠰᠢ᠂ ᠠᠵᠣ ᠦᠢ᠍ᠯᠡᠰᠵᠢᠭᠥᠯᠭᠥ ᠪᠠᠢ᠌ᠭᠣᠯᠣᠮᠵᠢ ᠵᠢᠨ ᠬᠢᠷᠢ ᠬᠡᠮ᠎ᠨᠢ ᠪᠠᠭᠣᠷᠠᠨ᠂ ᠠᠵᠢᠯᠳᠠᠨ᠎ᠤ ᠳᠣᠭ᠎ᠠ᠎ᠨᠢ ᠬᠠᠰᠤᠭᠳᠠᠵᠦ᠂ ᠢᠯᠠᠩᠭᠤᠶ᠎ᠠ ᠬᠣᠰᠢᠭᠣ ᠰᠢᠶᠠᠨ᠎ᠳᠤ ᠠᠵᠢᠯᠳᠠᠨ᠎ᠨᠢ ᠴᠦᠬᠡᠨ᠂ ᠰᠢᠯᠵᠢᠯᠳᠡ᠎ᠨᠢ ᠣᠯᠠᠨ᠎ᠠᠴᠠ ᠪᠣᠯᠵᠣ᠂ ᠳᠥᠷᠥᠯ ᠵᠦᠢ᠍ᠯ᠎ᠳᠤ ᠬᠢᠨᠠᠯᠳᠠ ᠳᠠᠯᠪᠢᠬᠣ᠎ᠨᠢ ᠲᠤᠳᠠᠮᠠᠭ ᠪᠠᠢ᠌ᠵᠦ᠂ ᠨᠢᠬᠡ ᠪᠥᠯᠥᠭ ᠳᠣᠬᠠᠢ᠌ᠯᠠᠭᠰᠠᠨ ᠠᠵᠢᠯ᠎ᠢ ᠥᠷᠨᠢᠭᠥᠯᠭᠥ᠎ᠳᠤ ᠬᠦᠴᠢᠷᠳᠠᠢ ᠪᠠᠢ᠌ᠬᠤ ᠵᠡᠷᠬᠡ ᠠᠰᠠᠭᠣᠳᠠᠯ᠎ᠤᠳ ᠣᠷᠣᠰᠢᠵᠣ ᠪᠣᠢ᠃ ᠡᠳᠡᠬᠡᠷ ᠠᠰᠠᠭᠣᠳᠠᠯ᠎ᠤᠳ᠎ᠢ ᠪᠢᠳᠡ ᠬᠤᠢ᠌ᠰᠢᠳᠠ ᠵᠢᠨ ᠠᠵᠢᠯ᠎ᠤᠨ ᠳᠣᠮᠳᠠ᠎ᠪᠠᠨ ᠨᠠᠷᠢᠨ ᠬᠢᠨᠠᠮᠠᠭ᠋ᠠᠢ ᠰᠣᠳᠣᠯᠣᠨ᠂ ᠡᠷᠴᠢᠮᠳᠠᠢ ᠠᠷᠭ᠎ᠠ ᠬᠡᠮᠵᠢᠶ᠎ᠡ ᠠᠪᠴᠥ᠂ ᠥᠨᠡᠨᠭᠥ ᠰᠢᠢ᠍ᠳᠪᠥᠷᠢᠯᠡᠬᠦ ᠬᠡᠷᠡᠭᠲᠠᠢ ᠪᠠᠢ᠌ᠨ᠎ᠠ᠃
[ᠬᠦᠳᠥᠯᠥᠭᠴᠢ  ]   ᠬᠤᠢ᠌ᠰᠢᠳᠠ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠦ ᠦᠢ᠍ᠯᠠᠰᠵᠢᠬᠦᠯᠤᠨ ᠬᠦᠭᠵᠢᠬᠦᠯᠬᠦ᠎ᠳᠤ ᠶᠠᠮᠠᠷ ᠰᠡᠳᠬᠢᠮᠵᠢ ᠪᠠ ᠬᠠᠷᠠᠯᠳᠠ ᠪᠠᠢ᠌ᠬᠤ ᠪᠣᠢ?
[ᠶᠦᠨ ᠠᠢ ᠾᠸᠥ] ᠬᠣᠢ᠌ᠰᠢᠳᠠ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ   ᠦᠢ᠍ᠯᠡᠰᠵᠢᠬᠦᠯᠤᠨ ᠬᠦᠭᠵᠢᠬᠦᠯᠬᠦ ᠶᠡᠷᠥᠩᠬᠡᠢ ᠰᠡᠳᠬᠢᠮᠵᠢ ᠪᠣᠯ : ᠥᠪᠡᠷᠳᠡᠭᠡᠨ ᠵᠠᠰᠠᠬᠣ ᠣᠷᠣᠨ᠎ᠤ《8337 ᠬᠦᠭᠵᠢᠯᠳᠡ ᠵᠢᠨ ᠰᠡᠳᠬᠢᠮᠵᠢ ᠵᠢ ᠬᠢᠨᠠᠮᠠᠭ᠋ᠠᠢ ᠳᠣᠣᠱᠯᠠᠭᠣᠯᠣᠨ ᠨᠠᠢ᠌ᠳᠠᠪᠣᠷᠢᠵᠢᠭᠣᠯᠵᠣ᠂ ᠪᠣᠬᠢᠷᠳᠣᠯ ᠥᠬᠡᠢ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠦᠢ᠍ᠯᠡᠳᠪᠤᠷᠢᠯᠡᠬᠦ ᠡᠳ᠋ᠰᠢᠬᠦᠯᠬᠦ ᠭᠠᠳᠠᠭᠰᠢ ᠭᠠᠷᠭ᠋ᠠᠬᠣ ᠰᠠᠭᠣᠷᠢᠨ ᠭᠠᠵᠠᠷ ᠪᠠᠢ᠌ᠭᠣᠯᠬᠣ ᠥᠨᠳᠥᠰᠥᠨ ᠡᠬᠦᠷᠬᠡ ᠎ᠲᠠᠢ   ᠨᠢᠭᠳᠠ ᠤᠶᠠᠯᠳᠤᠭᠤᠯᠵᠦ᠂ ᠤᠳᠤ ᠦᠶ᠎ᠡ ᠵᠢᠨ ᠳᠠᠷᠢᠶᠠᠯᠠᠩ ᠮᠠᠯ ᠠᠵᠣ ᠠᠬᠣᠢ ᠵᠢ ᠬᠦᠭᠵᠢᠭᠥᠯᠭᠥ ᠪᠠ ᠮᠠᠯᠴᠢᠨ ᠳᠠᠷᠢᠶᠠᠴᠢᠨ᠎ᠤ ᠣᠷᠣᠯᠭ᠎ᠠ ᠵᠢᠨ ᠨᠡᠮᠡᠭᠳᠡᠯ᠎ᠢ ᠠᠬᠢᠭᠣᠯᠬᠣ᠎ᠪᠠᠷ ᠬᠠᠷᠠᠯᠳᠠ᠎ᠪᠠᠨ ᠪᠣᠯᠭ᠋ᠠᠨ᠂ ᠲᠦᠬᠦᠬᠡᠢ ᠡᠳ᠋ ᠮᠠᠲᠸᠷᠢᠶᠠᠯ᠎ᠤᠨ ᠰᠠᠭᠣᠷᠢᠨ ᠭᠠᠵᠠᠷ᠎ᠢ ᠪᠠᠢ᠌ᠭᠣᠯᠬᠣ᠎ᠪᠠᠷ ᠰᠠᠭᠤᠷᠢ ᠪᠤᠯᠭ᠋ᠠᠵᠦ᠂ ᠳᠠᠭ᠋ᠠᠭᠣᠯᠣᠭᠴᠢ ᠠᠵᠣ ᠠᠬᠣᠢ᠌ᠯᠠᠯ᠎ᠢ ᠪᠤᠢ᠌ᠵᠢᠭᠤᠯᠤᠨ ᠪᠤᠵᠠᠭ᠋ᠠᠢ᠌ᠷᠠᠭᠤᠯᠬᠤ᠎ᠪᠠᠷ ᠭᠤᠤᠯᠳᠠᠯᠭ᠎ᠠ ᠪᠤᠯᠭ᠋ᠠᠵᠦ᠂ ᠠᠰᠢᠭ ᠳᠣᠰᠠ ᠵᠢᠨ ᠬᠣᠯᠪᠣᠯᠴᠠᠭ᠎ᠠ ᠵᠢᠨ ᠳᠣᠭᠳᠠᠴᠠ ᠵᠢ ᠳᠡᠬᠦᠯᠳᠡᠷᠵᠢᠭᠥᠯᠭᠥ᠎ᠪᠠᠷ ᠲᠤᠯᠭ᠋ᠠᠭᠤᠷᠢ ᠪᠤᠯᠭ᠋ᠠᠵᠦ᠂ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠭᠠᠳᠠᠭᠰᠢ ᠭᠠᠷᠭ᠋ᠠᠬᠣ᠎ᠪᠠᠷ ᠬᠠᠷᠠᠯᠳᠠ ᠪᠣᠯᠭ᠋ᠠᠨ  ᠂ ᠠᠵᠢᠯ ᠳᠥᠷᠥᠯ ᠎ᠢ ᠨᠢᠬᠡᠳᠬᠡᠬᠦ ᠠᠬᠢᠴᠠ ᠵᠢ ᠳᠥᠷᠬᠡᠳᠬᠡᠵᠥ᠂ ᠨᠡᠷᠡᠳᠥ   ᠲᠦᠷᠦᠯ ᠳᠡᠮᠳᠡᠭ᠎ᠢ   ᠡᠭᠦᠳᠴᠤ᠂ ᠳᠠᠢ᠌ᠴᠢᠯᠠᠭᠴᠢ ᠠᠵᠣ ᠠᠬᠣᠢ᠌ᠯᠠᠯ᠎ᠢ ᠪᠣᠢ ᠪᠣᠯᠭ᠋ᠠᠵᠣ᠂ ᠠᠵᠣ ᠦᠢ᠍ᠯᠡᠰ᠎ᠤᠨ ᠴᠤᠭᠯᠠᠷᠠᠯ᠎ᠢ ᠠᠬᠢᠭᠣᠯᠵᠣ᠂ ᠠᠵᠣ ᠦᠢ᠍ᠯᠡᠰ᠎ᠤᠨ ᠬᠡᠯᠬᠢᠶᠡᠰᠥ ᠵᠢ ᠤᠷᠳᠤᠳᠬᠠᠵᠦ᠂ ᠳᠠᠪᠠᠭᠣᠯᠢᠭ ᠪᠦᠬᠡᠳ ᠥᠪᠡᠷᠮᠢᠴᠡ ᠣᠨᠴᠠᠯᠢᠭ᠎ᠲᠠᠢ ᠠᠵᠣ ᠦᠢ᠍ᠯᠡᠰ᠎ᠤᠨ ᠲᠦᠪᠯᠡᠷᠡᠯ᠎ᠢ ᠬᠦᠴᠥᠷᠬᠡᠭᠵᠢᠭᠥᠯᠵᠥ᠂ ᠠᠵᠣ ᠦᠢ᠍ᠯᠡᠰ᠎ᠤᠨ ᠥᠷᠢᠰᠥᠯᠳᠥᠭᠥ ᠬᠦᠴᠦᠨ ᠪᠠ ᠳᠠᠭ᠋ᠠᠭᠣᠯᠣᠭᠴᠢ ᠠᠵᠣ ᠠᠬᠣᠢ᠌ᠯᠠᠯ᠎ᠤᠨ ᠳᠠᠢ᠌ᠴᠢᠯᠠᠬᠣ ᠴᠢᠳᠠᠪᠣᠷᠢ ᠵᠢ ᠨᠡᠮᠡᠭᠳᠡᠭᠥᠯᠥᠨ᠂ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠥᠨ ᠡᠵᠡᠩᠨᠡᠬᠦ ᠬᠢᠷᠢ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠬᠦᠯᠭᠥ ᠶᠠᠪᠤᠳᠠᠯ ᠪᠣᠯᠣᠨ᠎ᠠ᠃
      ᠣᠷᠢᠳᠴᠢᠯᠠᠨ ᠵᠢᠱ᠌ᠢᠭᠰᠡᠨ ᠬᠦᠭᠵᠢᠯᠳᠡ ᠵᠢᠨ ᠬᠠᠷᠠᠯᠳᠠ ᠪᠣᠯ  ᠄ 2017 ᠣᠨ ᠪᠤᠯᠬᠤ᠎ᠳᠤ᠂ ᠪᠦᠬᠦ ᠣᠷᠣᠨ᠎ᠤ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠡᠳ᠋ᠰᠢᠬᠦᠯᠬᠦ ᠠᠵᠣ ᠠᠬᠣᠢ᠌ᠯᠠᠯ᠎ᠤᠨ ᠪᠣᠷᠣᠯᠠᠭᠣᠯᠭ᠎ᠠ ᠵᠢᠨ ᠣᠷᠣᠯᠭ᠎ᠠ ᠵᠢ 6000 ᠳ᠋ᠥᠩᠰᠢᠭᠣᠷ ᠳᠥᠭᠥᠷᠢᠭ᠎ᠠᠴᠠ ᠳᠠᠪᠠᠭᠣᠯᠵᠣ᠂ ᠵᠢᠯ ᠪᠥᠷᠢ ᠵᠢᠨ ᠳᠤᠮᠳᠠᠴᠢ ᠨᠡᠮᠡᠭᠳᠡᠯ᠎ᠤᠨ ᠬᠣᠷᠳᠣᠴᠠ ᠵᠢ 14%᠎ᠠᠴᠠ ᠳᠡᠭᠡᠭᠰᠢ ᠪᠠᠢ᠌ᠯᠭ᠋ᠠᠨ᠎ᠠ; ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠵᠢᠯ᠎ᠤᠨ ᠡᠳ᠋ᠰᠢᠬᠦᠯᠤᠨ ᠬᠣᠪᠢᠷᠠᠭᠣᠯᠬᠣ ᠨᠣᠷᠮ᠎ᠠ ᠵᠢ 60% ᠎ᠳᠤ ᠬᠦᠷᠤᠬᠦᠯᠤᠨ᠎ᠠ; ᠪᠣᠷᠣᠯᠠᠭᠣᠯᠭ᠎ᠠ ᠵᠢᠨ ᠣᠷᠣᠯᠭ᠎ᠠ᠎ᠨᠢ ᠮᠢᠩᠭ᠋ᠠᠨ ᠳ᠋ᠥᠩᠰᠢᠭᠣᠷ ᠳᠥᠭᠥᠷᠢᠭ ᠎ᠲᠤ ᠬᠦᠷᠭᠥ ᠠᠵᠣ ᠦᠢ᠍ᠯᠡᠰ᠎ᠤᠨ ᠲᠦᠪᠯᠡᠷᠡᠯ (ᠴᠠᠭ᠋ᠠᠨ ᠢᠳᠡᠬᠡᠨ᠂ ᠠᠮᠣ ᠳᠣᠰᠣ᠂ ᠮᠢᠬᠠᠨ᠎ᠤ ᠳᠥᠷᠥᠯ) 3 ᠵᠢ ᠂ ᠪᠣᠷᠣᠯᠠᠭᠣᠯᠭ᠎ᠠ ᠵᠢᠨ ᠣᠷᠣᠯᠭ᠎ᠠ᠎ᠨᠢ 800 ᠳ᠋ᠥᠩᠰᠢᠭᠣᠷ ᠳᠥᠭᠥᠷᠢᠭ᠎ᠲᠤ ᠬᠦᠷᠬᠦ ᠠᠵᠣ ᠦᠢ᠍ᠯᠡᠰ᠎ᠤᠨ ᠲᠦᠪᠯᠡᠷᠡᠯ (ᠨᠣᠣᠰᠣ ᠨᠣᠯᠣᠣᠷ ᠠᠷᠠᠰᠣ ᠰᠢᠷᠢ) 1 ᠵᠢ᠂ ᠪᠣᠷᠣᠯᠠᠭᠣᠯᠭ᠎ᠠ ᠵᠢᠨ ᠣᠷᠣᠯᠭ᠎ᠠ᠎ᠨᠢ 500 ᠳ᠋ᠥᠩᠰᠢᠭᠣᠷ ᠳᠥᠭᠥᠷᠢᠭ᠎ᠲᠤ ᠬᠦᠷᠭᠥ ᠠᠵᠣ ᠦᠢ᠍ᠯᠡᠰ᠎ᠤᠨ ᠲᠦᠪᠯᠡᠷᠡᠯ (ᠤᠨᠴᠠᠯᠢᠭᠳᠤ ᠡᠪᠡᠰᠥ ᠪᠣᠷᠳᠣᠭ᠎ᠠ)1 ᠵᠢ᠂ ᠪᠣᠷᠣᠯᠠᠭᠣᠯᠭ᠎ᠠ ᠵᠢᠨ ᠣᠷᠣᠯᠭ᠎ᠠ᠎ᠨᠢ  300 ᠳ᠋ᠥᠩᠰᠢᠭᠣᠷ᠎ᠲᠤ ᠬᠦᠷᠬᠦ ᠠᠵᠣ ᠦᠢ᠍ᠯᠡᠰ᠎ᠤᠨ   ᠲᠦᠪᠯᠡᠷᠡᠯ (ᠳᠥᠮᠥᠰᠥ᠂   ᠢᠳᠡᠰᠢᠨ ᠨᠣᠭᠣᠭ᠎ᠠ ᠭᠣᠸᠠ ᠵᠢᠮᠢᠰ) 1 ᠵᠢ ᠪᠣᠢ᠌ᠵᠢᠭᠣᠯᠵᠣ᠂ ᠠᠵᠣ ᠦᠢ᠍ᠯᠡᠰ᠎ᠤᠨ ᠲᠦᠪᠯᠡᠷᠡᠨ ᠴᠤᠭᠯᠠᠵᠦ ᠬᠦᠭᠵᠢᠭᠥ ᠵᠢ ᠪᠡᠶᠡᠯᠡᠭᠥᠯᠭᠥ   ᠶᠠᠪᠤᠳᠠᠯ ᠪᠣᠯᠣᠨ᠎ᠠ᠃
[ᠬᠦᠳᠥᠯᠥᠭᠴᠢ] ᠳᠡᠭᠡᠷ᠎ᠡ ᠳᠣᠷᠠᠳᠣᠭᠰᠠᠨ ᠬᠦᠭᠵᠢᠯᠳᠡ ᠵᠢᠨ ᠬᠠᠷᠠᠯᠳᠠ᠎ᠪᠠᠨ ᠪᠡᠶᠡᠯᠡᠭᠥᠯᠭᠥ ᠵᠢᠨ ᠳᠥᠯᠥᠬᠡ ᠶᠠᠮᠠᠷ ᠶᠠᠮᠠᠷ ᠠᠵᠢᠯᠯᠠᠬᠣ ᠠᠷᠭ᠎ᠠ ᠪᠠᠷᠢᠯ ᠠᠪᠬᠣ ᠴᠢᠬᠣᠯᠠ᠎ᠲᠠᠢ ᠪᠣᠢ?
[ᠶᠦᠨ ᠠᠢ ᠾᠸᠥ] ᠳᠡᠭᠡᠷ᠎ᠡ ᠳᠣᠷᠠᠳᠣᠭᠰᠠᠨ ᠬᠦᠭᠵᠢᠯᠳᠡ ᠵᠢᠨ ᠬᠠᠷᠠᠯᠳᠠ ᠵᠢ ᠪᠡᠶᠡᠯᠡᠭᠥᠯᠭᠥ ᠵᠢᠨ ᠳᠥᠯᠥᠬᠡ ᠡᠷᠬᠡᠪᠨᠰᠢ ᠳᠣᠣᠷᠠᠬᠢ ᠮᠡᠳᠥ ᠬᠡᠳᠥᠨ ᠳᠠᠯ᠎ᠠ ᠵᠢᠨ ᠠᠵᠢᠯ᠎ᠢ ᠭᠤᠤᠯᠳᠠᠯᠭ᠎ᠠ᠎ᠲᠠᠢ ᠰᠠᠢ᠌ᠳᠣᠷ ᠬᠢᠬᠦ ᠬᠡᠷᠡᠭᠲᠠᠢ : ᠨᠢᠬᠡ᠎ᠳᠤ ᠳᠠᠭ᠋ᠠᠭᠣᠯᠣᠭᠴᠢ ᠠᠵᠣ ᠠᠬᠣᠢ᠌ᠯᠠᠯ᠎ᠢ ᠪᠣᠢ᠌ᠵᠢᠭᠣᠯᠣᠨ   ᠪᠣᠵᠠᠭ᠋ᠠᠢ᠌ᠷᠠᠭᠣᠯᠵᠣ᠂ ᠪᠦᠬᠦᠯᠢ ᠴᠣᠭᠴᠠ ᠵᠢᠨ ᠪᠤᠳᠠᠳᠤ ᠬᠦᠴᠤᠨ᠎ᠢ ᠳᠠᠰᠣᠷᠠᠯᠳᠠ ᠥᠬᠡᠢ ᠨᠡᠮᠡᠭᠳᠡᠬᠦᠯᠬᠦ ᠵᠢ ᠲᠦᠷᠭᠡᠳᠭᠡᠨ᠎ᠠ᠃ 《ᠠᠯᠳᠠᠨ ᠰᠤᠪᠤᠷᠭ᠎ᠠ》 ᠪᠤᠢ᠌ᠵᠢᠭᠤᠯᠤᠯᠳᠠ ᠵᠢᠨ ᠦᠯᠢᠭᠡᠷ ᠬᠡᠪ ᠵᠶ᠋ᠡᠷ ᠨᠢᠬᠡ ᠪᠦᠯᠦᠭ ᠳᠠᠭ᠋ᠠᠭᠤᠯᠤᠭᠴᠢ ᠠᠵᠦ ᠠᠬᠤᠢ᠌ᠯᠠᠯ᠎ᠢ ᠶᠡᠬᠡᠰᠭᠡᠨ ᠬᠦᠴᠤᠷᠭᠡᠭᠵᠢᠬᠦᠯᠤᠨ᠎ᠠ᠃ ᠨᠢᠭᠡ᠎ᠳᠤ ᠪᠤᠢ᠌ᠵᠢᠭᠤᠯᠬᠤ ᠲᠤᠭ᠎ᠠ ᠵᠢᠨ ᠲᠠᠯ᠎ᠠ᠎ᠪᠠᠷ ᠬᠦᠴᠤ ᠲᠠᠯᠪᠢᠬᠤ ᠬᠡᠷᠡᠭᠲᠠᠢ᠃ ᠥᠪᠡᠷᠳᠡᠭᠡᠨ ᠵᠠᠰᠠᠬᠣ ᠣᠷᠣᠨ᠂ ᠠᠢ᠌ᠮᠠᠭ ᠬᠣᠳᠠ᠂ ᠬᠣᠰᠢᠭᠣ ᠰᠢᠶᠠᠨ᠎ᠤ ᠭᠣᠷᠪᠠᠨ ᠱᠠᠳᠤᠨ᠎ᠤ ᠶᠡᠷᠥᠩᠬᠡᠢ ᠳᠥᠯᠥᠪᠵᠢᠭᠥᠯᠬᠡ ᠶᠣᠰᠣᠭ᠋ᠠᠷ᠂ ᠳᠠᠢ᠌ᠴᠢᠯᠠᠭᠴᠢ ᠠᠵᠣ ᠠᠬᠣᠢ᠌ᠯᠠᠯ᠎ᠢ ᠳᠡᠰ ᠬᠣᠪᠢᠶᠠᠨ ᠱᠠᠳᠤᠴᠢᠯᠠᠨ ᠪᠣᠢ᠌ᠵᠢᠭᠣᠯᠣᠨ᠎ᠠ᠃ ᠥᠪᠡᠷᠳᠡᠭᠡᠨ ᠵᠠᠰᠠᠬᠣ ᠣᠷᠣᠨ ᠎ᠨᠢ ᠣᠯᠣᠰ᠎ᠤᠨ ᠳᠡᠰ᠎ᠤᠨ ᠳᠠᠭ᠋ᠠᠭᠣᠯᠣᠭᠴᠢ ᠠᠵᠣ ᠠᠬᠣᠢ᠌ᠯᠠᠯ ᠪᠠ ᠵᠢᠷᠭᠣᠭ᠋ᠠᠨ ᠳᠣᠮᠣ ᠠᠵᠣ ᠦᠢ᠍ᠯᠡᠰ᠎ᠤᠨ ᠳᠥᠷᠥᠭᠥᠥ ᠭᠣᠷᠪᠠᠨ ᠨᠡᠷᠡᠰ ᠠᠵᠣ ᠠᠬᠣᠢ᠌ᠯᠠᠯ᠎ᠢ ᠭᠤᠤᠯᠳᠠᠯᠭ᠎ᠠ᠎ᠲᠠᠢ ᠪᠣᠢ᠌ᠵᠢᠭᠣᠯᠣᠨ᠎ᠠ; ᠡᠯ᠎ᠡ ᠠᠢ᠌ᠮᠠᠭ ᠬᠣᠳᠠ᠎ᠨᠢ ᠥᠪᠡᠷᠳᠡᠭᠡᠨ ᠵᠠᠰᠠᠬᠣ ᠣᠷᠣᠨ᠎ᠤ ᠳᠡᠰ᠎ᠤᠨ ᠳᠠᠭ᠋ᠠᠭᠣᠯᠣᠭᠴᠢ ᠠᠵᠣ ᠠᠬᠣᠢ᠌ᠯᠠᠯ᠎ᠢ ᠭᠤᠤᠯᠳᠠᠯᠭ᠎ᠠ᠎ᠲᠠᠢ ᠪᠣᠢ᠌ᠵᠢᠭᠣᠯᠣᠨ᠎ᠠ; ᠡᠯ᠎ᠡ ᠬᠣᠰᠢᠭᠣ ᠰᠢᠶᠠᠨ᠎ᠨᠢ ᠠᠢ᠌ᠮᠠᠭ ᠬᠣᠳᠠ ᠵᠢᠨ ᠳᠡᠰ᠎ᠤᠨ ᠳᠠᠭ᠋ᠠᠭᠣᠯᠣᠭᠴᠢ ᠠᠵᠣ ᠠᠬᠣᠢ᠌ᠯᠠᠯ᠎ᠢ ᠭᠤᠤᠯᠳᠠᠯᠭ᠎ᠠ᠎ᠲᠠᠢ ᠪᠣᠢ᠌ᠵᠢᠭᠣᠯᠣᠨ᠎ᠠ᠃ 2017 ᠣᠨ ᠪᠤᠯᠬᠤ᠎ᠳᠤ᠂ ᠪᠣᠷᠣᠯᠠᠭᠣᠯᠭ᠎ᠠ ᠵᠢᠨ ᠣᠷᠣᠯᠭ᠎ᠠ᠎ᠨᠢ 500 ᠳ᠋ᠥᠩᠰᠢᠭᠣᠷ ᠳᠥᠭᠥᠷᠢᠭ ᠎ᠠᠴᠠ ᠳᠠᠪᠠᠬᠣ ᠠᠪᠤᠷᠭᠤ ᠠᠵᠣ ᠠᠬᠣᠢ᠌ᠯᠠᠯ 2᠎ᠢ᠂ ᠪᠤᠷᠤᠯᠠᠭᠤᠯᠭ᠎ᠠ ᠵᠢᠨ ᠤᠷᠤᠯᠭ᠎ᠠ᠎ᠨᠢ 100 — 500 ᠳ᠋ᠥᠩᠰᠢᠭᠣᠷ ᠳᠥᠭᠥᠷᠢᠭ᠎ᠲᠤ ᠬᠦᠷᠭᠥ ᠳᠠᠢ᠌ᠴᠢᠯᠠᠭᠴᠢ ᠠᠵᠣ ᠠᠬᠣᠢ᠌ᠯᠠᠯ 3 ᠵᠢ᠂ ᠪᠣᠷᠣᠯᠠᠭᠣᠯᠭ᠎ᠠ ᠵᠢᠨ ᠣᠷᠣᠯᠭ᠎ᠠ᠎ᠨᠢ 50 — 100 ᠳ᠋ᠥᠩᠰᠢᠭᠣᠷ ᠳᠥᠭᠥᠷᠢᠭ᠎ᠠᠴᠠ ᠳᠠᠪᠠᠬᠤ ᠳᠠᠢ᠌ᠴᠢᠯᠠᠭᠴᠢ ᠠᠵᠣ ᠠᠬᠣᠢ᠌ᠯᠠᠯ 5 ᠵᠢ ᠪᠣᠢ᠌ᠵᠢᠭᠣᠯᠬᠣ᠎ᠪᠠᠷ ᠬᠦᠴᠦᠯᠡᠨ ᠴᠢᠷᠮᠠᠢ᠌ᠨ᠎ᠠ; ᠣᠯᠣᠰ᠎ᠤᠨ ᠳᠡᠰ᠎ᠤᠨ ᠭᠣᠣᠯᠳᠠᠯᠭ᠋ᠠᠳᠣ ᠳᠠᠭ᠋ᠠᠭᠣᠯᠣᠭᠴᠢ ᠠᠵᠣ ᠠᠬᠣᠢ᠌ᠯᠠᠯ᠎ᠢ 50᠎ᠳᠤ ᠬᠦᠷᠥᠭᠥᠯᠵᠥ᠂   ᠥᠪᠡᠷᠳᠡᠭᠡᠨ ᠵᠠᠰᠠᠬᠣ ᠣᠷᠣᠨ᠎ᠤ ᠳᠡᠰ᠎ᠤᠨ ᠭᠣᠣᠯᠳᠠᠯᠭ᠋ᠠᠳᠣ ᠳᠠᠭ᠋ᠠᠭᠣᠯᠣᠭᠴᠢ ᠠᠵᠣ ᠠᠬᠣᠢ᠌ᠯᠠᠯ᠎ᠢ 700᠎ᠳᠤ ᠬᠦᠷᠥᠭᠥᠯᠭᠥ᠎ᠪᠠᠷ ᠮᠡᠷᠡᠢ᠌ᠨ ᠴᠢᠷᠮᠠᠢ᠌ᠨ᠎ᠠ᠃ ᠬᠣᠶᠠᠷ᠎ᠲᠤ ᠶᠠᠰᠤ ᠴᠢᠨᠠᠷ᠎ᠢ ᠳᠡᠭᠡᠭᠰᠢᠯᠡᠬᠦᠯᠭᠥ ᠳᠠᠯ᠎ᠠ ᠎ᠪᠠᠷ ᠬᠦᠴᠦ ᠲᠠᠯᠪᠢᠬᠤ ᠬᠡᠷᠡᠭᠲᠠᠢ᠃ ᠪᠣᠬᠢᠷᠳᠣᠯ ᠥᠬᠡᠢ ᠬᠦᠭᠵᠢᠭᠥᠯᠭᠥ ᠦᠵᠡᠯᠳᠡ ᠵᠢ ᠪᠣᠢ ᠪᠣᠯᠭ᠋ᠠᠵᠣ᠂ ᠪᠠᠢ᠌ᠭ᠋ᠠᠯᠢᠯᠢᠭ᠂ ᠪᠣᠬᠢᠷᠳᠣᠯ ᠥᠬᠡᠢ᠂ ᠣᠷᠭ᠋ᠠᠨᠢᠭ ᠲᠦᠷᠦᠯ ᠳᠡᠮᠳᠡᠭ᠎ᠢ ᠰᠠᠢ᠌ᠳᠣᠷ ᠡᠭᠦᠳᠴᠤ᠂ ᠪᠠᠷᠢᠮᠵᠢᠶᠠᠵᠢᠭᠰᠠᠨ ᠦᠢ᠍ᠯᠡᠳᠪᠥᠷᠢᠯᠡᠯ᠎ᠢ ᠶᠡᠬᠡ᠎ᠪᠠᠷ ᠳᠡᠯᠭᠡᠷᠡᠬᠦᠯᠵᠦ᠂ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠪᠠᠷᠢᠮᠵᠢᠶ᠎ᠠ ᠵᠢᠨ ᠰᠢᠰᠲᠸᠮᠵᠢ ᠵᠢᠨ ᠪᠠᠢ᠌ᠭᠣᠯᠣᠯᠳᠠ ᠵᠢ ᠳᠥᠷᠭᠡᠳᠬᠡᠨ᠂ 《ᠨᠡᠢ᠌ᠳᠡ᠎ᠳᠤ ᠬᠦᠨᠥᠬᠡᠯ ᠥᠬᠡᠢ ᠢᠳᠡᠬᠡᠨ》᠂ 《ᠪᠣᠬᠢᠷᠳᠣᠯ ᠥᠬᠡᠢ ᠢᠳᠡᠬᠡᠨ》᠂ 《ᠣᠷᠭ᠋ᠠᠨᠢᠭ ᠢᠳᠡᠬᠡᠨ》᠎ᠤ ᠦᠢ᠍ᠯᠡᠳᠪᠥᠷᠢᠯᠡᠯ᠎ᠤᠨ ᠬᠡᠪᠴᠢᠶ᠎ᠡ᠎ᠪᠠᠨ ᠥᠷᠭᠡᠳᠬᠡᠵᠥ᠂ ᠪᠣᠬᠢᠷᠳᠣᠯ ᠥᠬᠡᠢ ᠪᠦᠬᠡᠳ ᠥᠪᠡᠷᠮᠢᠴᠠ ᠣᠨᠴᠠᠯᠢᠭ᠎ᠲᠠᠢ ᠠᠵᠣ ᠠᠬᠣᠢ ᠵᠢᠨ ᠬᠦᠭᠵᠢᠯᠳᠡ ᠵᠢ ᠳᠥᠷᠬᠡᠳᠬᠡᠨ᠂ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠶᠠᠰᠤ ᠴᠢᠨᠠᠷ᠎ᠢ ᠠᠶᠣᠯ ᠥᠬᠡᠢ ᠪᠠᠢ᠌ᠯᠭ᠋ᠠᠬᠤ ᠵᠢ ᠥᠨᠳᠥᠰᠥ᠎ᠠᠴᠠ᠎ᠨᠢ ᠪᠠᠳᠣᠯᠠᠬᠣ ᠬᠡᠷᠡᠭᠳᠠᠢ᠃ 2017 ᠣᠨ ᠪᠣᠯᠬᠣ᠎ᠳᠤ᠂ ᠨᠡᠢ᠌ᠳᠡ᠎ᠳᠤ ᠬᠦᠨᠥᠬᠡᠯ ᠥᠬᠡᠢ ᠢᠳᠡᠬᠡᠨ᠎ᠤ ᠪᠠᠷᠢᠮᠵᠢᠶᠠᠳᠤ ᠭᠠᠷᠣᠯᠳᠠ ᠵᠢᠨ ᠭᠠᠵᠠᠷ᠎ᠢ 2600 ᠳᠥᠮᠡᠨ ᠮᠣ᠌᠎ᠳᠤ ᠬᠦᠷᠤᠬᠦᠯᠵᠦ᠂ ᠨᠡᠢ᠌ᠳᠡ᠎ᠳᠤ ᠬᠦᠨᠥᠬᠡᠯ ᠥᠬᠡᠢ ᠪᠠᠷᠢᠮᠵᠢᠶᠠᠳᠤ ᠳᠡᠵᠢᠬᠡᠪᠥᠷᠢ ᠵᠢ 2500 ᠲᠦᠮᠡ᠎ᠳᠤ ᠬᠦᠷᠤᠬᠦᠯᠬᠦ᠎ᠪᠠᠷ ᠮᠡᠷᠡᠢ᠌ᠨ ᠴᠢᠷᠮᠠᠢ᠌ᠨ᠎ᠠ᠃ ᠭᠣᠷᠪᠠ᠎ᠳᠤ ᠬᠦᠭᠵᠢᠯᠳᠠ ᠵᠢ ᠪᠠᠳᠣᠯᠠᠬᠣ ᠳᠠᠯ᠎ᠠ᠎ᠪᠠᠷ ᠬᠦᠴᠥ ᠳᠠᠯᠪᠢᠬᠣ ᠬᠡᠷᠡᠭᠳᠠᠢ᠃ ᠥᠪᠡᠷᠳᠡᠭᠡᠨ ᠵᠠᠰᠠᠬᠣ ᠣᠷᠣᠨ᠎ᠤ ᠳᠡᠰ᠎ᠠᠴᠠ ᠳᠡᠭᠡᠭᠰᠢᠬᠢ ᠳᠠᠷᠢᠶᠠᠯᠠᠩ ᠮᠠᠯ ᠠᠵᠣ ᠠᠬᠣᠢ ᠵᠢᠨ ᠠᠵᠦ ᠦᠢ᠍ᠯᠡᠰᠵᠢᠯᠳᠠ ᠵᠢᠨ ᠭᠣᠣᠯᠳᠠᠯᠭ᠋ᠠᠳᠣ ᠳᠠᠭ᠋ᠠᠭᠣᠯᠣᠭᠴᠢ ᠠᠵᠣ ᠠᠬᠣᠢ᠌ᠯᠠᠯ᠎ᠤᠨ ᠳᠣᠮᠳᠠ᠂ ᠳᠠᠭ᠋ᠠᠭᠣᠯᠣᠭᠴᠢ ᠠᠵᠣ ᠠᠬᠣᠢ᠌ᠯᠠᠯ᠎ᠢ ᠳᠡᠭᠡᠭᠰᠢᠯᠡᠭᠥᠯᠭᠥ 《ᠵᠢᠷᠭᠣᠭ᠋ᠠᠨ ᠨᠢᠬᠡ》 ᠢᠨᠵᠸᠨ᠋ᠸᠷᠢᠩ (  ᠳᠠᠷᠣᠢ : ᠨᠢᠬᠡ ᠰᠠᠭᠣᠷᠢᠨ ᠭᠠᠵᠠᠷ ᠡᠭᠦᠰᠭᠡᠨ ᠪᠠᠢ᠌ᠭᠣᠯᠬᠣ᠂ ᠨᠢᠬᠡ ᠠᠵᠣ ᠦᠢ᠍ᠯᠡᠰ᠎ᠢ ᠬᠦᠭᠵᠢᠬᠡᠨ ᠮᠠᠨᠳᠣᠭᠣᠯᠬᠣ᠂ ᠨᠢᠬᠡ ᠲᠦᠷᠦᠯ ᠳᠡᠮᠳᠡᠭ ᠡᠭᠦᠳᠤᠨ ᠪᠠᠢ᠌ᠭᠣᠯᠬᠣ᠂ ᠨᠢᠬᠡ ᠬᠣᠷᠰᠢᠶᠠᠵᠢᠯ᠎ᠢ ᠣᠳᠣᠷᠢᠳᠣᠨ ᠳᠠᠭ᠋ᠠᠭᠣᠯᠬᠣ᠂ ᠨᠢᠬᠡ ᠦᠯᠢᠭᠡᠷ ᠬᠡᠪ᠎ᠢ   ᠰᠢᠨ᠎ᠡ᠎ᠪᠠᠷ ᠪᠤᠢ ᠪᠤᠯᠭ᠋ᠠᠬᠤ᠂ ᠨᠢᠭᠡ ᠭᠠᠵᠠᠷ᠎ᠤᠨ ᠠᠷᠠᠳ ᠳᠥᠮᠡᠨ ᠎ᠳᠤ ᠪᠣᠶᠠᠨ ᠦᠢ᠍ᠯᠡᠳᠬᠦ)᠎ᠢ ᠬᠡᠷᠡᠭᠵᠢᠭᠥᠯᠥᠨ᠎ᠡ᠃ 《ᠵᠢᠷᠭᠣᠭ᠋ᠠᠨ ᠨᠢᠬᠡ》 ᠢᠨᠵᠸᠨ᠋ᠸᠷᠢᠩ᠎ᠢ ᠬᠡᠷᠡᠭᠵᠢᠬᠦᠯᠬᠦ᠎ᠪᠠᠷ ᠳᠠᠮᠵᠢᠨ᠂ 《ᠠᠷᠪᠠᠨ ᠳᠣᠮᠣ ᠳᠠᠭ᠋ᠠᠭᠣᠯᠣᠭᠴᠢ ᠠᠵᠣ ᠠᠬᠣᠢ᠌ᠯᠠᠯ᠂ ᠠᠷᠪᠠᠨ ᠠᠯᠳᠡᠷ ᠴᠤᠤᠳᠤ ᠳᠠᠢ᠌ᠴᠢᠯᠠᠭᠴᠢ ᠬᠦᠮᠥᠰ》᠎ᠢ ᠰᠢᠯᠭ᠋ᠠᠷᠠᠭᠤᠯᠬᠤ ᠠᠵᠢᠯᠯᠠᠭ᠎ᠠ ᠦᠷᠨᠢᠬᠦᠯᠵᠦ᠂ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠬᠡᠮ᠎ᠤᠨ ᠬᠠᠷᠢᠭᠣᠴᠠᠯᠭ᠋ᠠᠳᠣ ᠣᠬᠠᠮᠰᠠᠷ᠎ᠢ ᠳᠡᠭᠡᠭᠰᠢᠯᠡᠬᠦᠯᠬᠦ ᠵᠢ᠎ᠨᠢ ᠠᠬᠢᠭᠣᠯᠵᠣ᠂ ᠲᠦᠷᠦᠯ ᠳᠡᠮᠳᠡᠭ᠎ᠢ ᠡᠭᠦᠳᠤᠨ ᠪᠠᠢ᠌ᠭᠣᠯᠣᠨ᠂ ᠠᠵᠣ ᠠᠬᠣᠢ᠌ᠯᠠᠯ᠎ᠤᠨ ᠵᠠᠬ᠎ᠠ ᠳᠡᠯᠬᠡᠬᠦᠷ᠎ᠲᠠᠬᠢ ᠦᠷᠢᠰᠤᠯᠳᠤᠭᠡᠨ᠎ᠤ ᠴᠢᠳᠠᠪᠣᠷᠢ ᠵᠢ᠎ᠨᠢ ᠳᠡᠭᠡᠭᠰᠢᠯᠡᠭᠥᠯᠥᠨ᠎ᠡ᠃ ᠳᠥᠷᠪᠡ᠎ᠳᠤ ᠵᠢᠷᠭᠣᠭ᠋ᠠᠨ ᠳᠣᠮᠣ ᠭᠣᠣᠯᠯᠠᠭᠴᠢ ᠠᠵᠣ ᠦᠢ᠍ᠯᠡᠰ ᠎ᠤᠨ ᠭᠦᠭᠵᠢᠯᠳᠡ ᠵᠢ ᠠᠬᠢᠭᠤᠯᠬᠤ ᠳᠠᠯ᠎ᠠ᠎ᠪᠠᠷ ᠬᠦᠴᠦ ᠲᠠᠯᠪᠢᠬᠤ ᠬᠡᠷᠡᠭᠳᠠᠢ᠃ ᠴᠠᠭ᠋ᠠᠨ ᠢᠳᠡᠬᠡ᠂ ᠠᠮᠣ ᠳᠣᠰᠣ᠂ ᠢᠮᠠᠭ᠋ᠠᠨ ᠨᠣᠯᠣᠣᠷ  ᠎ᠢ ᠡᠳ᠋ᠰᠢᠬᠦᠯᠬᠦ ᠠᠵᠦ ᠦᠢ᠍ᠯᠡᠰ᠎ᠤᠨ ᠬᠢᠷᠢ ᠳᠥᠪᠰᠢᠨ᠎ᠢ ᠳᠡᠭᠡᠭᠰᠢᠯᠡᠬᠦᠯᠥᠨ᠂ ᠥᠬᠡᠷ ᠬᠣᠨᠢᠨ ᠮᠢᠬ᠎ᠠ ᠵᠢ ᠪᠣᠯᠪᠠᠰᠣᠷᠠᠭᠣᠯᠬᠣ   ᠠᠵᠦ ᠦᠢ᠍ᠯᠡᠰ᠎ᠤᠨ ᠪᠣᠳᠠᠳᠣ ᠬᠦᠴᠦᠨ᠎ᠢ ᠪᠣᠵᠠᠭ᠋ᠠᠢ᠌ᠷᠠᠭᠣᠯᠵᠣ᠂ ᠲᠥᠮᠥᠰᠥ (ᠨᠣᠭᠣᠭ᠎ᠠ   ᠵᠢᠮᠢᠰ)᠂ ᠡᠪᠡᠰᠥ ᠪᠣᠷᠳᠣᠭ᠎ᠠ᠂ ᠥᠪᠡᠷᠮᠢᠴᠡ ᠣᠨᠴᠠᠯᠢᠭᠳᠣ ᠠᠵᠣ ᠦᠢ᠍ᠯᠡᠰ᠎ᠢ ᠲᠡᠳᠭᠦᠨ ᠳᠣᠭᠳᠠᠭᠣᠨ ᠵᠶ᠋ᠠᠷ ᠬᠦᠭᠵᠢᠬᠦᠯᠤᠨ᠎ᠠ᠃ ᠴᠠᠭ᠋ᠠᠨ ᠢᠳᠡᠬᠡᠨ᠎ᠤ ᠠᠵᠣ ᠦᠢ᠍ᠯᠡᠰ᠎ᠤᠨ ᠲᠠᠯ᠎ᠠ᠎ᠪᠠᠷ : 《ᠭᠣᠷᠪᠠ ᠵᠢ ᠳᠡᠭᠡᠭᠰᠢᠯᠡᠬᠦᠯᠵᠥ ᠨᠢᠬᠡ ᠵᠢ ᠴᠢᠩᠭ᠋ᠠᠳᠬᠠᠬᠣ》 ᠵᠢ ᠴᠢᠷᠮᠠᠢ᠌ᠨ   ᠪᠡᠶᠡᠯᠡᠭᠥᠯᠥᠨ᠎ᠡ᠃ ᠲᠤᠬᠠᠢ᠌ᠯᠠᠪᠠᠯ ᠰᠠᠭ᠋ᠠᠯᠢ ᠵᠢᠨ ᠥᠨᠢᠶ᠎ᠡ ᠵᠢᠨ ᠰᠠᠢ᠌ᠨ ᠡᠬᠦᠯᠳᠡᠷ᠎ᠤᠨ ᠳᠥᠪᠰᠢᠨ᠂ ᠰᠠᠭ᠋ᠠᠯᠢ ᠵᠢᠨ ᠥᠨᠢᠶ᠎ᠡ ᠵᠢ   ᠪᠣᠷᠳᠣᠨ ᠳᠡᠵᠢᠬᠡᠬᠦ ᠬᠠᠮᠢᠶᠠᠷᠣᠯᠳᠠ ᠵᠢᠨ ᠳᠥᠪᠰᠢᠨ ᠪᠠ ᠠᠵᠣ ᠠᠬᠣᠢ᠌ᠯᠠᠯ᠎ᠤᠨ ᠰᠥ᠍ ᠵᠢᠨ ᠢᠷᠡᠯᠳᠡ ᠵᠢᠨ ᠰᠠᠭᠣᠷᠢᠨ ᠭᠠᠵᠠᠷ᠎ᠢ ᠡᠵᠡᠮᠳᠡᠬᠦ ᠳᠥᠪᠰᠢᠨ᠎ᠢ ᠪᠦᠬᠦ ᠳᠠᠯ᠎ᠠ᠎ᠪᠠᠷ ᠳᠡᠭᠡᠭᠰᠢᠯᠡᠬᠦᠯᠵᠦ᠂ ᠰᠢᠨ᠎ᠡ ᠰᠣᠷᠭᠣᠭ ᠴᠠᠭ᠋ᠠᠨ ᠢᠳᠡᠬᠡ ᠵᠢᠨ ᠵᠠᠬ᠎ᠠ ᠳᠡᠯᠬᠡᠬᠦᠷ᠎ᠲᠤ ᠬᠢᠨᠠᠯᠳᠠ ᠳᠠᠯᠪᠢᠨ   ᠬᠠᠮᠢᠶᠠᠷᠬᠣ ᠡᠷᠴᠢᠮ ᠵᠶ᠋ᠠᠨ ᠴᠢᠩᠭ᠋ᠠᠷᠠᠭᠤᠯᠤᠨ᠎ᠠ᠃ ᠮᠢᠬᠠᠨ᠎ᠤ ᠠᠵᠦ ᠦᠢ᠍ᠯᠡᠰ᠎ᠤᠨ ᠲᠠᠯ᠎ᠠ᠎ᠪᠠᠷ᠄ ᠳᠠᠭ᠋ᠠᠭᠣᠯᠣᠭᠴᠢ ᠠᠵᠣ ᠠᠬᠣᠢ᠌ᠯᠠᠯ᠎ᠢ ᠥᠷᠭᠥᠯᠵᠢᠯᠡᠨ ᠪᠣᠢ᠌ᠵᠢᠭᠣᠯᠣᠨ ᠪᠣᠵᠠᠭ᠋ᠠᠢ᠌ᠷᠠᠭᠣᠯᠵᠣ  ᠂ ᠨᠢᠬᠡᠳᠬᠡᠬᠦ ᠪᠠ ᠳᠠᠬᠢᠵᠣ ᠪᠥᠯᠥᠭᠯᠡᠬᠦ᠎ᠪᠠᠷ ᠳᠠᠮᠵᠢᠭᠣᠯᠣᠨ ᠮᠢᠬᠠᠨ᠎ᠤ ᠳᠥᠷᠥᠯ᠎ᠢ ᠪᠣᠯᠪᠠᠰᠣᠷᠠᠭᠣᠯᠬᠣ ᠳᠠᠢ᠌ᠴᠢᠯᠠᠭᠴᠢ   ᠠᠵᠦ ᠠᠬᠣᠢ᠌ᠯᠠᠯ᠎ᠢ ᠪᠠᠢ᠌ᠭᠣᠯᠣᠨ᠎ᠠ  ᠃ ᠢᠳᠡᠰᠢᠨ ᠬᠣᠨᠢᠨ᠎ᠤ ᠠᠵᠣ ᠦᠢ᠍ᠯᠡᠰ᠎ᠤᠨ 《ᠭᠣᠷᠪᠠᠨ ᠳᠠᠪᠣ》 ᠢᠨᠵᠸᠨ᠋ᠸᠷᠢᠩ᠎ᠢ ᠰᠠᠢ᠌ᠳᠤᠷ ᠳᠣᠪᠣᠢ᠌ᠯᠭ᠋ᠠᠨ ᠠᠳᠬᠣᠵᠣ᠂ 2017 ᠣᠨ ᠪᠤᠯᠬᠤ᠎ᠳᠤ᠂ ᠵᠢᠯ᠎ᠤᠨ ᠪᠣᠷᠳᠣᠨ ᠳᠡᠵᠢᠬᠡᠬᠦ ᠬᠡᠮᠵᠢᠶ᠎ᠡ᠎ᠨᠢ 100 ᠳᠥᠮᠡ᠎ᠳᠤ ᠬᠦᠷᠬᠦ   ᠢᠳᠡᠰᠢᠨ ᠬᠣᠨᠢ ᠳᠡᠵᠢᠬᠡᠨ ᠥᠷᠡᠵᠢᠭᠥᠯᠭᠥ 5 ᠨᠡᠢ᠌ᠯᠡᠮᠡᠯ ᠴᠣᠭᠴᠠ ᠵᠢ ᠪᠤᠢ ᠪᠤᠯᠭ᠋ᠠᠵᠦ᠂ ᠵᠢᠯ᠎ᠤᠨ ᠪᠣᠷᠣᠯᠠᠭᠣᠯᠭ᠎ᠠ ᠵᠢᠨ ᠣᠷᠣᠯᠭ᠎ᠠ᠎ᠨᠢ 10 ᠳ᠋ᠥᠩᠰᠢᠭᠣᠷ ᠳᠥᠭᠥᠷᠢᠭ ᠎ᠠᠴᠠ ᠳᠠᠪᠠᠬᠤ ᠬᠣᠨᠢᠨ ᠮᠢᠬ᠎ᠠ ᠪᠣᠯᠪᠠᠰᠣᠷᠠᠭᠣᠯᠬᠣ 5 ᠳᠠᠢ᠌ᠴᠢᠯᠠᠭᠴᠢ ᠠᠵᠣ ᠠᠬᠣᠢ᠌ᠯᠠᠯ᠎ᠢ ᠪᠤᠢ᠌ᠵᠢᠭᠤᠯᠤᠨ᠂ ᠬᠦᠮᠤᠨ ᠪᠦᠭᠦᠨ᠎ᠤ ᠮᠡᠳᠡᠬᠦ ᠬᠣᠨᠢᠨ ᠮᠢᠬᠠᠨ᠎ᠤ ᠠᠯᠳᠠᠷᠳᠣ ᠲᠠᠸᠠᠷ᠎ᠤᠨ ᠳᠡᠮᠳᠡᠭ  5 ᠵᠢ ᠡᠭᠦᠳᠤᠨ ᠪᠤᠢ᠌ᠵᠢᠭᠤᠯᠵᠦ᠂ ᠢᠳᠡᠰᠢᠨ ᠬᠣᠨᠢᠨ᠎ᠤ ᠠᠵᠣ ᠦᠢ᠍ᠯᠡᠰ᠎ᠢ ᠴᠠᠭ᠋ᠠᠨ ᠢᠳᠡᠬᠡᠨ᠎ᠤ ᠠᠵᠣ ᠦᠢ᠍ᠯᠡᠰ ᠪᠠ ᠨᠣᠣᠰᠣᠨ ᠠᠵᠣ ᠦᠢ᠍ᠯᠡᠰ᠎ᠤᠨ ᠳᠠᠷᠠᠭ᠎ᠠ ᠭᠤᠷᠪᠠᠳᠤᠭ᠋ᠠᠷ᠎ᠲᠤ   ᠤᠷᠤᠵᠦ   ᠪᠦᠬᠦ ᠣᠯᠣᠰ᠎ᠲᠤ ᠲᠦᠭᠡᠬᠦ ᠲᠤᠯᠭ᠋ᠠᠭᠤᠷᠢ ᠦᠢ᠍ᠯᠡᠳᠥᠯ ᠵᠶ᠋ᠠᠷ ᠳᠣᠪᠣᠢ᠌ᠮ᠎ᠠ ᠲᠦᠷᠦᠯ ᠳᠡᠮᠳᠡᠭ᠎ᠤᠨ ᠠᠵᠣ ᠦᠢ᠍ᠯᠡᠰ ᠪᠣᠯᠭ᠋ᠠᠨ᠎ᠠ᠃   ᠢᠮᠠᠭ᠋ᠠᠨ ᠨᠣᠯᠣᠣᠷ᠎ᠤᠨ ᠠᠵᠣ ᠦᠢ᠍ᠯᠡᠰ᠎ᠤᠨ ᠲᠠᠯ᠎ᠠ᠎ᠪᠠᠷ᠄ ᠨᠣᠯᠣᠣᠷ᠎ᠤᠨ ᠢᠮᠠᠭ᠋ᠠᠨ᠎ᠤ ᠡᠭᠦᠯᠳᠡᠷ ᠤᠭᠰᠠᠭ᠎ᠠ ᠵᠢ ᠰᠠᠢ᠌ᠵᠢᠷᠠᠭᠣᠯᠬᠣ ᠢᠨᠵᠸᠨ᠋ᠸᠷᠢᠩ᠎ᠢ ᠡᠬᠢᠯᠡᠬᠦᠯᠵᠥ᠂ ᠨᠣᠯᠣᠣᠷ᠎ᠤᠨ ᠢᠮᠠᠭ᠋ᠠᠨ᠎ᠤ   ᠰᠢᠯᠢᠳᠡᠭ ᠡᠬᠢ ᠪᠠᠶᠠᠯᠢᠭ᠎ᠢ ᠬᠠᠮᠠᠭ᠋ᠠᠯᠠᠨ᠂ ᠢᠮᠠᠭ᠋ᠠᠨ ᠨᠣᠯᠣᠣᠷ᠎ᠤᠨ ᠶᠠᠰᠤ ᠴᠢᠨᠠᠷ ᠮᠠᠭᠣᠳᠠᠵᠣ ᠪᠠᠢ᠌ᠭ᠎ᠠ ᠠᠰᠠᠭᠣᠳᠠᠯ᠎ᠢ ᠥᠨᠳᠥᠰᠥᠨ᠎ᠠᠴᠠ᠎ᠨᠢ ᠰᠢᠢ᠍ᠳᠪᠥᠷᠢᠯᠡᠨ᠎ᠡ; ᠢᠮᠠᠭ᠋ᠠᠨ ᠨᠣᠯᠣᠣᠷ᠎ᠢ ᠬᠣᠷᠢᠶᠠᠨ ᠬᠠᠳᠠᠭ᠋ᠠᠯᠠᠬᠣ ᠳᠥᠷᠢᠮ᠎ᠢ ᠳᠡᠭᠥᠯᠳᠡᠷᠵᠢᠭᠥᠯᠵᠣ᠂ ᠢᠮᠠᠭ᠋ᠠᠨ ᠨᠣᠯᠣᠣᠷ᠎ᠤᠨ ᠥᠨ᠎ᠡ ᠬᠠᠩᠰᠢ ᠪᠠ ᠮᠠᠯᠴᠢᠨ ᠳᠠᠷᠢᠶᠠᠴᠢᠳ᠎ᠤᠨ ᠣᠷᠣᠯᠭ᠎ᠠ ᠵᠢ ᠨᠡᠮᠡᠭᠳᠡᠭᠥᠯᠥᠨ᠎ᠡ; ᠮᠡᠷᠬᠡᠵᠢᠯ᠎ᠤᠨ ᠥᠭᠡᠷᠡᠴᠢᠯᠡᠯᠳᠡ ᠬᠢᠬᠦ ᠪᠠ ᠰᠢᠨ᠎ᠡ ᠵᠢ ᠡᠭᠦᠳᠬᠦ ᠵᠢ ᠵᠣᠷᠢᠭᠵᠢᠭᠣᠯᠵᠣ᠂ ᠢᠮᠠᠭ᠋ᠠᠨ ᠨᠣᠯᠣᠣᠷ᠎ᠤᠨ ᠠᠵᠣ ᠦᠢ᠍ᠯᠡᠰ᠎ᠤᠨ ᠬᠡᠯᠪᠡᠷᠢ ᠵᠢ ᠬᠤᠪᠢᠷᠠᠭᠤᠯᠤᠨ ᠳᠡᠰ ᠲᠡᠪᠰᠢᠬᠦᠯᠬᠦ ᠵᠢ ᠪᠡᠶᠡᠯᠡᠭᠥᠯᠥᠨ᠎ᠡ; ᠬᠦᠷᠢᠶᠡᠯᠡᠩ ᠳᠣᠭᠣᠷᠢᠭ᠎ᠤᠨ ᠪᠦᠳᠤᠭᠡᠨ ᠪᠠᠢ᠌ᠭᠣᠯᠣᠯᠳᠠ ᠵᠢ ᠳᠥᠷᠭᠡᠳᠬᠡᠵᠥ᠂ ᠢᠮᠠᠭ᠋ᠠᠨ ᠨᠣᠯᠣᠣᠷ᠎ᠤᠨ ᠠᠵᠣ ᠦᠢ᠍ᠯᠡᠰ᠎ᠤᠨ ᠲᠦᠪᠯᠡᠷᠡᠯ᠎ᠤᠨ ᠬᠡᠮᠵᠢᠶ᠎ᠡ ᠵᠢ ᠳᠡᠭᠡᠭᠰᠢᠯᠡᠬᠦᠯᠥᠨ᠎ᠡ; ᠪᠡᠶ᠎ᠡ᠎ᠪᠠᠨ ᠳᠠᠭ᠋ᠠᠭ᠋ᠠᠭᠰᠠᠨ ᠲᠦᠷᠦᠯ ᠳᠡᠮᠳᠡᠭ᠎ᠤᠨ ᠪᠠᠢ᠌ᠭᠣᠯᠣᠯᠳᠠ ᠵᠢᠨ ᠢᠨᠵᠸᠨ᠋ᠸᠷᠢᠩ᠎ᠢ   ᠬᠡᠷᠡᠭᠵᠢᠬᠦᠯᠵᠦ᠂ ᠣᠯᠠᠨ ᠣᠯᠣᠰ᠎ᠲᠠᠬᠢ ᠥᠬᠡ ᠶᠠᠷᠢᠶᠠᠨ᠎ᠤ ᠡᠷᠬᠡ᠎ᠪᠠᠨ ᠴᠢᠩᠭ᠋ᠠᠳᠬᠠᠨ᠎ᠠ; ᠠᠮᠣ ᠲᠣᠰᠣᠨ᠎ᠤ ᠠᠵᠣ ᠦᠢ᠍ᠯᠡᠰ᠎ᠤᠨ ᠲᠠᠯ᠎ᠠ᠎ᠪᠠᠷ᠄ ᠡᠷᠳᠡᠨᠢ ᠰᠢᠰᠢ ᠵᠢ ᠬᠦᠨᠵᠡᠬᠡᠢ ᠪᠣᠯᠪᠠᠰᠣᠷᠠᠭᠣᠯᠬᠣ᠎ᠪᠠᠷ ᠳᠠᠭ᠋ᠠᠭᠣᠯᠣᠭᠴᠢ ᠪᠣᠯᠭ᠋ᠠᠨ᠂ ᠠᠮᠣ ᠲᠣᠰᠣᠨ᠎ᠤ ᠠᠵᠣ ᠦᠢ᠍ᠯᠡᠰ᠎ᠤᠨ ᠬᠦᠭᠵᠢᠯᠳᠡ ᠵᠢ ᠪᠦᠬᠦ ᠳᠠᠯ᠎ᠠ᠎ᠪᠠᠷ ᠳᠥᠯᠬᠢᠨ ᠠᠬᠢᠭᠣᠯᠣᠨ᠎ᠠ᠃ ᠳᠥᠮᠥᠰᠥ᠂ ᠢᠳᠡᠰᠢᠨ ᠨᠣᠭᠣᠭ᠎ᠠ ᠭᠣᠸᠠ ᠵᠢᠮᠢᠰ᠎ᠤᠨ ᠠᠵᠣ ᠦᠢ᠍ᠯᠡᠰ᠎ᠤᠨ ᠲᠠᠯ᠎ᠠ᠎ᠪᠠᠷ᠄ ᠲᠦᠮᠤᠰᠤᠨ ᠦᠷ᠎ᠡ ᠵᠢᠨ ᠦᠢ᠍ᠯᠡᠳᠪᠤᠷᠢᠯᠡᠯ᠂ ᠳᠥᠮᠥᠰᠥ ᠨᠥᠬᠡᠴᠡᠯᠡᠬᠦ᠂ ᠰᠢᠨ᠎ᠡ ᠰᠣᠷᠭᠣᠭ᠎ᠢ ᠪᠠᠳᠣᠯᠬᠠᠣ ᠪᠠ ᠬᠦᠨᠵᠡᠭᠡᠢ ᠡᠳ᠋ᠰᠢᠬᠦᠯᠬᠦ ᠵᠢ   ᠶᠡᠬᠡᠪᠡᠷ ᠬᠦᠭᠵᠢᠭᠥᠯᠵᠥ᠂ ᠢᠳᠡᠰᠢᠨ ᠨᠣᠭᠣᠭ᠎ᠠ ᠨᠥᠭᠡᠴᠡᠯᠡᠬᠦ᠂ ᠣᠰᠣ ᠥᠬᠡᠢ᠌ᠳᠡᠬᠦᠯᠬᠦ  ᠂ ᠲᠥᠪᠡᠳ ᠬᠠᠰᠢ ᠵᠢ ᠬᠦᠨᠵᠡᠬᠡᠢ ᠡᠳ᠋ᠰᠢᠬᠦᠯᠬᠦ ᠵᠢ ᠳᠣᠭᠳᠠᠭᠣᠨ ᠵᠶ᠋ᠠᠷ ᠬᠦᠭᠵᠢᠭᠥᠯᠥᠨ᠎ᠡ᠃ ᠡᠪᠡᠰᠥ ᠪᠣᠷᠳᠣᠭ᠎ᠠ᠂ ᠥᠪᠡᠷᠮᠢᠴᠡ ᠣᠨᠴᠠᠯᠢᠭᠳᠣ ᠪᠣᠯᠪᠠᠰᠣᠷᠠᠭᠣᠯᠬᠣ ᠠᠵᠣ ᠦᠢ᠍ᠯᠡᠰ᠎ᠤᠨ ᠲᠠᠯ᠎ᠠ᠎ᠪᠠᠷ᠄ ᠨᠣᠳᠣᠭ ᠪᠡᠯᠴᠢᠬᠡᠷ᠎ᠤᠨ ᠠᠮᠢ ᠠᠬᠣᠢ ᠵᠢᠨ ᠬᠠᠮᠠᠭ᠋ᠠᠯᠠᠯᠳᠠ ᠵᠢᠨ ᠨᠥᠭᠥᠪᠥᠷᠢ ᠮᠥᠩᠭᠥ ᠦᠭᠬᠦ ᠪᠠ ᠬᠥᠬᠢᠬᠥᠯᠥᠨ ᠱᠠᠩᠨᠠᠬᠣ ᠳᠣᠭᠳᠠᠴᠠ᠂ ᠮᠠᠯᠵᠢᠬᠣ ᠵᠢ ᠵᠣᠭᠰᠣᠭ᠋ᠠᠨ ᠡᠪᠡᠰᠥ ᠪᠡᠯᠴᠢᠬᠡᠷ᠎ᠢ ᠰᠡᠷᠬᠦᠬᠡᠬᠦ᠂ ᠥᠨᠳᠥᠷ ᠣᠨᠠᠯᠳᠠᠳᠣ ᠴᠢᠨᠠᠷ ᠰᠠᠢ᠌ᠲᠠᠢ ᠴᠠᠷᠭ᠋ᠠᠰᠣ ᠵᠢᠨ ᠵᠢᠱ᠌ᠢᠶ᠎ᠡ ᠥᠵᠡᠭᠥᠯᠭᠥ ᠪᠦᠳᠦᠬᠡᠨ ᠪᠠᠢ᠌ᠭᠣᠯᠣᠯᠳᠠ ᠵᠢᠨ ᠳᠥᠷᠥᠯ ᠵᠦᠢ᠍ᠯ ᠪᠣᠯᠣᠨ ᠲᠠᠷᠢᠮᠠᠯ᠎ᠤᠨ ᠡᠰᠢ ᠰᠥᠷᠡᠯ᠎ᠢ   ᠬᠤᠪᠢᠷᠠᠭᠤᠯᠤᠨ ᠬᠡᠷᠡᠭᠯᠡᠬᠦ ᠢᠨᠵᠸᠨ᠋ᠸᠷᠢᠩ ᠵᠡᠷᠬᠡ ᠳᠣᠮᠣ ᠴᠢᠬᠣᠯᠠ ᠳᠥᠷᠥᠯ ᠵᠦᠢ᠍ᠯ ᠵᠶ᠋ᠡᠷ ᠲᠦᠰᠢᠭ ᠪᠤᠯᠭ᠋ᠠᠨ᠂ ᠰᠠᠭ᠋ᠠᠯᠢ ᠵᠢᠨ ᠥᠨᠢᠶ᠎ᠡ ᠵᠢᠨ ᠳᠡᠵᠢᠭᠡᠯ ᠪᠣᠷᠳᠣᠭ᠎ᠠ ᠪᠠ ᠥᠬᠡᠷ ᠬᠤᠨᠢ ᠪᠤᠷᠳᠤᠨ ᠲᠠᠷᠭᠤᠯᠠᠭᠤᠯᠬᠤ ᠲᠡᠵᠢᠭᠡᠯ ᠪᠣᠷᠳᠣᠭ᠎ᠠ ᠵᠢ ᠶᠡᠬᠡᠪᠡᠷ ᠬᠦᠭᠵᠢᠭᠥᠯᠥᠨ᠎ᠡ᠃
[ᠶᠦᠨ ᠠᠢ ᠾᠸᠥ  ] ᠬᠣᠶᠠᠷ᠎ᠲᠤ   ᠪᠠᠷᠢᠮᠵᠢᠶᠠᠵᠢᠭᠰᠠᠨ᠂ ᠬᠡᠪᠴᠢᠶᠡᠵᠢᠭᠰᠡᠨ ᠲᠦᠭᠦᠬᠡᠢ ᠡᠳ᠋ ᠮᠠᠲᠸᠷᠢᠶᠠᠯ ᠎ᠤᠨ ᠰᠠᠭᠣᠷᠢᠨ ᠭᠠᠵᠠᠷ᠎ᠤᠨ ᠪᠦᠳᠤᠭᠡᠨ ᠪᠠᠢ᠌ᠭᠤᠯᠤᠯᠳᠠ ᠵᠢ ᠬᠢᠨᠠᠮᠠᠭ᠋ᠠᠢ ᠰᠠᠢ᠌ᠳᠣᠷ ᠠᠳᠬᠤᠨ᠎ᠠ᠃ ᠠᠷᠪᠠᠨ ᠨᠠᠢ᠍ᠮᠠᠳᠣᠭ᠋ᠠᠷ ᠬᠣᠭᠣᠴᠠᠭ᠋ᠠᠨ᠎ᠤ ᠳᠥᠪ ᠬᠤᠷᠢᠶᠠᠨ᠎ᠤ ᠭᠣᠷᠪᠠᠳᠣᠭ᠋ᠠᠷ ᠪᠦᠬᠦᠳᠡ ᠬᠣᠷᠠᠯ᠎ᠤᠨ ᠮᠠᠯᠵᠢᠬᠣ ᠳᠠᠷᠢᠶᠠᠯᠠᠬᠣ ᠣᠷᠣᠨ᠎ᠤ ᠳᠣᠬᠠᠢ ᠥᠭᠡᠷᠡᠴᠢᠯᠡᠯᠳᠡ ᠵᠢᠨ ᠳᠣᠬᠢᠶᠠᠯ᠎ᠢ ᠠᠳᠬᠣᠨ᠂ ᠭᠠᠵᠠᠷ ᠰᠢᠷᠣᠢ ᠬᠠᠳᠤᠯᠠᠩ ᠪᠡᠯᠴᠢᠭᠡᠷ᠎ᠤᠨ ᠲᠠᠯᠠᠪᠠᠢ ᠵᠢ ᠡᠷᠭᠢᠯᠳᠤᠬᠦᠯᠬᠦ ᠵᠢ ᠢᠳᠡᠪᠬᠢᠳᠠᠢ ᠳᠥᠯᠬᠢᠨ ᠠᠬᠢᠭᠣᠯᠵᠣ᠂ ᠳᠥᠷᠥ ᠵᠢᠨ ᠪᠣᠳᠣᠯᠭ᠎ᠠ ᠵᠢᠨ ᠵᠦᠪᠰᠢᠶᠡᠷᠡᠬᠦ ᠬᠥᠷᠢᠶ᠎ᠡ ᠬᠡᠪᠴᠢᠶᠡᠨ᠎ᠳᠤ ᠠᠵᠣ ᠦᠢ᠍ᠯᠡᠳᠪᠥᠷᠢ ᠬᠣᠳᠠᠯᠳᠣᠭ᠎ᠠ ᠵᠢᠨ ᠡᠳ᠋ ᠬᠦᠷᠥᠩᠬᠡ᠎ᠪᠠᠷ ᠤᠳᠤ ᠦᠶ᠎ᠡ ᠵᠢᠨ ᠳᠠᠷᠢᠶᠠᠯᠠᠩ ᠮᠠᠯ ᠠᠵᠣ ᠠᠬᠣᠢ ᠵᠢ ᠬᠦᠭᠵᠢᠭᠥᠯᠭᠥ ᠵᠢ ᠵᠣᠷᠢᠭᠵᠢᠭᠣᠯᠬᠣ ᠪᠠ ᠵᠢᠯᠣᠭᠣᠳᠣᠨ᠎ᠠ᠃   ᠠᠯᠣᠰ᠎ᠤᠨ ᠪᠣᠳᠣᠯᠭ᠎ᠠ᠎ᠲᠠᠢ᠂ ᠥᠪᠡᠷᠮᠢᠴᠡ ᠣᠨᠴᠠᠯᠢᠭ ᠵᠶ᠋ᠠᠨ ᠳᠣᠪᠣᠢ᠌ᠯᠠᠭ᠋ᠠᠭᠰᠠᠨ ᠰᠠᠭᠣᠷᠢᠨ ᠭᠠᠵᠠᠷ  ᠎ᠢ ᠪᠠᠢ᠌ᠭᠤᠯᠬᠤ᠎ᠠᠴᠠ ᠭᠠᠷᠳᠠᠨ᠂ ᠬᠡᠷ ᠪᠥᠯᠢ ᠵᠢᠨ ᠮᠠᠯᠵᠢᠯ᠎ᠤᠨ ᠳᠠᠯᠠᠪᠠᠢ᠂ ᠪᠠᠷᠢᠮᠵᠢᠶᠠᠵᠢᠭᠰᠠᠨ ᠬᠡᠪᠴᠢᠶ᠎ᠡ᠎ᠲᠠᠢ ᠳᠡᠵᠢᠬᠡᠨ ᠥᠷᠡᠵᠢᠭᠥᠯᠭᠥ ᠪᠠᠭ᠎ᠠ ᠳᠣᠭᠣᠷᠢᠭ ᠪᠠ ᠮᠠᠯᠵᠢᠯ᠎ᠤᠨ ᠬᠦᠷᠢᠶᠡᠯᠡᠩ ᠳᠣᠭᠣᠷᠢᠭ ᠵᠡᠷᠬᠡ ᠰᠠᠭᠣᠷᠢᠨ ᠭᠠᠵᠠᠷ᠎ᠤᠨ ᠪᠦᠳᠤᠭᠡᠨ ᠪᠠᠢ᠌ᠭᠤᠯᠤᠯᠳᠠ ᠵᠢ ᠶᠡᠬᠡᠪᠡᠷ ᠬᠦᠭᠵᠢᠭᠥᠯᠵᠥ᠂ ᠳᠠᠷᠢᠶᠠᠴᠢᠨ ᠮᠠᠯᠴᠢᠨ ᠡᠷᠥᠬᠡ ᠵᠢ ᠳᠠᠢ᠌ᠴᠢᠯᠠᠨ ᠪᠠᠷᠢᠮᠵᠢᠶᠠᠵᠢᠭᠰᠠᠨ ᠬᠡᠪᠴᠢᠶᠡᠵᠢᠭᠰᠡᠨ ᠦᠢ᠍ᠯᠡᠳᠪᠥᠷᠢᠯᠡᠯ ᠬᠢᠬᠦ ᠵᠢ   ᠪᠡᠶᠡᠯᠡᠭᠥᠯᠥᠨ᠎ᠡ᠃
      ᠭᠣᠷᠪᠠ᠎ᠳᠤ ᠳᠠᠷᠢᠶᠠᠯᠠᠩ ᠮᠠᠯ ᠠᠵᠣ ᠠᠬᠣᠢ ᠵᠢᠨ ᠲᠦᠷᠦᠯ ᠲᠡᠮᠳᠡᠭ᠎ᠤᠨ ᠪᠠᠢ᠌ᠭᠣᠯᠣᠯᠳᠠ ᠵᠢ ᠳᠥᠷᠭᠡᠳᠬᠡᠨ ᠠᠬᠢᠭᠣᠯᠵᠣ᠂ ᠳᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠵᠠᠬ᠎ᠠ ᠳᠡᠯᠬᠡᠬᠦᠷ᠎ᠤᠨ ᠥᠷᠢᠰᠥᠯᠳᠥᠬᠦ   ᠬᠦᠴᠦᠨ᠎ᠢ ᠳᠡᠭᠡᠭᠰᠢᠯᠡᠬᠦᠯᠥᠨ᠎ᠡ᠃ 《ᠲᠦᠷᠦᠯ ᠳᠡᠮᠳᠡᠭᠳᠥ ᠳᠠᠷᠢᠶᠠᠯᠠᠩ ᠮᠠᠯ ᠠᠵᠣ ᠠᠬᠣᠢ ᠵᠢᠨ ᠭᠦᠭᠵᠢᠯᠳᠡ ᠵᠢ ᠲᠦᠷᠭᠡᠳᠭᠡᠨ ᠠᠬᠢᠭᠤᠯᠬᠤ ᠳᠣᠬᠠᠢ ᠥᠪᠥᠷ ᠮᠣᠩᠭᠣᠯ᠎ᠤᠨ ᠥᠪᠡᠷᠳᠡᠭᠡᠨ ᠵᠠᠰᠠᠬᠣ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ   ᠰᠠᠨᠠᠯ  》᠎ᠢ ᠥᠳᠳᠡᠷ ᠳᠥᠷᠭᠡᠨ ᠳᠣᠭᠳᠠᠭ᠋ᠠᠨ ᠨᠡᠢ᠌ᠳᠡᠯᠡᠬᠦᠯᠬᠦ᠎ᠪᠠᠷ ᠴᠢᠷᠮᠠᠢ᠌ᠵᠣ᠂ ᠲᠠᠷᠢᠶᠠᠯᠠᠩ ᠮᠠᠯ ᠠᠵᠣ ᠠᠬᠣᠢ ᠵᠢᠨ ᠲᠦᠷᠦᠯ ᠳᠡᠮᠳᠡᠭ᠎ᠤᠨ ᠪᠥᠳᠥᠬᠡᠨ ᠪᠠᠢ᠌ᠭᠣᠯᠣᠯᠳᠠ ᠵᠢᠨ ᠢᠨᠵᠸᠨ᠋ᠸᠷᠢᠩ᠎ᠢ ᠡᠬᠢᠯᠡᠭᠥᠯᠥᠨ ᠬᠡᠷᠡᠭᠵᠢᠭᠥᠯᠥᠨ᠎ᠡ᠃ ᠳᠠᠭ᠋ᠠᠭᠣᠯᠣᠭᠴᠢ ᠠᠵᠣ ᠠᠬᠣᠢ᠌ᠯᠠᠯ᠎ᠤᠨ ᠳᠣᠮᠳᠠᠳᠣ ᠣᠯᠣᠰ᠎ᠤᠨ ᠠᠯᠳᠠᠷᠳᠤ ᠲᠠᠸᠠᠷ᠎ᠤᠨ ᠳᠡᠮᠳᠡᠭ᠂ ᠥᠪᠡᠷᠳᠡᠭᠡᠨ ᠵᠠᠰᠠᠬᠣ ᠣᠷᠣᠨ᠎ᠤ ᠴᠤᠤᠳᠤ ᠲᠠᠸᠠᠷ᠎ᠤᠨ ᠳᠡᠮᠳᠡᠭ᠂ ᠦᠪᠡᠷᠳᠡᠭᠡᠨ ᠵᠠᠰᠠᠬᠤ ᠤᠷᠤᠨ᠎ᠤ ᠨᠡᠷᠡᠳᠤ ᠲᠠᠸᠠᠷ᠎ᠤᠨ ᠲᠡᠮᠳᠡᠭ᠂ ᠣᠭ ᠭᠠᠷᠣᠯᠳᠠ ᠵᠢᠨ   ᠤᠷᠤᠨ᠎ᠤ ᠳᠡᠮᠳᠡᠭ᠂ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠭᠠᠵᠠᠷ ᠵᠦᠢ ᠵᠢᠨ ᠳᠡᠮᠳᠡᠭ ᠵᠡᠷᠬᠡ ᠵᠢ ᠭᠣᠶᠣᠴᠢᠯᠠᠨ ᠮᠡᠳᠡᠭᠥᠯᠭᠥ ᠪᠠ ᠡᠭᠦᠳᠤᠨ ᠪᠠᠢ᠌ᠭᠣᠯᠬᠣ᠎ᠳᠤᠨᠢ ᠲᠡᠮᠵᠢᠯᠭᠡ ᠦᠵᠡᠬᠦᠯᠵᠦ᠂ ᠳᠠᠭ᠋ᠠᠭᠣᠯᠣᠭᠴᠢ ᠠᠵᠣ ᠠᠬᠣᠢ᠌ᠯᠠᠯ᠎ᠤᠨ ᠲᠠᠸᠠᠷ ᠳᠡᠮᠳᠡᠭ ᠵᠶ᠋ᠡᠨ ᠣᠯᠠᠨ ᠣᠯᠣᠰ᠎ᠲᠤ ᠳᠠᠩᠰᠠᠯᠠᠬᠣ᠎ᠪᠠᠷ ᠭᠣᠶᠣᠴᠢᠯᠠᠬᠣ᠎ᠳᠤᠨᠢ ᠲᠡᠮᠵᠢᠯᠬᠡ ᠦᠵᠡᠬᠦᠯᠵᠦ᠂ ᠭᠠᠳᠠᠭ᠋ᠠᠳᠣ᠎ᠳᠤ ᠭᠠᠷᠭ᠋ᠠᠬᠣ ᠦᠢ᠍ᠯᠡᠳᠬᠦᠨ᠎ᠤ ᠳᠡᠮᠳᠡᠭ᠎ᠢ ᠢᠳᠡᠪᠬᠢᠳᠠᠢ ᠪᠤᠢ᠌ᠵᠢᠭᠤᠯᠤᠨ᠎ᠠ᠃《ᠥᠪᠥᠷ ᠮᠣᠩᠭᠣᠯ᠎ᠤᠨ ᠪᠣᠬᠢᠷᠳᠣᠯ ᠥᠬᠡᠢ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢ ᠭᠠᠳᠠᠭᠰᠢ ᠭᠠᠷᠭ᠋ᠠᠬᠣ》 ᠢᠨᠵᠸᠨ᠋ᠸᠷᠢᠩ᠎ᠢ   ᠡᠬᠢᠯᠡᠵᠥ ᠬᠡᠷᠡᠭᠵᠢᠭᠥᠯᠥᠨ᠂ ᠪᠡᠬᠡᠵᠢᠩ᠂ ᠱᠠᠩᠬᠠᠢ᠎ᠳᠤ  ᠂ ᠥᠪᠥᠷ ᠮᠣᠩᠭᠣᠯ᠎ᠤᠨ ᠨᠡᠷᠡᠳᠥ ᠰᠢᠯᠢᠳᠡᠭ ᠤᠨᠴᠠᠯᠢᠭᠳᠤ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠥᠵᠡᠰᠭᠥᠯᠡᠩ᠎ᠤᠨ ᠣᠷᠳᠣᠨ᠎ᠢ   ᠪᠠᠢ᠌ᠭᠣᠯᠣᠭᠰᠠᠨ ᠠᠮᠵᠢᠯᠳᠠ᠎ᠲᠠᠢ ᠳᠣᠷᠰᠢᠯᠭ᠎ᠠ ᠎ᠪᠠᠷ   ᠲᠤᠯᠢᠳᠠᠵᠦ᠂ ᠭᠣᠸᠠᠩᠵᠸᠥ᠂ ᠱᠸᠨ᠋ᠵᠸᠨ᠂ ᠲᠢᠶᠠᠨᠵᠢᠨ ᠵᠡᠷᠬᠡ ᠳᠣᠮᠣ ᠬᠣᠳᠠ᠎ᠳᠤ ᠬᠡᠷᠡᠭ ᠡᠷᠬᠢᠯᠡᠭᠥ ᠭᠠᠵᠠᠷ ᠪᠠᠢ᠌ᠭᠣᠯᠬᠣ᠎ᠪᠠᠷ ᠢᠳᠡᠪᠬᠢᠯᠡᠨ ᠴᠢᠷᠮᠡᠢ᠌ᠵᠦ᠂ ᠥᠪᠥᠷ ᠮᠣᠩᠭᠣᠯ᠎ᠤᠨ ᠨᠡᠷᠡᠳᠥ   ᠰᠢᠯᠢᠳᠡᠭ ᠤᠨᠴᠠᠯᠢᠭᠳᠤ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ   ᠨᠡᠷᠡᠳᠥ ᠲᠡᠮᠳᠡᠭᠳᠤ ᠵᠢ ᠳᠡᠯᠬᠡᠨ ᠥᠵᠡᠭᠥᠯᠵᠥ ᠪᠣᠷᠣᠯᠠᠭᠣᠯᠬᠣ ᠴᠣᠩᠬᠣ (  ᠳᠥᠪ) ᠪᠠᠢ᠌ᠭᠣᠯᠵᠣ᠂ ᠮᠠᠨ᠎ᠤ ᠣᠷᠣᠨ᠎ᠤ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠨᠥᠯᠥᠭᠡᠯᠡᠬᠦ ᠬᠦᠴᠦᠨ᠎ᠢ ᠳᠠᠰᠣᠷᠠᠯᠳᠠ ᠥᠬᠡᠢ ᠥᠷᠭᠡᠳᠬᠡᠨ᠎ᠡ᠃ ᠡᠨᠡ ᠵᠢᠯ ᠎ᠳᠤ ᠪᠣᠯᠬᠣ ᠬᠣᠶᠠᠳᠣᠭ᠋ᠠᠷ ᠬᠤᠭᠤᠴᠠᠭ᠋ᠠᠨ᠎ᠤ ᠥᠪᠥᠷ ᠮᠣᠩᠭᠣᠯ᠎ᠤᠨ ᠪᠣᠬᠢᠷᠳᠣᠯ ᠥᠬᠡᠢ ᠲᠠᠷᠢᠶᠠᠯᠠᠩ᠎ᠤᠨ ᠪᠦᠳᠤᠭᠡᠭᠳᠡᠬᠦᠨ ᠮᠠᠯ᠎ᠤᠨ ᠠᠰᠢᠭ ᠰᠢᠮ᠎ᠡ ᠵᠢᠨ ᠥᠵᠡᠰᠬᠦᠯᠡᠩ᠎ᠢ ᠰᠠᠢ᠌ᠳᠤᠷ ᠡᠷᠬᠢᠯᠡᠬᠦ᠎ᠪᠠᠷ ᠨᠠᠷᠢᠨ ᠬᠢᠨᠠᠮᠠᠭ᠋ᠠᠢ ᠵᠣᠬᠢᠶᠠᠨ ᠪᠠᠢ᠌ᠭᠤᠯᠵᠦ᠂ ᠠᠵᠣ ᠠᠬᠣᠢ᠌ᠯᠠᠯ᠎ᠢ ᠥᠵᠡᠰᠭᠥᠯᠡᠩ᠎ᠳᠤ ᠣᠷᠣᠯᠴᠠᠭᠣᠯᠬᠣ᠎ᠪᠠᠷ ᠢᠳᠡᠪᠬᠢᠳᠠᠢ ᠵᠣᠬᠢᠶᠠᠨ ᠪᠠᠢ᠌ᠭᠣᠯᠣᠨ᠂ ᠡᠮᠥᠨᠡᠬᠢ ᠬᠣᠭᠣᠴᠠᠭ᠋ᠠᠨ᠎ᠤ ᠪᠡᠯᠡᠳᠬᠡᠯ᠎ᠤᠨ ᠠᠵᠢᠯ᠎ᠢ ᠪᠦᠬᠦ ᠬᠦᠴᠦᠨ ᠵᠶ᠋ᠠᠷ ᠰᠠᠢ᠌ᠳᠣᠷ ᠬᠢᠵᠣ᠂ ᠥᠪᠥᠷ ᠮᠣᠩᠭᠣᠯ᠎ᠤᠨ ᠪᠣᠬᠢᠷᠳᠣᠯ ᠥᠬᠡᠢ ᠲᠠᠷᠢᠶᠠᠯᠠᠩ᠎ᠤᠨ ᠪᠦᠳᠡᠭᠡᠭᠳᠡᠬᠦᠨ ᠮᠠᠯ᠎ᠤᠨ ᠠᠰᠢᠭ ᠰᠢᠮ᠎ᠡ ᠵᠢᠨ ᠥᠵᠡᠰᠬᠦᠯᠡᠩ ᠵᠶ᠋ᠡᠨ ᠪᠦᠬᠦ ᠣᠯᠣᠰ᠎ᠤᠨ ᠨᠡᠷᠡᠳᠠᠢ ᠥᠵᠡᠰᠭᠥᠯᠡᠩ᠎ᠤᠨ ᠲᠦᠷᠦᠯ ᠳᠡᠮᠳᠡᠭ ᠪᠣᠯᠭ᠋ᠠᠬᠣ᠎ᠪᠠᠷ ᠬᠦᠴᠥᠯᠡᠨ ᠴᠢᠷᠮᠠᠢ᠌ᠨ᠎ᠠ᠃
[ᠶᠦᠨ ᠠᠢ ᠾᠸᠥ]ᠳᠥᠷᠪᠡ᠎ᠳᠤ ᠠᠵᠣ ᠦᠢ᠍ᠯᠡᠰ᠎ᠤᠨ ᠬᠦᠷᠢᠶᠡᠯᠡᠩ ᠳᠣᠭᠣᠷᠢᠭ᠎ᠤᠨ ᠪᠦᠳᠦᠬᠡᠨ ᠪᠠᠢ᠌ᠭᠣᠯᠣᠯᠳᠠ ᠵᠢ ᠴᠢᠩᠭ᠋ᠠᠳᠬᠠᠵᠣ᠂ ᠠᠵᠣ ᠦᠢ᠍ᠯᠡᠰ᠎ᠤᠨ ᠲᠦᠪᠯᠡᠷᠡᠯ ᠴᠣᠭᠯᠠᠷᠠᠯ᠎ᠤᠨ ᠬᠦᠭᠵᠢᠯᠳᠠ᠎ᠶᠢ ᠠᠬᠢᠭᠤᠯᠤᠨ᠎ᠠ᠃ ᠨᠢᠬᠡ᠎ᠳᠤ ᠰᠢᠨᠵᠢᠯᠡᠭᠥ ᠣᠬᠠᠭ᠋ᠠᠨᠴᠢ᠎ᠪᠠᠷ ᠳᠥᠯᠥᠪᠵᠢᠭᠥᠯᠵᠥ᠂ ᠠᠵᠣ ᠦᠢ᠍ᠯᠡᠰ᠎ᠤᠨ ᠪᠠᠢ᠌ᠷᠢᠯᠠᠭᠣᠯᠣᠯᠳᠠ᠎ᠪᠠᠨ ᠳᠠᠰᠣᠷᠠᠯᠳᠠ ᠥᠬᠡᠢ ᠰᠢᠯᠢᠳᠡᠭᠵᠢᠭᠥᠯᠥᠨ᠎ᠡ᠃ ᠵᠢᠷᠭᠣᠭ᠋ᠠᠨ ᠳᠣᠮᠣ ᠭᠣᠣᠯᠯᠠᠬᠣ ᠠᠵᠣ ᠦᠢ᠍ᠯᠡᠰ᠎ᠤᠨ ᠪᠥᠰᠡ ᠵᠢᠨ ᠪᠠᠢ᠌ᠷᠢᠯᠠᠭᠣᠯᠣᠯᠳᠠ ᠪᠣᠯᠣᠨ ᠬᠣᠳᠠ ᠪᠠᠯᠭ᠋ᠠᠰᠣᠴᠢᠯᠠᠯᠳᠠ ᠵᠢᠨ ᠳᠥᠯᠥᠪᠵᠢᠭᠥᠯᠥᠯᠬᠡ᠎ᠳᠤ ᠳᠥᠰᠢᠭᠯᠡᠨ᠂ ᠥᠪᠡᠷᠳᠡᠭᠡᠨ ᠵᠠᠰᠠᠬᠣ ᠣᠷᠣᠨ᠎ᠤ   ᠲᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠵᠢᠱ᠌ᠢᠶ᠎ᠡ ᠥᠵᠡᠭᠥᠯᠭᠥ ᠰᠠᠭᠣᠷᠢᠨ ᠭᠠᠵᠠᠷ ᠎ᠢ ᠡᠭᠦᠳᠤᠨ ᠪᠠᠢ᠌ᠭᠤᠯᠬᠤ ᠵᠢ ᠡᠬᠢᠯᠡᠨ ᠬᠡᠷᠡᠭᠵᠢᠭᠥᠯᠵᠣ᠂ ᠨᠢᠬᠡ ᠪᠥᠯᠥᠭ ᠠᠵᠣ ᠦᠢ᠍ᠯᠡᠰ᠎ᠤᠨ ᠬᠣᠯᠪᠣᠯᠳᠣᠬᠣ ᠬᠡᠮᠵᠢᠶ᠎ᠡ᠎ᠪᠠᠷ ᠶᠡᠬᠡ᠂ ᠬᠦᠨᠵᠡᠬᠡᠢ ᠡᠳ᠋ᠰᠢᠬᠦᠯᠬᠦ ᠴᠢᠳᠠᠪᠣᠷᠢ ᠵᠶ᠋ᠠᠷ ᠴᠢᠩᠭ᠎ᠠ᠂ ᠬᠡᠪᠴᠢᠶᠠᠵᠢᠯ᠎ᠤᠨ ᠡᠷᠴᠢᠮ᠎ᠤᠨ ᠳᠥᠪᠰᠢᠨ ᠵᠶ᠋ᠠᠷ ᠥᠨᠳᠥᠷ᠂ ᠰᠠᠴᠣᠷᠠᠭ ᠳᠠᠢ᠌ᠴᠢᠯᠠᠯᠳᠠ᠎ᠪᠠᠷ ᠥᠷᠭᠡᠨ ᠪᠦᠬᠦᠢ ᠲᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠵᠢᠱ᠌ᠢᠶ᠎ᠡ ᠥᠵᠡᠭᠥᠯᠭᠥ ᠰᠠᠭᠣᠷᠢᠨ ᠭᠠᠵᠠᠷ ᠪᠣᠯᠣᠨ ᠪᠣᠬᠢᠷᠳᠣᠯ ᠥᠬᠡᠢ ᠮᠠᠯ ᠲᠠᠷᠢᠶᠠᠯᠠᠩ᠎ᠤᠨ ᠭᠠᠷᠤᠯᠳᠠ ᠵᠢ ᠡᠳ᠋ᠰᠢᠬᠦᠯᠭᠡ ᠵᠢᠨ ᠰᠤᠯᠢᠯᠴᠠᠭ᠋ᠠᠨ᠎ᠤ ᠬᠦᠷᠢᠶᠡᠯᠡᠩ ᠳᠣᠭᠣᠷᠢᠭ᠎ᠢ ᠪᠥᠷᠢᠯᠳᠥᠭᠥᠯᠥᠨ᠎ᠡ᠂ ᠬᠣᠶᠠᠷ᠎ᠲᠤ ᠤᠷᠤᠨ ᠪᠠᠢ᠌ᠷᠢ ᠵᠢ ᠦᠨᠳᠤᠷ ᠳᠣᠭᠳᠠᠭ᠋ᠠᠨ᠂ ᠥᠯᠢᠭᠡᠷ   ᠬᠡᠪ᠎ᠤᠨ ᠢᠨᠵᠸᠨ᠋ᠸᠷᠢᠩ᠎ᠢ ᠴᠢᠷᠮᠠᠢ᠌ᠨ ᠪᠠᠢ᠌ᠭᠣᠯᠬᠣ ᠬᠡᠷᠡᠭᠳᠠᠢ᠃ ᠥᠨᠳᠥᠷ ᠪᠠᠷᠢᠮᠵᠢᠶ᠎ᠠ᠂ ᠱᠠᠭ᠋ᠠᠷᠳᠠᠯᠭ᠎ᠠ ᠶᠣᠰᠣᠭ᠋ᠠᠷ᠂ ᠬᠦᠷᠢᠶᠡᠯᠡᠩ ᠳᠣᠭᠣᠷᠢᠭ᠎ᠤᠨ ᠳᠥᠯᠥᠪᠵᠢᠭᠥᠯᠬᠡ ᠪᠠᠢ᠌ᠷᠢᠯᠠᠭᠣᠯᠣᠯᠳᠠ ᠵᠢ ᠨᠢᠬᠡᠳᠥᠯᠳᠣᠢ ᠳᠥᠯᠥᠪᠯᠡᠨ ᠠᠬᠢᠭᠤᠯᠵᠦ᠂ ᠰᠠᠭᠣᠷᠢ ᠪᠡᠯᠡᠳᠬᠡᠮᠵᠢ ᠵᠢᠨ ᠪᠦᠳᠤᠭᠡᠨ ᠪᠠᠢ᠌ᠭᠣᠯᠣᠯᠳᠠ ᠵᠢ ᠳᠡᠭᠥᠯᠳᠡᠷᠵᠢᠭᠥᠯᠥᠨ᠂ ᠣᠯᠠᠨ ᠨᠡᠢ᠌ᠳᠡ ᠵᠢᠨ ᠦᠢ᠍ᠯᠡᠴᠢᠯᠡᠬᠡ ᠵᠢ ᠳᠥᠭᠥᠷᠵᠢᠭᠥᠯᠵᠥ᠂ ᠬᠦᠷᠢᠶᠡᠯᠡᠩ ᠳᠣᠭᠣᠷᠢᠭ᠎ᠤᠨ ᠳᠡᠰ᠎ᠢ ᠳᠡᠭᠡᠭᠰᠢᠯᠡᠬᠦᠯᠥᠨ᠂ ᠬᠦᠷᠢᠶᠡᠯᠡᠩ ᠳᠣᠭᠣᠷᠢᠭ᠎ᠢ ᠥᠨᠡᠨᠭᠥ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠵᠢ ᠠᠵᠣ ᠦᠢ᠍ᠯᠡᠰᠵᠢᠭᠥᠯᠭᠥ ᠬᠦᠭᠵᠢᠯᠳᠡ ᠵᠢᠨ ᠨᠡᠷᠡᠳᠥ ᠢᠨᠵᠸᠨ᠋ᠸᠷᠢᠩ᠂ ᠥᠯᠢᠭᠡᠷ ᠬᠡᠪ᠎ᠤᠨ ᠢᠨᠵᠸᠨ᠋ᠸᠷᠢᠩ ᠪᠣᠯᠭ᠋ᠠᠨ ᠪᠦᠳᠦᠬᠡᠨ ᠪᠠᠢ᠌ᠭᠣᠯᠣᠨ᠎ᠠ᠃ ᠭᠣᠷᠪᠠ᠎ᠳᠤ ᠮᠠᠯᠵᠢᠬᠣ ᠳᠠᠷᠢᠶᠠᠯᠠᠬᠣ ᠣᠷᠣᠨ᠎ᠤ ᠭᠠᠵᠠᠷ ᠰᠢᠷᠣᠢ ᠡᠪᠡᠰᠥ ᠪᠡᠯᠴᠢᠬᠡᠷ᠎ᠤᠨ ᠡᠷᠬᠢᠯᠳᠡ ᠵᠢᠨ ᠮᠡᠳᠡᠭᠡ ᠵᠠᠩᠬᠢ ᠪᠤᠯᠤᠨ ᠦᠢ᠍ᠯᠡᠴᠢᠯᠡᠬᠡᠨ᠎ᠤ ᠳᠠᠪᠴᠠᠩ᠎ᠤᠨ ᠪᠦᠳᠦᠬᠡᠨ ᠪᠠᠢ᠌ᠭᠣᠯᠣᠯᠳᠠ ᠵᠢ ᠥᠷᠭᠥᠯᠵᠢᠯᠡᠨ ᠳᠥᠷᠭᠡᠳᠬᠡᠵᠥ᠂ ᠭᠠᠵᠠᠷ ᠰᠢᠷᠣᠢ ᠡᠪᠡᠰᠥ ᠪᠡᠯᠴᠢᠬᠡᠷ᠎ᠤᠨ ᠳᠠᠯᠠᠪᠠᠢ ᠵᠢ ᠲᠠᠷᠢᠶᠠᠯᠠᠬᠤ ᠳᠡᠵᠢᠬᠡᠬᠦ ᠳᠣᠮᠣ ᠡᠷᠥᠬᠡ᠂ ᠳᠣᠰᠬᠠᠢ ᠬᠣᠷᠰᠢᠶᠠᠵᠢᠯ ᠪᠠ ᠳᠠᠭ᠋ᠠᠭᠣᠯᠣᠭᠴᠢ ᠠᠵᠣ ᠠᠬᠣᠢ᠌ᠯᠠᠯ ᠵᠦᠭ ᠲᠦᠪᠯᠡᠷᠡᠬᠦᠯᠬᠦ ᠵᠢ ᠵᠤᠷᠢᠭᠵᠢᠭᠤᠯᠤᠨ ᠵᠢᠯᠤᠭᠤᠳᠴᠤ᠂ ᠬᠡᠪᠴᠢᠶᠡᠵᠢᠬᠦ ᠡᠷᠴᠢᠮᠵᠢᠬᠦ ᠠᠬᠢᠴᠠ ᠵᠢ ᠳᠥᠯᠬᠢᠨ ᠠᠬᠢᠭᠤᠯᠬᠤ ᠬᠡᠷᠡᠭᠲᠠᠢ᠃
      ᠳᠠᠪᠣ᠎ᠳᠤ ᠠᠰᠢᠭ ᠳᠣᠰᠠ ᠵᠢ ᠬᠤᠯᠪᠤᠯᠳᠤᠭᠤᠯᠬᠤ ᠲᠤᠭᠳᠠᠭᠤᠨ ᠳᠣᠭᠳᠠᠴᠠ ᠵᠢ   ᠪᠠᠢ᠌ᠭᠣᠯᠣᠨ᠂ ᠮᠠᠯᠴᠢᠨ ᠳᠠᠷᠢᠶᠠᠴᠢᠨ᠎ᠤ ᠣᠷᠣᠯᠭ᠎ᠠ᠎ᠪᠠᠨ ᠨᠡᠮᠡᠭᠳᠡᠭᠥᠯᠥᠨ ᠪᠠᠶᠠᠵᠢᠨ ᠴᠢᠨᠡᠭᠡᠯᠢᠭᠵᠢᠬᠦ ᠵᠢ ᠳᠠᠢ᠌ᠴᠢᠯᠠᠨ᠎ᠠ᠃ 《ᠳᠠᠭ᠋ᠠᠭᠣᠯᠣᠭᠴᠢ ᠠᠵᠣ ᠠᠬᠣᠢ᠌ᠯᠠᠯ+ ᠳᠣᠰᠬᠠᠢ ᠬᠣᠷᠰᠢᠶᠠᠵᠢᠯ+ ᠰᠠᠭᠣᠷᠢᠨ ᠭᠠᠵᠠᠷ+ ᠲᠠᠷᠢᠶᠠᠯᠠᠬᠣ ᠮᠠᠯᠵᠢᠬᠣ ᠡᠷᠥᠬᠡ+ ᠵᠠᠬ᠎ᠠ ᠳᠡᠯᠬᠡᠬᠦᠷ》 ᠵᠡᠷᠬᠡ ᠰᠢᠨ᠎ᠡ ᠮᠠᠶᠢᠭ᠎ᠤᠨ ᠵᠣᠬᠢᠶᠠᠨ ᠪᠠᠢ᠌ᠭᠣᠯᠬᠣ ᠦᠯᠢᠭᠡᠷ ᠬᠡᠪ᠎ᠢ ᠢᠳᠡᠪᠬᠢᠳᠠᠢ ᠳᠡᠯᠬᠡᠷᠡᠭᠥᠯᠭᠥ ᠪᠠ ᠰᠤᠪᠢᠨ ᠰᠣᠳᠣᠯᠵᠣ᠂ ᠳᠠᠭ᠋ᠠᠭᠣᠯᠣᠭᠴᠢ ᠠᠵᠣ ᠠᠬᠣᠢ᠌ᠯᠠᠯ᠎ᠢ ᠵᠢᠯᠤᠭᠤᠳᠤᠨ ᠠᠯᠣᠰ ᠬᠣᠯᠠ ᠵᠢᠨ ᠪᠣᠳᠣᠯᠭ᠎ᠠ ᠪᠠ ᠨᠡᠢ᠌ᠬᠡᠮ᠎ᠤᠨ ᠬᠠᠷᠢᠭᠣᠴᠠᠯᠭ᠎ᠠ ᠵᠢ ᠪᠣᠢ ᠪᠣᠯᠭ᠋ᠠᠵᠣ᠂ ᠰᠠᠭᠣᠷᠢᠨ ᠭᠠᠵᠠᠷ᠎ᠢ ᠥᠨᠡᠨᠭᠥ ᠠᠵᠣ ᠠᠬᠣᠢ᠌ᠯᠠᠯ᠎ᠤᠨ ᠨᠢᠬᠡᠳᠥᠬᠡᠷ ᠦᠢ᠍ᠯᠡᠳᠪᠥᠷᠢ ᠵᠢᠨ ᠳᠠᠰᠣᠭ ᠪᠣᠯᠭ᠋ᠠᠨ᠂ ᠮᠠᠯᠴᠢᠨ ᠳᠠᠷᠢᠶᠠᠴᠢᠨ᠎ᠢ ᠠᠵᠣ ᠠᠬᠣᠢ᠌ᠯᠠᠯ᠎ᠤᠨ ᠠᠵᠢᠯᠴᠢᠨ ᠵᠶ᠋ᠠᠷ ᠥᠵᠡᠵᠥ᠂ ᠮᠠᠯᠴᠢᠨ ᠳᠠᠷᠢᠶᠠᠴᠢᠨ᠎ᠯᠤᠭ᠎ᠠ ᠲᠤᠭᠳᠠᠭᠤᠨ ᠪᠦᠬᠡᠳ ᠨᠢᠭᠳᠠ ᠠᠰᠢᠭ ᠳᠣᠰᠠ ᠵᠢᠨ ᠬᠣᠯᠪᠣᠯᠳᠣᠭ᠎ᠠ ᠵᠢᠨ ᠳᠣᠭᠳᠠᠴᠠ ᠵᠢ ᠪᠥᠷᠢᠯᠳᠥᠭᠥᠯᠥᠨ᠂ ᠰᠠᠯᠬᠢ ᠪᠣᠷᠣᠭ᠎ᠠ ᠵᠢ ᠬᠠᠮᠳᠣ᠎ᠪᠠᠷ ᠲᠤᠭᠤᠯᠬᠤ᠂   ᠪᠠᠷᠢᠯᠳᠤᠨ ᠬᠦᠭᠵᠢᠬᠦ ᠠᠰᠢᠭ ᠳᠣᠰᠠ ᠵᠢᠨ ᠬᠠᠮᠳᠣ ᠵᠢᠨ ᠴᠣᠭᠴᠠ ᠪᠤᠯᠭ᠋ᠠᠵᠦ᠂ ᠮᠠᠯᠴᠢᠨ ᠳᠠᠷᠢᠶᠠᠴᠢᠨ᠎ᠳᠤ ᠠᠵᠣ ᠦᠢ᠍ᠯᠡᠰᠵᠢᠭᠥᠯᠭᠥ ᠡᠵᠡᠩᠨᠡᠯᠳᠡ ᠵᠢᠨ ᠳᠣᠮᠳᠠ᠎ᠠᠴᠠ ᠦᠨᠡᠨᠬᠦ ᠠᠰᠢᠭ ᠬᠦᠷᠳᠡᠭᠡᠨ᠎ᠡ᠃
 [ᠶᠦᠨ ᠠᠢ ᠾᠸᠥ] ᠵᠢᠷᠭᠣᠭ᠎ᠠ᠎ᠳᠤ ᠲᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠤᠨ ᠨᠡᠢ᠌ᠭᠡᠮᠯᠢᠭ᠎ᠤᠨ ᠠᠵᠢᠯ᠎ᠢ ᠨᠠᠷᠢᠨ ᠬᠢᠨᠠᠮᠠᠭ᠋ᠠᠢ ᠰᠠᠢ᠌ᠳᠣᠷ ᠬᠢᠬᠦ   ᠬᠡᠷᠡᠭᠳᠠᠢ᠃ ᠨᠡᠢ᠌ᠬᠡᠮᠯᠢᠭ᠎ᠨᠢ ᠡᠷᠬᠡᠪᠰᠢ ᠥᠷᠭᠡᠨ ᠣᠯᠠᠨ ᠬᠡᠰᠢᠭᠥᠨ ᠨᠢᠬᠡᠴᠡ ᠵᠢᠨ ᠦᠢ᠍ᠯᠡᠴᠢᠯᠡᠬᠡ ᠵᠢᠨ ᠱᠠᠭ᠋ᠠᠷᠳᠠᠯᠭ᠎ᠠ᠎ᠠᠴᠠ ᠡᠭᠦᠰᠴᠤ᠂ ᠵᠣᠬᠢᠶᠠᠨ ᠪᠠᠢ᠌ᠭᠣᠯᠣᠯᠳᠠ ᠵᠢᠨ ᠪᠠᠢ᠌ᠭᠣᠯᠣᠯᠳᠠ᠂ ᠳᠣᠬᠠᠢ᠌ᠯᠠᠭᠰᠠᠨ ᠠᠵᠢᠯ᠎ᠤᠨ ᠪᠠᠢ᠌ᠭᠣᠯᠣᠯᠳᠠ᠂ ᠳᠥᠷᠢᠮ ᠳᠣᠭᠳᠠᠭ᠋ᠠᠯ᠎ᠤᠨ ᠪᠠᠢ᠌ᠭᠣᠯᠣᠯᠳᠠ᠂ ᠣᠪᠣᠷ ᠰᠣᠷᠳᠠᠯ᠎ᠤᠨ ᠪᠠᠢ᠌ᠭᠣᠯᠣᠯᠳᠠ ᠵᠢ ᠥᠨᠡᠨᠭᠥ ᠴᠢᠩᠭ᠋ᠠᠳᠬᠠᠵᠣ᠂ ᠨᠡᠢ᠌ᠭᠡᠮ᠎ᠤᠨ ᠵᠤᠬᠢᠶᠠᠨ ᠪᠠᠢ᠌ᠭᠤᠯᠤᠯᠳᠠ ᠵᠢᠨ ᠡᠷᠬᠡ ᠴᠢᠳᠠᠪᠤᠷᠢ ᠵᠢᠨ ᠦᠢ᠍ᠯᠡᠳᠤᠯ᠎ᠢ ᠬᠦᠢ᠍ᠴᠡᠳ ᠪᠠᠳᠠᠷᠠᠭᠤᠯᠵᠦ᠂ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠳᠠᠭ᠋ᠠᠭᠣᠯᠣᠭᠴᠢ ᠠᠵᠣ ᠠᠬᠣᠢ᠌ᠯᠠᠯ᠎ᠲᠠᠢ ᠬᠣᠯᠪᠣᠭ᠋ᠠᠯᠠᠨ᠂ ᠨᠡᠢ᠌ᠬᠡᠮ᠎ᠤᠨ ᠡᠯ᠎ᠡ ᠡᠳᠡᠭᠡᠳ᠎ᠤᠨ᠎ᠬᠢᠨ᠎ᠤ ᠡᠬᠢ ᠪᠠᠶᠠᠯᠢᠭ᠎ᠢ ᠡᠮᠬᠢᠯᠡᠨ ᠨᠡᠢ᠌ᠯᠡᠭᠥᠯᠵᠥ᠂ ᠵᠠᠰᠠᠭ᠎ᠤᠨ ᠣᠷᠳᠣᠨ ᠬᠢᠵᠣ ᠳᠡᠢ᠌ᠯᠭᠥ ᠥᠬᠡᠢ᠂ ᠬᠠᠷᠢᠨ ᠨᠡᠢ᠌ᠭᠡᠮᠯᠢᠭ ᠬᠢᠬᠦ᠎ᠳᠤ ᠳᠥᠭᠥᠮ ᠶᠠᠪᠣᠳᠠᠯ᠎ᠢ ᠰᠠᠢ᠌ᠳᠣᠷ ᠬᠢᠵᠣ᠂ ᠮᠠᠨ᠎ᠤ ᠣᠷᠣᠨ᠎ᠤ ᠳᠠᠷᠢᠶᠠᠯᠠᠩ ᠮᠠᠯ ᠠᠵᠣ ᠠᠬᠣᠢ ᠵᠢ ᠠᠵᠣ ᠦᠢ᠍ᠯᠡᠰᠵᠢᠭᠥᠯᠭᠥ ᠬᠦᠭᠵᠢᠯᠳᠡ ᠵᠢ ᠬᠠᠮᠳᠣᠪᠠᠷ ᠳᠥᠯᠬᠢᠨ ᠠᠬᠢᠭᠤᠯᠬᠤ ᠬᠡᠷᠡᠭᠲᠠᠢ᠃ ᠳᠣᠣᠷᠠᠬᠢ ᠵᠢᠷᠭᠣᠭ᠋ᠠᠨ ᠳᠠᠯ᠎ᠠ᠎ᠪᠠᠷ ᠰᠢᠨ᠎ᠡ ᠰᠢᠪᠳᠥᠯᠥᠯᠳᠡ ᠵᠢ ᠪᠡᠶᠡᠯᠡᠬᠦᠯᠬᠦ᠎ᠪᠠᠷ ᠴᠢᠷᠮᠠᠢ᠌ᠨ᠎ᠠ᠄ ᠨᠢᠭᠡ᠎ᠳᠤ ᠳᠠᠢ᠌ᠴᠢᠯᠠᠬᠣ ᠦᠢ᠍ᠯᠡᠳᠥᠯ᠎ᠢ ᠳᠣᠪᠣᠢ᠌ᠯᠭ᠋ᠠᠨ᠂ ᠦᠢ᠍ᠯᠡᠴᠢᠯᠡᠬᠡᠨ᠎ᠤ ᠥᠷᠭᠡᠴᠡ ᠵᠢᠨ ᠳᠠᠯ᠎ᠠ᠎ᠪᠠᠷ ᠰᠢᠨ᠎ᠡ ᠰᠢᠪᠳᠣᠯᠣᠯᠳᠠ ᠵᠢ ᠪᠡᠶᠡᠯᠡᠬᠦᠯᠬᠦ᠎ᠪᠠᠷ ᠴᠢᠷᠮᠠᠢ᠌ᠬᠤ ᠬᠡᠷᠡᠭᠲᠠᠢ᠃ ᠰᠢᠯᠢᠳᠡᠭ ᠰᠠᠢ᠌ᠨ ᠦᠢ᠍ᠯᠡᠴᠢᠯᠡᠬᠡ᠎ᠪᠠᠷ ᠳᠠᠮᠵᠢᠭᠣᠯᠣᠨ ᠴᠢᠳᠠᠬᠣ ᠵᠢᠨ ᠳᠣᠳᠣᠷ᠎ᠠ ᠨᠡᠩ ᠤᠯᠠᠨ ᠬᠡᠰᠢᠭᠥᠨ᠎ᠢ ᠳᠠᠳᠠᠨ ᠣᠷᠣᠭᠣᠯᠵᠣ᠂ ᠨᠡᠩ ᠣᠯᠠᠨ ᠮᠠᠯ ᠲᠠᠷᠢᠶᠠᠯᠠᠩ᠎ᠤᠨ ᠭᠠᠷᠤᠯᠳᠠ ᠵᠢ ᠡᠳ᠋ᠰᠢᠬᠦᠯᠬᠦ ᠨᠡᠩ ᠤᠯᠠᠨ ᠠᠵᠣ ᠠᠬᠣᠢ᠌ᠯᠠᠯ᠎ᠳᠤ ᠦᠢ᠍ᠯᠡᠴᠢᠯᠡᠬᠦ ᠰᠢᠨ᠎ᠡ ᠠᠷᠭ᠎ᠠ ᠵᠠᠮ ᠰᠤᠪᠢᠨ ᠰᠦᠪᠡᠭᠴᠢᠯᠡᠵᠦ᠂ ᠡᠭᠦᠨ᠎ᠠᠴᠠ ᠨᠡᠢ᠌ᠬᠡᠮᠯᠢᠭ᠎ᠲᠤ ᠣᠷᠣᠬᠣ ᠳᠤᠷᠠᠲᠠᠢ ᠨᠡᠩ ᠤᠯᠠᠨ ᠬᠡᠰᠢᠭᠥᠳ᠎ᠲᠤ ᠠᠰᠢᠭ ᠬᠦᠷᠳᠡᠭᠡᠬᠦ ᠬᠡᠷᠡᠭᠲᠠᠢ᠃ ᠬᠣᠶᠠᠷ᠎ᠲᠤ ᠨᠢᠬᠡᠳᠥᠯᠳᠠᠢ ᠳᠥᠯᠥᠪᠯᠡᠨ ᠵᠣᠬᠢᠴᠠᠭᠣᠯᠬᠣ ᠵᠢ ᠰᠠᠢ᠌ᠳᠣᠷ ᠠᠳᠬᠣᠵᠣ᠂ ᠦᠢ᠍ᠯᠡᠴᠢᠯᠡᠬᠡᠨ᠎ᠢ ᠵᠤᠯᠭ᠋ᠠᠭᠤᠯᠬᠤ ᠲᠠᠯ᠎ᠠ᠎ᠪᠠᠷ ᠰᠢᠨ᠎ᠡ ᠰᠢᠪᠳᠣᠯᠣᠯᠳᠠ ᠵᠢ ᠪᠡᠶᠡᠯᠡᠬᠦᠯᠬᠦ᠎ᠪᠠᠷ ᠴᠢᠷᠮᠠᠢ᠌ᠬᠤ ᠬᠡᠷᠡᠭᠲᠠᠢ᠃ ᠨᠡᠢ᠌ᠬᠡᠮᠯᠢᠭ᠎ᠨᠢ ᠬᠡᠰᠢᠭᠥᠨ ᠨᠢᠭᠡᠴᠡ᠎ᠳᠡᠭᠡᠨ ᠣᠯᠠᠨ ᠡᠰᠢᠳᠥ ᠦᠢ᠍ᠯᠡᠳᠬᠦᠨ᠎ᠤ   ᠪᠣᠷᠣᠯᠠᠭᠣᠯᠭ᠎ᠠ ᠵᠢᠨ ᠳᠠᠪᠴᠠᠩ᠎ᠢ ᠢᠳᠡᠪᠬᠢᠳᠠᠢ᠎ᠪᠠᠷ ᠪᠠᠢ᠌ᠭᠣᠯᠣᠨ ᠥᠭᠴᠥ᠂ ᠣᠯᠠᠨ ᠠᠷᠭ᠎ᠠ ᠵᠠᠮ ᠵᠶ᠋ᠠᠷ ᠲᠦᠷᠦᠯ ᠳᠡᠮᠳᠡᠭ ᠵᠶ᠋ᠡᠨ ᠳᠡᠯᠭᠡᠷᠡᠬᠦᠯᠬᠦ ᠪᠠ ᠪᠦᠳᠤᠭᠡᠭᠳᠡᠬᠦᠨ ᠵᠶ᠋ᠠᠨ ᠡᠵᠡᠩᠨᠡᠨ ᠪᠤᠷᠤᠯᠠᠭᠤᠯᠬᠤ ᠬᠡᠷᠡᠭᠲᠠᠢ᠃ ᠭᠣᠷᠪᠠ᠎ᠳᠤ ᠬᠡᠰᠢᠬᠦᠳ᠎ᠤᠨ ᠱᠠᠭ᠋ᠠᠷᠳᠠᠯᠭ᠎ᠠ ᠵᠢ ᠬᠠᠷᠠᠭ᠋ᠠᠯᠵᠠᠵᠣ᠂ ᠦᠢ᠍ᠯᠡᠴᠢᠯᠡᠬᠡᠨ᠎ᠤ ᠴᠢᠨᠠᠷ ᠴᠢᠨᠰᠠᠭ᠎ᠠ ᠵᠢᠨ ᠳᠠᠯ᠎ᠠ᠎ᠳᠤ ᠰᠢᠨ᠎ᠡ ᠰᠢᠪᠳᠣᠯᠣᠯᠳᠠ ᠵᠢ ᠪᠡᠶᠡᠯᠡᠬᠦᠯᠬᠦ᠎ᠪᠠᠷ ᠴᠢᠷᠮᠠᠢ᠌ᠬᠤ ᠬᠡᠷᠡᠭᠲᠠᠢ᠃   ᠨᠡᠢ᠌ᠬᠡᠮᠯᠢᠭ᠎ᠨᠢ ᠬᠡᠰᠢᠭᠥᠨ ᠨᠢᠭᠡᠴᠡ ᠪᠠ ᠵᠠᠬ᠎ᠠ ᠳᠡᠯᠬᠡᠬᠦᠷ᠎ᠯᠦᠭᠡ ᠨᠡᠪᠳᠡᠷᠡᠯᠴᠡᠬᠦ ᠪᠠ ᠵᠣᠬᠢᠴᠠᠭᠣᠯᠬᠣ᠎ᠪᠠᠨ ᠴᠢᠩᠭ᠋ᠠᠳᠬᠠᠵᠣ᠂ ᠬᠡᠰᠢᠭᠥᠨ᠎ᠲᠡᠭᠡᠨ ᠴᠢᠨᠠᠷᠯᠢᠭ ᠦᠢ᠍ᠯᠡᠴᠢᠯᠡᠬᠡ ᠬᠠᠩᠭ᠋ᠠᠨ᠂ ᠠᠵᠢᠯ ᠳᠥᠷᠥᠯ᠎ᠤᠨ ᠪᠦᠬᠦᠯᠢ ᠴᠣᠭᠴᠠ ᠵᠢᠨ ᠴᠢᠨᠠᠷ ᠴᠢᠨᠰᠠᠭ᠎ᠠ ᠪᠠ ᠵᠠᠬ᠎ᠠ ᠳᠡᠯᠬᠡᠬᠦᠷ᠎ᠤᠨ ᠥᠷᠢᠰᠥᠯᠳᠥᠭᠥ ᠬᠦᠴᠦᠨ ᠵᠶ᠋ᠡᠨ ᠳᠡᠭᠡᠭᠰᠢᠯᠡᠭᠦᠯᠬᠦ ᠬᠡᠷᠡᠭᠲᠠᠢ᠃ ᠳᠥᠷᠪᠡ᠎ᠳᠤ   ᠰᠢᠨᠵᠢᠯᠡᠬᠦ ᠤᠬᠠᠭ᠋ᠠᠨ ᠮᠡᠷᠬᠡᠵᠢᠯ᠎ᠤᠨ ᠰᠢᠨ᠎ᠡ ᠵᠢ ᠡᠭᠦᠳᠬᠦ ᠵᠢ ᠴᠢᠬᠣᠯᠠᠴᠢᠯᠠᠨ᠂ ᠣᠶᠣᠨ ᠣᠷᠣᠭᠣᠯᠬᠣ ᠪᠠ ᠳᠠᠪᠳᠠᠨ ᠪᠣᠯᠪᠠᠰᠣᠷᠠᠭᠣᠯᠬᠣ ᠳᠠᠯ᠎ᠠ᠎ᠪᠠᠷ ᠰᠢᠨ᠎ᠡ ᠰᠢᠪᠳᠣᠯᠣᠯᠳᠠ ᠵᠢ ᠪᠡᠶᠡᠯᠡᠭᠥᠯᠭᠥ ᠎ᠪᠠᠷ ᠴᠢᠷᠮᠠᠢ᠌ᠬᠤ ᠬᠡᠷᠡᠭᠲᠠᠢ᠃ ᠬᠡᠰᠢᠭᠥᠨ ᠠᠵᠣ ᠠᠬᠣᠢ᠌ᠯᠠᠯ᠎ᠳᠠᠭᠠᠨ ᠶᠡᠬᠡ ᠰᠤᠷᠭ᠋ᠠᠭᠤᠯᠢ ᠳᠡᠭᠡᠳᠥ ᠵᠡᠷᠬᠡ ᠵᠢᠨ ᠰᠣᠷᠭ᠋ᠠᠭᠣᠯᠢ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠦᠷᠢᠶᠡᠯᠡᠩ ᠭᠠᠵᠠᠷ᠎ᠯᠤᠭ᠎ᠠ ᠬᠣᠯᠪᠣᠭ᠋ᠠᠯᠠᠬᠣ ᠪᠠ ᠬᠠᠮᠳᠣᠷᠠᠯᠴᠠᠬᠣ ᠳᠠᠪᠴᠠᠩ ᠪᠠᠢ᠌ᠭᠤᠯᠤᠨ ᠦᠭᠬᠦ ᠬᠡᠷᠡᠭᠲᠠᠢ; ᠴᠢᠭᠯᠡᠬᠦᠯᠬᠦ ᠴᠢᠨᠠᠷ᠎ᠲᠠᠢ ᠪᠤᠯᠪᠠᠰᠤᠷᠠᠭᠤᠯᠤᠯ᠎ᠢ ᠥᠷᠨᠢᠭᠥᠯᠵᠥ᠂ ᠬᠡᠰᠢᠭᠥᠨ ᠠᠵᠣ ᠠᠬᠣᠢ᠌ᠯᠠᠯ᠎ᠤᠨ ᠠᠵᠢᠯᠳᠠᠳ᠎ᠤᠨ ᠴᠢᠳᠠᠪᠣᠷᠢ ᠴᠢᠨᠰᠠᠭ᠎ᠠ ᠵᠢ ᠳᠡᠭᠡᠭᠰᠢᠯᠡᠬᠦᠯᠬᠦ ᠬᠡᠷᠡᠭᠲᠠᠢ᠃ ᠳᠠᠪᠣ᠎ᠳᠤ   ᠠᠵᠢᠯ ᠳᠥᠷᠥᠯ᠎ᠤᠨ ᠬᠣᠪᠢᠶᠠᠷᠢ ᠨᠡᠢ᠌ᠬᠡᠮᠯᠢᠭ᠎ᠤᠨ ᠪᠠᠢ᠌ᠭᠣᠯᠣᠯᠳᠠ ᠵᠢ ᠳᠥᠷᠭᠡᠳᠬᠡᠵᠥ᠂ ᠳᠥᠷᠢᠮ ᠳᠣᠭᠳᠠᠭ᠋ᠠᠯ᠎ᠤᠨ ᠰᠢᠰᠲᠸᠮᠵᠢ ᠵᠢᠨ ᠳᠠᠯ᠎ᠠ᠎ᠪᠠᠷ ᠰᠢᠨ᠎ᠡ ᠰᠢᠪᠳᠣᠯᠣᠯᠳᠠ ᠵᠢ ᠪᠡᠶᠡᠯᠡᠭᠥᠯᠭᠥ᠎ᠪᠠᠷ ᠴᠢᠷᠮᠠᠢ᠌ᠬᠤ ᠬᠡᠷᠡᠭᠲᠠᠢ᠃ ᠡᠯ᠎ᠡ ᠠᠵᠢᠯ ᠳᠥᠷᠥᠯ᠎ᠤᠨ ᠬᠣᠪᠢᠶᠠᠷᠢ ᠨᠡᠢ᠌ᠬᠡᠮᠯᠢᠭ᠎ᠤᠨ ᠳᠥᠷᠢᠮ ᠳᠣᠭᠳᠠᠭ᠋ᠠᠯ᠎ᠢ ᠱᠠᠯᠠᠪᠬᠠᠨ ᠳᠡᠭᠥᠯᠳᠡᠷᠵᠢᠭᠥᠯᠥᠨ᠂ ᠠᠵᠢᠯ ᠳᠥᠷᠥᠯ᠎ᠤᠨ ᠪᠠᠷᠢᠮᠵᠢᠶ᠎ᠠ ᠳᠣᠭᠳᠠᠭ᠋ᠠᠬᠣ ᠵᠢ ᠴᠢᠩᠭ᠋ᠠᠳᠬᠠᠵᠣ᠂ ᠬᠠᠮᠢᠶᠠᠷᠣᠯᠳᠠ ᠵᠢᠨ ᠪᠠᠢ᠌ᠭᠣᠯᠣᠯ᠎ᠤᠨ ᠳᠠᠯ᠎ᠠ᠎ᠪᠠᠷ ᠰᠢᠨ᠎ᠡ ᠰᠢᠪᠳᠣᠯᠣᠯᠳᠠ ᠵᠢ ᠪᠡᠶᠡᠯᠡᠭᠥᠯᠭᠥ᠎ᠪᠠᠷ ᠴᠢᠷᠮᠠᠢ᠌ᠬᠤ ᠬᠡᠷᠡᠭᠲᠠᠢ᠃ ᠵᠢᠷᠭᠣᠭ᠎ᠠ᠎ᠳᠤ ᠲᠤᠰ ᠪᠡᠶ᠎ᠡ ᠵᠢᠨ ᠪᠠᠢ᠌ᠭᠣᠯᠣᠯᠳᠠ ᠵᠢ ᠴᠢᠩᠭ᠋ᠠᠳᠬᠠᠵᠣ᠂ ᠰᠢᠨᠵᠢᠯᠡᠬᠦ ᠣᠬᠠᠭ᠋ᠠᠨᠴᠢ ᠬᠠᠮᠢᠶᠠᠷᠣᠯᠳᠠ ᠵᠢᠨ ᠳᠠᠯ᠎ᠠ᠎ᠪᠠᠷ ᠰᠢᠨ᠎ᠡ ᠰᠢᠪᠳᠣᠯᠣᠯᠳᠠ ᠪᠡᠶᠡᠯᠡᠭᠥᠯᠭᠥ ᠎ᠪᠠᠷ ᠴᠢᠷᠮᠠᠢ᠌ᠬᠤ ᠬᠡᠷᠡᠭᠲᠠᠢ᠃ ᠬᠡᠷᠡᠭ ᠡᠷᠬᠢᠯᠡᠭᠥ ᠨᠡᠢ᠌ᠬᠡᠮᠯᠢᠭ᠎ᠤᠨ ᠰᠢᠢ᠍ᠳᠪᠤᠷᠢᠳᠤ ᠪᠤᠳᠤᠯᠭ᠎ᠠ ᠳᠣᠭᠳᠠᠭ᠋ᠠᠬᠣ ᠳᠣᠭᠳᠠᠴᠠ ᠵᠢ ᠪᠥᠷᠢᠨᠰᠢᠭᠥᠯᠵᠥ᠂ ᠬᠢᠨᠠᠯᠳᠠ ᠬᠠᠮᠢᠶᠠᠷᠣᠯᠳᠠ᠎ᠪᠠᠨ ᠥᠨᠡᠨᠭᠥ ᠴᠢᠩᠭ᠋ᠠᠳᠬᠠᠵᠣ᠂ ᠰᠢᠨᠵᠢᠯᠡᠬᠦ ᠣᠬᠠᠭ᠋ᠠᠨᠴᠢ᠎ᠪᠠᠷ ᠰᠢᠢ᠍ᠳᠪᠤᠷᠢᠳᠤ ᠪᠤᠳᠤᠯᠭ᠎ᠠ ᠳᠣᠭᠳᠠᠭ᠋ᠠᠬᠣ ᠳᠥᠪᠰᠢᠨ ᠵᠶ᠋ᠠᠨ ᠳᠠᠰᠣᠷᠠᠯᠳᠠ ᠥᠬᠡᠢ ᠳᠡᠭᠡᠭᠰᠢᠯᠡᠬᠦᠯᠬᠦ ᠬᠡᠷᠡᠭᠲᠠᠢ᠃
      ᠳᠣᠯᠣᠭ᠎ᠠ᠎ᠳᠤ ᠠᠵᠣ ᠦᠢ᠍ᠯᠡᠰᠵᠢᠯᠳᠡ ᠵᠢᠨ ᠵᠢᠯᠣᠭᠣᠳᠣᠯᠭ᠎ᠠ᠂ ᠦᠢ᠍ᠯᠡᠴᠢᠯᠡᠬᠡᠨ᠎ᠤ ᠠᠵᠢᠯ᠎ᠢ ᠴᠢᠩᠭ᠋ᠠᠳᠬᠠᠨ᠎ᠠ᠃ ᠳᠠᠷᠢᠶᠠᠯᠠᠩ ᠮᠠᠯ ᠠᠵᠣ ᠠᠬᠣᠢ ᠵᠢᠨ ᠠᠵᠣ ᠦᠢ᠍ᠯᠡᠰᠵᠢᠯᠳᠡ ᠵᠢᠨ ᠳᠣᠭ᠎ᠠ ᠪᠦᠷᠢᠳᠭᠡᠯ᠎ᠤᠨ ᠠᠵᠢᠯ᠎ᠢ ᠴᠢᠩᠭ᠋ᠠᠳᠬᠠᠵᠣ᠂ ᠭᠣᠣᠯᠳᠠᠯᠭ᠋ᠠᠳᠣ ᠳᠠᠭ᠋ᠠᠭᠣᠯᠣᠭᠴᠢ ᠠᠵᠣ ᠠᠬᠣᠢ᠌ᠯᠠᠯ ᠎ᠢ ᠮᠠᠭ᠋ᠠᠳᠯᠠᠨ ᠳᠣᠭᠳᠠᠭ᠋ᠠᠵᠣ ᠬᠢᠨᠠᠨ ᠬᠡᠮᠵᠢᠬᠦ ᠳᠥᠷᠢᠮ᠎ᠢ ᠳᠡᠭᠥᠯᠳᠡᠷᠵᠢᠭᠥᠯᠣᠨ᠂ ᠥᠪᠡᠷᠳᠡᠭᠡᠨ ᠵᠠᠰᠠᠬᠣ ᠣᠷᠣᠨ᠎ᠤ ᠳᠡᠰ᠎ᠠᠴᠠ ᠳᠡᠭᠡᠭᠰᠢᠬᠢ ᠭᠤᠤᠯᠳᠠᠯᠭ᠋ᠠᠳᠤ ᠳᠠᠭ᠋ᠠᠭᠣᠯᠣᠭᠴᠢ ᠠᠵᠣ ᠠᠬᠣᠢ᠌ᠯᠠᠯ᠎ᠤᠨ ᠠᠵᠣ ᠠᠬᠣᠢ ᠵᠢᠨ ᠠᠵᠢᠯᠯᠠᠭ᠎ᠠ ᠵᠢ ᠰᠢᠭᠣᠳ ᠮᠡᠳᠡᠭᠥᠯᠭᠥ ᠳᠥᠷᠢᠮ᠎ᠢ ᠪᠠᠢ᠌ᠭᠣᠯᠵᠣ᠂ ᠪᠠᠢ᠌ᠴᠠᠭ᠋ᠠᠨ ᠰᠣᠳᠣᠯᠬᠣ ᠠᠵᠢᠯ᠎ᠢ ᠴᠢᠩᠭ᠋ᠠᠳᠬᠠᠨ᠂ ᠠᠵᠢᠯ ᠳᠥᠷᠥᠯ᠎ᠤᠨ ᠬᠦᠭᠵᠢᠯᠳᠡ ᠵᠢᠨ ᠪᠠᠢ᠌ᠳᠠᠯ᠎ᠢ ᠮᠥᠷᠳᠡᠭᠥ ᠪᠠ ᠰᠣᠳᠣᠯᠣᠨ ᠮᠠᠭ᠋ᠠᠳᠯᠠᠵᠣ᠂ ᠴᠢᠭᠯᠡᠬᠦᠯᠬᠦ ᠴᠢᠨᠠᠷ᠎ᠲᠠᠢ ᠠᠵᠢᠯ᠎ᠤᠨ ᠠᠷᠭ᠎ᠠ ᠪᠠᠷᠢᠯ ᠳᠣᠷᠠᠳᠣᠨ᠂ ᠵᠠᠰᠠᠭ᠎ᠤᠨ ᠣᠷᠳᠣᠨ᠎ᠠᠴᠠ ᠬᠣᠷᠸ᠎ᠠ ᠳᠣᠬᠢᠷᠠᠭᠣᠯᠬᠣ ᠪᠠ ᠳᠥᠷᠥ ᠵᠢᠨ ᠪᠣᠳᠣᠯᠭ᠎ᠠ ᠳᠣᠭᠳᠠᠭ᠋ᠠᠬᠣ᠎ᠳᠤ ᠡᠰᠢ ᠪᠠᠷᠢᠮᠳᠠ ᠬᠠᠩᠭ᠋ᠠᠵᠣ ᠥᠭᠭᠥᠨ᠎ᠡ᠃   ᠡᠳ᠋᠎ᠤᠨ ᠵᠠᠰᠠᠭ ᠭᠠᠢ᠌ᠯᠢ᠂ ᠮᠥᠩᠭᠥᠨ ᠬᠦᠢ᠍ᠯᠬᠡᠬᠡ ᠵᠡᠷᠬᠡ ᠵᠢᠨ ᠳᠣᠬᠠᠢ ᠳᠥᠷᠥ ᠵᠢᠨ ᠪᠣᠳᠣᠯᠭ᠎ᠠ ᠵᠢ ᠬᠠᠮᠢᠶ᠎ᠠ ᠪᠦᠬᠦᠢ ᠰᠠᠯᠠᠭ᠎ᠠ ᠮᠥᠴᠢᠷ᠎ᠲᠠᠢ ᠬᠠᠮᠳᠤᠷᠠᠨ ᠨᠠᠷᠢᠨ ᠬᠢᠨᠠᠮᠠᠭ᠋ᠠᠢ ᠰᠣᠳᠣᠯᠵᠣ᠂ ᠠᠵᠣ ᠦᠢ᠍ᠯᠡᠰᠵᠢᠭᠥᠯᠭᠥ ᠵᠢ ᠳᠡᠳᠭᠥᠭᠥ ᠡᠷᠴᠢᠮ ᠵᠶ᠋ᠠᠨ ᠴᠢᠩᠭ᠋ᠠᠷᠠᠭᠣᠯᠣᠨ᠎ᠠ᠃
[ᠶᠦᠨ ᠠᠢ ᠾᠸᠥ] ᠨᠠᠢ᠍ᠮᠠ᠎ᠳᠤ ᠳᠥᠷᠥ ᠵᠢᠨ ᠪᠣᠳᠣᠯᠭ᠎ᠠ᠎ᠪᠠᠷ ᠲᠡᠳᠬᠦᠬᠦ ᠵᠢ ᠨᠡᠮᠡᠭᠳᠡᠭᠥᠯᠥᠨ᠂ ᠳᠡᠳᠭᠥᠭᠥ ᠠᠷᠭ᠎ᠠ ᠬᠡᠯᠪᠡᠷᠢ ᠵᠢ ᠲᠡᠭᠦᠯᠳᠡᠷᠵᠢᠬᠦᠯᠤᠨ᠎ᠠ᠃ ᠨᠢᠬᠡ᠎ᠳᠤ ᠳᠠᠷᠢᠶᠠᠯᠠᠩ ᠮᠠᠯ ᠠᠵᠣ ᠠᠬᠣᠢ ᠵᠢᠨ ᠬᠠᠮᠢᠶ᠎ᠠ᠎ᠲᠠᠢ ᠳᠡᠳᠭᠥᠮᠵᠢ ᠵᠢᠨ ᠪᠡᠯᠡ ᠮᠥᠩᠭᠥ ᠵᠢ ᠢᠳᠡᠪᠬᠢᠳᠠᠢ᠎ᠪᠠᠷ ᠨᠡᠢ᠌ᠯᠡᠬᠦᠯᠬᠦ ᠪᠠ ᠨᠢᠬᠡᠳᠥᠯᠳᠠᠢ ᠳᠥᠯᠥᠪᠯᠡᠨ᠂ ᠠᠵᠣ ᠦᠢ᠍ᠯᠡᠰᠵᠢᠯᠳᠡ ᠵᠢᠨ ᠤᠷᠤᠭᠤᠯᠤᠯᠳᠠ ᠵᠢᠨ ᠡᠷᠴᠢᠮ᠎ᠢ ᠴᠢᠩᠭ᠋ᠠᠷᠠᠭᠣᠯᠵᠣ᠂ ᠠᠬᠢᠯᠳᠠ ᠵᠢᠨ ᠬᠠᠮᠳᠣ ᠵᠢᠨ ᠬᠦᠴᠦ ᠵᠢ ᠪᠥᠷᠢᠯᠳᠥᠭᠥᠯᠥᠨ᠎ᠡ᠃ ᠬᠣᠶᠠᠷ᠎ᠲᠤ ᠳᠡᠳᠭᠥᠭᠥ ᠠᠷᠭ᠎ᠠ ᠬᠡᠯᠪᠡᠷᠢ᠎ᠪᠠᠨ ᠥᠭᠡᠷᠡᠴᠢᠯᠡᠨ ᠰᠠᠢ᠌ᠵᠢᠷᠠᠭᠤᠯᠤᠨ᠎ᠠ᠃ ᠰᠢᠭᠣᠳ ᠨᠦᠬᠦᠪᠤᠷᠢ ᠵᠢ ᠪᠠᠭ᠋ᠠᠰᠬᠠᠵᠣ᠂ ᠳᠠᠭ᠋ᠠᠭ᠋ᠠᠯᠳᠠ ᠬᠢᠬᠦ᠂ ᠳᠠᠮ ᠬᠦᠦ ᠮᠥᠩᠭᠥ ᠥᠭᠭᠥ᠂ ᠳᠥᠭᠰᠢᠭᠥᠷᠢ ᠵᠢᠨ ᠨᠥᠭᠥᠪᠥᠷᠢ ᠥᠭᠭᠥ᠂ ᠬᠣᠪᠢ ᠣᠷᠣᠬᠣ ᠵᠡᠷᠬᠡ ᠠᠷᠭ᠎ᠠ ᠬᠡᠯᠪᠡᠷᠢ ᠵᠢ ᠤᠯᠠᠨ ᠬᠡᠷᠡᠭᠯᠡᠵᠦ᠂ ᠵᠠᠬ᠎ᠠ ᠳᠡᠯᠬᠡᠬᠦᠷ᠎ᠤᠨ ᠡᠳ᠋ ᠪᠠᠶᠠᠯᠢᠭ᠎ᠢ ᠨᠢᠭᠳᠠᠷᠠᠭᠤᠯᠬᠤ ᠦᠢ᠍ᠯᠡᠳᠥᠯ᠎ᠢ ᠬᠦᠢ᠍ᠴᠡᠳ ᠪᠠᠳᠠᠷᠠᠭᠤᠯᠤᠨ᠎ᠠ᠃   ᠳᠠᠷᠢᠶᠠᠯᠠᠩ ᠮᠠᠯ ᠠᠵᠣ ᠠᠬᠣᠢ ᠵᠢᠨ ᠪᠡᠯᠡ ᠲᠤᠬᠢᠷᠠᠭᠤᠯᠭ᠎ᠠ ᠵᠢᠨ ᠪᠠᠳᠤᠯᠠᠭ᠎ᠠ ᠵᠢᠨ ᠺᠣᠮᠫᠠᠨᠢ ᠵᠢ ᠪᠠᠢ᠌ᠭᠣᠯᠬᠣ ᠠᠯᠬᠣᠴᠠ᠎ᠪᠠᠨ ᠳᠥᠷᠬᠡᠳᠬᠡᠨ᠂   ᠥᠳᠳᠡᠷ ᠳᠥᠷᠬᠡᠨ ᠠᠵᠢᠯᠯᠠᠭ᠋ᠠᠨ᠎ᠳᠤ ᠤᠷᠤᠯᠴᠠᠭᠤᠯᠬᠤ᠎ᠪᠠᠷ ᠴᠢᠷᠮᠠᠢ᠌ᠵᠦ᠂ ᠳᠠᠭ᠋ᠠᠭᠣᠯᠣᠭᠴᠢ ᠠᠵᠣ ᠠᠬᠣᠢ᠌ᠯᠠᠯ᠎ᠳᠤ ᠪᠡᠯᠡ ᠳᠣᠬᠢᠷᠠᠭᠣᠯᠭ᠎ᠠ ᠵᠢᠨ ᠪᠠᠳᠤᠯᠠᠭ᠎ᠠ ᠵᠢᠨ ᠦᠢ᠍ᠯᠡᠴᠢᠯᠡᠬᠡ ᠬᠠᠩᠭ᠋ᠠᠵᠣ ᠥᠭᠭᠥᠨ᠎ᠡ᠃ ᠭᠣᠷᠪᠠ᠎ᠳᠤ ᠳᠥᠷᠥᠯ ᠵᠦᠢ᠍ᠯ᠎ᠢ ᠬᠢᠨᠠᠨ   ᠪᠠᠢ᠌ᠴᠠᠭ᠋ᠠᠬᠣ ᠪᠠ ᠨᠠᠢ᠌ᠳᠠᠪᠣᠷᠢᠵᠢᠭᠣᠯᠬᠣ ᠡᠷᠴᠢᠮ ᠵᠶ᠋ᠠᠨ ᠴᠢᠩᠭ᠋ᠠᠷᠠᠭᠣᠯᠵᠣ᠂ ᠳᠥᠷᠥᠯ ᠵᠦᠢ᠍ᠯ᠎ᠤᠨ ᠬᠡᠷᠡᠭᠵᠢᠭᠦᠯᠤᠯᠳᠡ ᠵᠢᠨ ᠥᠷ᠎ᠡ ᠪᠥᠳᠥᠮᠵᠢ ᠪᠠ ᠪᠡᠯᠡ ᠮᠥᠩᠭᠥ ᠵᠢᠨ ᠨᠠᠢ᠌ᠳᠠᠪᠤᠵᠢᠭᠤᠯᠤᠯᠳᠠ ᠵᠢᠨ ᠪᠠᠢ᠌ᠳᠠᠯ᠎ᠢ ᠮᠥᠷᠳᠡᠨ ᠪᠠᠢ᠌ᠴᠠᠭ᠋ᠠᠵᠣ᠂ ᠳᠥᠷᠥᠯ ᠵᠦᠢ᠍ᠯ᠎ᠤᠨ ᠪᠥᠳᠥᠬᠡᠨ ᠪᠠᠢ᠌ᠭᠣᠯᠣᠯᠳᠠ ᠵᠢᠨ ᠪᠣᠳᠠᠳᠣ ᠥᠷ᠎ᠡ ᠪᠥᠳᠥᠮᠵᠢ ᠤᠯᠬᠤ ᠵᠢ ᠪᠠᠳᠣᠯᠠᠨ᠎ᠠ᠃
[ᠬᠦᠳᠥᠯᠥᠭᠴᠢ] ᠵᠠ᠂ ᠶᠦᠨ ᠲᠢᠩᠬᠢᠮ᠎ᠤᠨ ᠳᠠᠷᠣᠭ᠎ᠠ ᠵᠢᠨ ᠬᠠᠯᠠᠰᠢᠷᠠᠯ ᠥᠬᠡᠢ ᠳᠠᠢ᠌ᠯᠪᠣᠷᠢᠯᠠᠯᠳᠠ ᠬᠢᠭᠰᠡᠨ᠎ᠳᠤ ᠶᠡᠬᠡ ᠲᠠᠯᠠᠷᠬᠠᠵᠦ ᠪᠠᠢ᠌ᠨ᠎ᠠ᠂ ᠮᠥᠨᠴᠥ ᠮᠠᠨ᠎ᠤ ᠣᠷᠣᠨ᠎ᠤ ᠳᠠᠷᠢᠶᠠᠯᠠᠩ ᠮᠠᠯ ᠠᠵᠤ ᠠᠬᠤᠢ ᠵᠢ ᠠᠵᠤ ᠦᠢ᠍ᠯᠡᠰᠵᠢᠭᠥᠯᠭᠥ ᠬᠦᠭᠵᠢᠯᠳᠡ ᠵᠢᠨ ᠨᠡᠩ ᠥᠨᠳᠥᠷ ᠠᠮᠵᠢᠯᠳᠠ ᠣᠯᠬᠣ ᠵᠢ ᠬᠦᠰᠡᠨ ᠢᠷᠥᠬᠡᠶ᠎ᠡ᠃ ᠥᠷᠬᠡᠨ ᠣᠯᠠᠨ ᠰᠥᠯᠵᠢᠶᠡᠨ ᠠᠨᠳᠠ ᠨᠠᠷ᠎ᠤᠨ ᠬᠦᠯᠢᠶᠡᠨ ᠠᠪᠴᠥ ᠥᠵᠡᠭᠰᠡᠨ᠎ᠳᠤ ᠲᠠᠯᠠᠷᠬᠠᠵᠦ ᠪᠠᠢ᠌ᠨ᠎ᠠ᠂ ᠳᠣᠰ ᠣᠳᠠᠭ᠋ᠠᠨ᠎ᠤ ᠰᠣᠷᠪᠣᠯᠵᠢᠯᠠᠭ᠎ᠠ ᠡᠨᠳᠡ ᠬᠦᠷᠥᠬᠡᠳ ᠦᠨᠳᠤᠷᠯᠡᠯ᠎ᠡ᠂ ᠳᠠᠷᠠᠭ᠋ᠠᠴᠢ ᠵᠢᠨ ᠫᠷᠤᠭ᠌ᠷᠠᠮ᠎ᠳᠤ ᠪᠠᠶᠠᠷᠳᠠᠢ ᠵᠣᠯᠭ᠋ᠠᠶ᠎ᠠ  !

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
ᠲᠦᠷᠦ ᠲᠠᠷᠬᠠᠭ᠋ᠠᠭᠰᠠᠨ 28 ᠳ᠋ᠤᠭ᠋ᠠᠷ ᠳᠤᠭ᠋ᠠᠳᠤ ᠪᠢᠴᠢᠭ ᠮᠠᠲᠸᠷᠢᠶᠠᠯ᠎ᠢ ᠬᠢᠨᠠᠮᠠᠭ᠋ᠠᠢ ᠲᠤᠤᠱᠯᠠᠭᠣᠯᠣᠨ ᠨᠠᠢ᠌ᠳᠠᠪᠤᠷᠢᠵᠢᠭᠤᠯᠵᠦ ᠵᠡᠭᠦᠨ ᠭᠡᠰᠡᠭ᠎ᠤᠨ ᠠᠢ᠌ᠮᠠᠭ ᠬᠤᠳᠠ ᠵᠢᠨ ᠬᠦᠭᠵᠢᠨ ᠮᠠᠨᠳᠤᠬᠤ ᠵᠢ ᠲᠦᠷᠭᠡᠳᠭᠡᠨ ᠠᠬᠢᠭᠤᠯᠤᠶ᠎ᠠ
ᠮᠠᠨ ᠎ᠤ ᠣᠷᠣᠨ᠎ᠤ ᠡᠯ᠎ᠡ ᠱᠠᠳᠤᠨ᠎ᠤ ᠵᠠᠰᠠᠭ᠎ᠤᠨ ᠣᠷᠳᠣᠨ ᠎ᠤ ᠡᠷᠬᠡ ᠵᠢᠨ ᠨᠠᠷᠢᠨ ᠳᠠᠩᠰᠠ ᠵᠢᠨ ᠳᠦᠷᠢᠮ᠎ᠤᠨ ᠪᠠᠢ᠌ᠭᠤᠯᠣᠯᠲᠠ ᠵᠢᠨ ᠠᠵᠢᠯ᠎ᠢ ᠪᠦᠬᠦ ᠲᠠᠯ᠎ᠠ᠎ᠪᠠᠷ ᠠᠬᠢᠭᠤᠯᠤᠶ᠎ᠠ
ᠴᠠᠭ ᠲᠤᠬᠢᠶᠠᠯ᠎ᠢ ᠵᠠᠪᠳᠤᠵᠦ ᠰᠢᠨ᠎ᠡ ᠬᠡᠪ ᠪᠠᠢ᠌ᠳᠠᠯ᠎ᠳᠤ ᠵᠤᠬᠢᠴᠠᠭᠤᠯᠤᠨ ᠶᠠᠰᠤ ᠴᠢᠨᠠᠷ᠎ᠲᠤ ᠬᠢᠨᠠᠯᠳᠠ ᠲᠠᠯᠪᠢᠬᠤ ᠠᠵᠢᠯ᠎ᠤᠨ ᠰᠢᠨ᠎ᠡ ᠦᠰᠤᠷᠤᠯᠳᠠ ᠵᠢ ᠪᠡᠶᠡᠯᠡᠭᠦᠯᠬᠦ᠎ᠪᠠᠷ ᠴᠢᠷᠮᠠᠢ᠌ᠶ᠎ᠠ
ᠦᠪᠡᠷᠲᠡᠭᠡᠨ ᠵᠠᠰᠠᠬᠤ ᠣᠷᠣᠨ᠎ᠤ ᠲᠦᠮᠡᠨ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ ᠲᠦᠭ ᠲᠦᠮᠡᠨ ᠵᠶ᠋ᠡᠷ ᠵᠶ᠋ᠡᠨ ᠰᠢᠨ᠎ᠡ ᠵᠢ ᠡᠭᠦᠳᠬᠦ ᠵᠢ ᠠᠬᠢᠭᠤᠯᠤᠭᠰᠠᠨ ᠪᠠᠢ᠌ᠳᠠᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢᠨ ᠲᠠᠢ᠌ᠯᠤᠮᠵᠢ
 
            