ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ ᠨᠡᠶ᠋ᠢᠲᠡᠯᠡᠬᠦ᠌ ᠬᠤᠷᠠᠯ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢᠨ ᠲᠠᠢ᠌ᠯᠤᠮᠵᠢ
ᠨᠡᠶ᠋ᠢᠲᠡᠯᠡᠭᠰᠡᠨ ᠴᠠᠭ᠄ 2015-08-18

      ᠰᠤᠷᠪᠤᠯᠵᠢᠯᠠᠨ ᠶᠠᠷᠢᠯᠴᠠᠭᠰᠠᠨ ᠴᠠᠭ᠄

     2015 ᠤᠨ᠎ᠤ 8 ᠳ᠋ᠤᠭ᠋ᠠᠷ ᠰᠠᠷ᠎ᠠ ᠵᠢᠨ 5᠎ᠤ ᠡᠳᠦᠷ᠎ᠤᠨ ᠦᠳᠡ ᠵᠢᠨ ᠬᠤᠢ᠌ᠨᠠᠬᠢ 3 ᠴᠠᠭ
      ᠰᠤᠷᠪᠤᠯᠵᠢᠯᠠᠨ ᠶᠠᠷᠢᠯᠴᠠᠭᠰᠠᠨ ᠵᠣᠴᠢᠨ᠄

      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠠᠤᠯᠢ ᠳᠦᠷᠢᠮ᠎ᠤᠨ ᠠᠯᠪᠠᠨ ᠭᠡᠷ᠎ᠤᠨ ᠳᠡᠳ᠋ ᠡᠷᠬᠢᠯᠡᠭᠴᠢ   ᠵᠢᠶᠠ ᠯᠢ
      ᠰᠤᠷᠪᠤᠯᠵᠢᠯᠠᠨ ᠶᠠᠷᠢᠯᠴᠠᠭᠰᠠᠨ ᠠᠭᠤᠯᠭ᠎ᠠ ᠵᠢᠨ ᠲᠣᠪᠴᠢ᠄
      ᠮᠠᠨ᠎ᠤ ᠣᠷᠣᠨ᠎ᠤ ᠠᠵᠤ ᠠᠬᠤᠶ ᠪᠤᠯᠤᠨ ᠬᠣᠲᠠ ᠵᠢᠨ ᠪᠦᠲᠦᠭᠡᠨ ᠪᠠᠶ᠋ᠢᠭᠤᠯᠤᠯᠲᠠ ᠵᠢᠨ ᠦᠳᠳᠦᠷ ᠲᠦᠷᠭᠡᠨ ᠬᠥᠭᠵᠢᠯᠲᠡ ᠵᠢ ᠳᠠᠭ᠋ᠠᠯᠳᠤᠨ᠂ ᠪᠦᠬᠦ ᠣᠷᠣᠨ᠎ᠤ ᠴᠠᠬᠢᠯᠭ᠋ᠠᠨ ᠱᠠᠲᠤᠨ᠎ᠤ ᠶᠡᠷᠦᠩᠬᠡᠶ ᠬᠡᠮᠵᠢᠶ᠎ᠡ ᠲᠦᠷᠭᠡᠨ ᠨᠡᠮᠡᠭᠳᠡᠵᠤ᠂ ᠴᠠᠬᠢᠯᠭ᠋ᠠᠨ ᠱᠠᠲᠤ ᠬᠡᠷᠡᠭᠯᠡᠬᠦ ᠬᠡᠮᠵᠢᠶ᠎ᠡ᠎ᠨᠢ 2008 ᠣᠨ᠎ᠳᠤ 8000 ᠭᠠᠷᠤᠢ ᠪᠠᠢ᠌ᠭᠰᠠᠨ᠎ᠠᠴᠠ᠎ᠪᠠᠨ 2014 ᠤᠨ᠎ᠤ ᠰᠡᠭᠦᠯᠴᠢ ᠪᠤᠯᠬᠤ᠎ᠳᠤ 54000 ᠭᠠᠷᠤᠢ ᠪᠤᠯᠤᠨ ᠨᠡᠮᠡᠭᠳᠡᠭᠡᠳ᠂ ᠵᠢᠯ᠎ᠤᠨ ᠳᠤᠮᠳᠠᠴᠢ ᠨᠡᠮᠡᠭᠳᠡᠯ᠎ᠤᠨ ᠨᠣᠷᠮ᠎ᠠ᠎ᠨᠢ 36.45% ᠪᠤᠯᠪᠠ᠃ ᠴᠠᠬᠢᠯᠭ᠋ᠠᠨ ᠱᠠᠲᠤᠨ᠎ᠤ ᠰᠠᠭ᠋ᠠᠳ ᠬᠠᠷᠰᠢ ᠪᠤᠯᠤᠨ ᠠᠮᠤᠷ ᠲᠦᠪᠰᠢᠨ᠎ᠤ ᠡ᠊ᠨᠳᠡᠯ ᠭᠠᠷᠬᠤ ᠵᠢ ᠰᠡᠷᠭᠡᠶ᠋ᠢᠯᠡᠬᠦ ᠪᠠ ᠪᠠᠭ᠋ᠠᠰᠬᠠᠬᠤ ᠵᠢᠨ ᠲᠤᠯᠠᠳᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢ ᠲᠤᠭᠲᠠᠭ᠋ᠠᠨ ᠨᠡᠢ᠌ᠲᠡᠯᠡᠭᠰᠡᠨ ᠪᠦᠭᠡᠳ 8 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠬᠦᠯᠪᠡ᠃ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠳᠦᠷᠢᠮ ᠲᠣᠭᠲᠠᠭ᠋ᠠᠯ᠎ᠤᠨ ᠬᠣᠯᠪᠣᠭᠳᠠᠯ ᠪᠦᠬᠦᠢ ᠪᠠᠶ᠋ᠢᠳᠠᠯ᠎ᠢ ᠨᠠᠷᠢᠨ ᠣᠶ᠋ᠢᠯᠠᠭ᠋ᠠᠬᠤ ᠵᠢᠨ ᠲᠤᠯᠠᠳᠠ᠂ ᠣᠶ᠋ᠢᠷ᠎ᠠ᠎ᠳᠤ᠂ ᠪᠢᠳᠡ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠠᠤᠯᠢ ᠳᠦᠷᠢᠮ᠎ᠤᠨ ᠠᠯᠪᠠᠨ ᠭᠡᠷ᠎ᠤᠨ ᠳᠡᠳ᠋ ᠡᠷᠬᠢᠯᠡᠭᠴᠢ ᠵᠢᠶᠠ ᠯᠢ ᠵᠢ ᠤᠷᠢᠵᠤ 《ᠳᠤᠮᠳᠠᠳᠤ ᠤᠯᠤᠰ   ᠥᠪᠥᠷ ᠮᠣᠩᠭᠣᠯ》 ᠰᠦᠯᠵᠢᠶ᠎ᠡ ᠳᠡᠭᠡᠷ᠎ᠡ ᠲᠠ ᠨᠠᠷ᠎ᠲᠠᠢ ᠶᠠᠷᠢᠯᠴᠠᠭᠤᠯᠬᠤ ᠪᠤᠯᠤᠨ᠎ᠠ᠂ ᠲᠤᠬᠠᠢ ᠵᠢᠨ ᠴᠠᠭ᠎ᠲᠤ᠂ ᠥᠷᠭᠡᠨ ᠣᠯᠠᠨ ᠰᠦᠯᠵᠢᠶᠡᠨ ᠠᠨᠳᠠ ᠨᠡᠷ ᠮᠢᠨᠢ ᠢᠳᠡᠪᠬᠢᠲᠡᠶ ᠣᠷᠣᠯᠴᠠᠬᠤ ᠵᠢ ᠪᠠᠶᠠᠷᠯᠠᠨ ᠤᠭᠲᠤᠵᠤ ᠪᠠᠶ᠋ᠢᠨ᠎ᠠ!
      [ᠬᠥᠲᠥᠯᠥᠭᠴᠢ]
      ᠰᠦᠯᠵᠢᠶᠡᠨ ᠠᠨᠳᠠ ᠨᠡᠷ᠂ ᠰᠠᠢ᠌ᠨ ᠪᠠᠢ᠌ᠵᠠᠭ᠋ᠠᠨᠠᠤ! ᠲᠠ ᠪᠦᠬᠦᠨ ᠲᠤᠰ ᠬᠤᠭᠤᠴᠠᠭ᠋ᠠᠨ᠎ᠤ 《ᠳᠤᠮᠳᠠᠳᠤ ᠤᠯᠤᠰ ᠥᠪᠥᠷ ᠮᠣᠩᠭᠣᠯ》 ᠰᠦᠯᠵᠢᠶᠡᠨ ᠳᠡᠭᠡᠷᠡᠬᠢ ᠰᠤᠷᠪᠤᠯᠵᠢᠯᠠᠭ᠎ᠠ ᠵᠢ ᠬᠦᠯᠢᠶᠡᠨ ᠦᠵᠡᠬᠦ ᠵᠢ ᠪᠠᠶᠠᠷᠯᠠᠨ ᠤᠭᠲᠤᠵᠤ ᠪᠠᠢ᠌ᠨ᠎ᠠ᠃ ᠥᠨᠥᠳᠦᠷ ᠪᠢᠳᠡ ᠠᠵᠠ᠎ᠲᠠᠢ᠎ᠪᠠᠷ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠠᠤᠯᠢ ᠳᠦᠷᠢᠮ᠎ᠤᠨ ᠠᠯᠪᠠᠨ ᠭᠡᠷ᠎ᠤᠨ ᠳᠡᠳ᠋ ᠡᠷᠬᠢᠯᠡᠭᠴᠢ ᠵᠢᠶᠠ ᠯᠢ ᠵᠢ ᠤᠷᠢᠨ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢᠨ ᠲᠤᠬᠠᠢ ᠲᠠᠢ᠌ᠯᠪᠤᠷᠢᠯᠠᠭᠤᠯᠬᠤ᠎ᠪᠠᠷ ᠪᠤᠯᠪᠠ᠂ ᠰᠦᠯᠵᠢᠶᠡᠨ ᠠᠨᠳᠠ ᠨᠡᠷ ᠮᠢᠨᠢ ᠢᠳᠡᠪᠬᠢᠲᠡᠶ ᠣᠷᠣᠯᠴᠠᠬᠤ ᠵᠢ ᠪᠠᠶᠠᠷᠯᠠᠨ ᠤᠭᠲᠤᠶ᠎ᠠ᠃ ᠵᠢᠶᠠ ᠡᠷᠬᠢᠯᠡᠭᠴᠢ ᠡ᠂ ᠲᠠᠨ᠎ᠢ ᠪᠠᠶᠠᠷᠯᠠᠨ ᠤᠭᠲᠤᠵᠤ ᠪᠠᠢ᠌ᠨ᠎ᠠ!
      [ᠵᠢᠶᠠ ᠯᠢ]
      ᠬᠦᠲᠦᠯᠦᠭᠴᠢ ᠰᠠᠶ᠋ᠢᠨ ᠤᠤ! ᠰᠦᠯᠵᠢᠶᠡᠨ ᠠᠨᠳᠠ ᠨᠠᠷ ᠰᠠᠢ᠌ᠨ ᠪᠠᠢ᠌ᠵᠠᠭ᠋ᠠᠨᠠᠤ! ᠲᠠ ᠪᠦᠬᠦᠨ᠎ᠲᠠᠢ ᠶᠠᠷᠢᠯᠴᠠᠬᠤ ᠪᠤᠯᠤᠭᠰᠠᠨ᠎ᠳᠠᠭᠠᠨ ᠰᠡᠳᠬᠢᠯ ᠮᠠᠰᠢ ᠦᠨᠳᠦᠷ ᠪᠠᠢ᠌ᠨ᠎ᠠ!
      [ᠬᠥᠲᠥᠯᠥᠭᠴᠢ]
      ᠶᠠᠭᠤᠨ᠎ᠤ ᠡᠮᠦᠨ᠎ᠡ ᠲᠠ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢᠨ ᠬᠠᠤᠯᠢ ᠲᠣᠭᠲᠠᠭ᠋ᠠᠭᠰᠠᠨ ᠠᠬᠤᠶ ᠪᠠᠶ᠋ᠢᠳᠠᠯ᠎ᠢ ᠲᠠᠨᠢᠯᠴᠠᠭᠤᠯᠤᠭ᠋ᠠᠳ ᠦᠭᠭᠦᠨ᠎ᠡ ᠤᠤ?
      [ᠵᠢᠶᠠ ᠯᠢ]
      ᠵᠠ ᠲᠡᠭᠡᠶ᠎ᠡ᠃ ᠴᠠᠬᠢᠯᠭ᠋ᠠᠨ ᠱᠠᠲᠤ᠎ᠨᠢ ᠠᠷᠠᠳ ᠣᠯᠠᠨ᠎ᠤ ᠡᠳᠦᠷ ᠲᠤᠲᠤᠮ᠎ᠤᠨ ᠠᠮᠢᠳᠤᠷᠠᠯ᠎ᠲᠠᠢ ᠨᠢᠭᠲᠠ ᠬᠣᠯᠪᠣᠭ᠎ᠠ᠎ᠲᠠᠢ᠂ ᠲᠡᠷᠡ᠎ᠨᠢ ᠬᠥᠮᠦᠨ ᠪᠠᠷᠠᠭ᠎ᠠ ᠠᠴᠢᠬᠤ ᠴᠢᠬᠤᠯᠠ ᠵᠠᠮ ᠲᠡᠭᠡᠭᠡᠪᠦᠷᠢ ᠵᠢᠨ ᠪᠠᠭ᠋ᠠᠵᠢ ᠪᠦᠭᠡᠳ ᠳᠡᠯᠭᠡᠭᠦᠷ᠂ ᠵᠣᠴᠢᠳ᠎ᠤᠨ ᠪᠠᠭᠤᠳᠠᠯ᠂ ᠣᠷᠣᠨ ᠰᠠᠭᠤᠴᠠ᠂ ᠠᠯᠪᠠᠨ ᠠᠰᠠᠷ᠂ ᠲᠡᠷᠭᠡᠨ ᠥᠷᠲᠡᠭᠡ᠂ ᠡᠮᠨᠡᠯᠭᠡ ᠵᠢᠨ ᠬᠣᠷᠢᠶ᠎ᠠ ᠵᠡᠷᠭᠡ ᠣᠯᠠᠨ ᠨᠡᠶ᠋ᠢᠲᠡ ᠵᠢᠨ ᠬᠤᠷᠠᠨ ᠴᠤᠭᠯᠠᠷᠠᠳᠠᠭ ᠭᠠᠵᠠᠷ᠎ᠲᠤ ᠦᠷᠭᠡᠨ ᠬᠡᠷᠡᠭᠯᠡᠭᠳᠡᠵᠤ᠂ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠨᠢ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠲᠠᠢ ᠬᠤᠯᠪᠤᠭᠳᠠᠵᠤ᠂ ᠡᠳᠦᠷ ᠢᠷᠡᠬᠦᠶ᠎ᠡ ᠨᠡᠶ᠋ᠢᠭᠡᠮ ᠨᠡᠢ᠌ᠲᠡ ᠵᠢᠨ ᠠᠩᠬᠠᠷᠤᠯ᠎ᠢ ᠲᠤᠶ᠋ᠢᠯ᠎ᠤᠨ ᠶᠡᠬᠡ᠎ᠪᠠᠷ ᠲᠠᠲᠠᠵᠤ ᠪᠠᠢ᠌ᠳᠠᠭ᠃ ᠣᠶ᠋ᠢᠷ᠎ᠠ ᠵᠢᠨ ᠬᠡᠳᠦᠨ ᠵᠢᠯ᠎ᠳᠤ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠶ ᠪᠤᠯᠤᠨ ᠬᠣᠲᠠ ᠵᠢᠨ ᠪᠦᠲᠦᠭᠡᠨ ᠪᠠᠶ᠋ᠢᠭᠤᠯᠤᠯᠲᠠ ᠵᠢᠨ ᠦᠳᠲᠦᠷ ᠲᠦᠷᠭᠡᠨ ᠬᠥᠭᠵᠢᠯᠲᠡ ᠵᠢ ᠳᠠᠭ᠋ᠠᠯᠳᠤᠨ᠂ ᠪᠦᠬᠦ ᠣᠷᠣᠨ᠎ᠤ ᠴᠠᠬᠢᠯᠭ᠋ᠠᠨ ᠱᠠᠲᠤᠨ᠎ᠤ ᠶᠡᠷᠦᠩᠬᠡᠶ ᠬᠡᠮᠵᠢᠶ᠎ᠡ ᠴᠤ᠌ ᠲᠦᠷᠭᠡᠨ ᠨᠡᠮᠡᠭᠳᠡᠭᠡᠳ᠂ ᠴᠠᠬᠢᠯᠭ᠋ᠠᠨ ᠬᠡᠷᠡᠭᠯᠡᠬᠦ ᠬᠡᠮᠵᠢᠶ᠎ᠡ᠎ᠨᠢ 2008 ᠣᠨ᠎ᠳᠤ 8000 ᠭᠠᠷᠤᠢ ᠪᠠᠢ᠌ᠭᠰᠠᠨ᠎ᠠᠴᠠ᠎ᠪᠠᠨ 2014 ᠤᠨ᠎ᠤ ᠰᠡᠭᠦᠯᠴᠢ ᠪᠤᠯᠬᠤ᠎ᠳᠤ 54000 ᠭᠠᠷᠤᠢ ᠪᠤᠯᠤᠨ ᠨᠡᠮᠡᠭᠳᠡᠭᠡᠳ᠂ ᠵᠢᠯ᠎ᠤᠨ ᠳᠤᠮᠳᠠᠴᠢ ᠨᠡᠮᠡᠭᠳᠡᠯ᠎ᠤᠨ ᠨᠣᠷᠮ᠎ᠠ᠎ᠨᠢ 36.45% ᠪᠤᠯᠪᠠ᠃ ᠴᠠᠬᠢᠯᠭ᠋ᠠᠨ ᠱᠠᠲᠤᠨ᠎ᠤ ᠲᠣᠭ᠎ᠠ ᠲᠦᠷᠭᠡᠨ ᠨᠡᠮᠡᠭᠳᠡᠭᠰᠡᠡᠨ᠎ᠠᠴᠠ᠂ ᠬᠢᠨᠠᠨ ᠬᠠᠮᠢᠶᠠᠷᠬᠤ ᠶᠠᠪᠤᠴᠠ᠎ᠳᠤ ᠵᠠᠷᠢᠮ ᠰᠢᠨ᠎ᠡ ᠠᠰᠠᠭᠤᠳᠠᠯ ᠢᠯᠡᠷᠡᠭᠰᠡᠨ ᠪᠠᠶ᠋ᠢᠨ᠎ᠠ᠄ ᠨᠢᠭᠡ᠎ᠳᠤ ᠬᠢᠨᠠᠨ ᠪᠠᠶ᠋ᠢᠴᠠᠭ᠋ᠠᠬᠤ᠂ ᠪᠠᠢ᠌ᠴᠠᠭ᠋ᠠᠨ ᠰᠢᠯᠭ᠋ᠠᠬᠤ ᠬᠦᠴᠦᠨ᠎ᠯᠦᠭᠡ ᠠᠳᠠᠯᠢᠳᠬᠠᠪᠠᠯ ᠢᠯᠡᠳᠲᠡ ᠳᠤᠲᠠᠮᠠᠭ ᠪᠠᠢ᠌ᠵᠤ᠂ ᠬᠢᠨᠠᠨ ᠬᠠᠮᠢᠶᠠᠷᠬᠤ ᠬᠦᠴᠢᠷᠳᠡᠯ ᠨᠡᠮᠡᠭᠳᠡᠵᠦ ᠪᠠᠶ᠋ᠢᠨ᠎ᠠ; ᠬᠣᠶᠠᠷ᠎ᠲᠤ ᠬᠠᠭᠤᠴᠢᠨ ᠴᠠᠬᠢᠯᠭ᠋ᠠᠨ ᠱᠠᠲᠤᠨ᠎ᠤ ᠲᠣᠭ᠎ᠠ ᠵᠢᠯ ᠳᠠᠷᠠᠭ᠋ᠠᠯᠠᠨ ᠨᠡᠮᠡᠭᠳᠡᠵᠦ᠂ ᠰᠢᠨᠡᠳᠭᠡᠨ ᠥᠭᠡᠷᠡᠴᠢᠯᠡᠬᠦ ᠠᠵᠢᠯ᠎ᠢ ᠳᠦᠷᠢᠮᠵᠢᠭᠦᠯᠬᠦ ᠴᠢᠬᠤᠯᠠᠲᠠᠶ ᠪᠠᠢ᠌ᠵᠤ᠂ ᠣᠷᠣᠨ ᠰᠠᠭᠤᠴᠠ ᠵᠢᠨ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠬᠤ᠎ᠳᠤ ᠪᠡᠷᠬᠡᠲᠡᠶ ᠪᠠᠶ᠋ᠢᠨ᠎ᠠ; ᠭᠤᠷᠪᠠ᠎ᠳᠤ ᠴᠠᠬᠢᠯᠭ᠋ᠠᠨ ᠱᠠᠲᠤᠨ᠎ᠤ ᠬᠡᠷᠡᠭᠯᠡᠯᠲᠡ ᠬᠠᠮᠢᠶᠠᠷᠤᠯᠲᠠ ᠵᠢᠨ ᠬᠠᠷᠢᠭᠤᠴᠠᠯᠭ᠋ᠠᠲᠤ ᠨᠢᠭᠡᠴᠡ ᠵᠢᠨ ᠬᠠᠤᠯᠢ ᠴᠠᠭ᠋ᠠᠵᠠ ᠵᠢᠨ ᠤᠬᠠᠮᠰᠠᠷ   ᠳᠤᠷᠤᠢ ᠪᠠᠶ᠋ᠢᠵᠤ᠂ ᠠᠮᠤᠷ ᠲᠦᠪᠰᠢᠨ᠎ᠤ ᠬᠠᠮᠢᠶᠠᠷᠤᠯᠲᠠ᠎ᠨᠢ ᠪᠡᠶᠡᠯᠡᠭᠳᠡᠬᠦ ᠦᠭᠡᠶ ᠪᠠᠢ᠌ᠨ᠎ᠠ; ᠳᠥᠷᠪᠡ᠎ᠳᠤ ᠵᠠᠬ᠎ᠠ ᠳᠡᠯᠭᠡᠭᠦᠷ᠎ᠢ ᠠᠷᠠᠴᠢᠯᠠᠨ ᠬᠠᠮᠠᠭ᠋ᠠᠯᠠᠬᠤ᠎ᠳᠤ ᠮᠠᠭᠤ ᠰᠠᠨᠠᠭ᠎ᠠ᠎ᠲᠠᠢ ᠦᠷᠢᠰᠦᠯᠳᠦᠵᠤ᠂ ᠠᠷᠠᠴᠢᠯᠠᠨ ᠬᠠᠮᠠᠭ᠋ᠠᠯᠠᠬᠤ ᠨᠢᠭᠡᠴᠡ᠎ᠨᠢ ᠠᠷᠠᠴᠢᠯᠠᠨ ᠬᠠᠮᠠᠭ᠋ᠠᠯᠠᠬᠤ ᠬᠠᠷᠢᠭᠤᠴᠠᠯᠭ᠎ᠠ᠎ᠪᠠᠨ ᠨᠠᠷᠢᠨ ᠬᠢᠨᠠᠮᠠᠭ᠋ᠠᠶ ᠬᠦᠢ᠍ᠴᠡᠳᠭᠡᠬᠦ ᠦᠭᠡᠢ ᠪᠠᠢ᠌ᠵᠤ᠂ ᠠᠮᠤᠷ ᠲᠦᠪᠰᠢᠨ᠎ᠤ ᠳᠠᠯᠳᠠ ᠭᠡᠮ᠎ᠢ ᠴᠠᠭ ᠲᠤᠬᠠᠶ᠎ᠳᠤᠨᠢ ᠠᠷᠢᠯᠭ᠋ᠠᠵᠤ ᠳᠡᠢ᠌ᠯᠬᠦ ᠦᠭᠡᠶ ᠪᠠᠢ᠌ᠨ᠎ᠠ᠃ ᠴᠠᠬᠢᠯᠭ᠋ᠠᠨ ᠱᠠᠲᠤ ᠵᠢᠨ ᠬᠡᠷᠡᠭᠯᠡᠯᠲᠡ ᠬᠠᠮᠢᠶᠠᠷᠤᠯᠲᠠ ᠵᠢᠨ ᠳᠤᠮᠳᠠ ᠢᠯᠡᠷᠡᠵᠤ ᠪᠠᠢ᠌ᠭ᠎ᠠ ᠠᠰᠠᠭᠤᠳᠠᠯ᠎ᠢ ᠨᠡᠩ ᠰᠠᠶ᠋ᠢᠨ ᠰᠢᠢ᠍ᠳᠪᠦᠷᠢᠯᠡᠵᠤ᠂ ᠴᠠᠬᠢᠯᠭ᠋ᠠᠨ ᠱᠠᠲᠤᠨ᠎ᠤ ᠰᠠᠭ᠋ᠠᠳ ᠬᠠᠷᠰᠢ ᠪᠤᠯᠤᠨ ᠠᠮᠤᠷ ᠲᠦᠪᠰᠢᠨ᠎ᠤ ᠡ᠊ᠨᠳᠡᠯ ᠭᠠᠷᠬᠤ ᠵᠢ ᠰᠡᠷᠭᠡᠶ᠋ᠢᠯᠡᠬᠦ ᠪᠠ ᠪᠠᠭ᠋ᠠᠰᠬᠠᠬᠤ ᠵᠢᠨ ᠲᠤᠯᠠᠳᠠ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢ ᠲᠤᠭᠲᠠᠭ᠋ᠠᠨ ᠬᠡᠷᠡᠭᠵᠢᠬᠦᠯᠬᠦ᠎ᠨᠢ ᠮᠠᠰᠢ ᠴᠢᠬᠤᠯᠠ ᠶᠤᠮ᠃
      [ᠬᠥᠲᠥᠯᠥᠭᠴᠢ]
     《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢ ᠨᠡᠢ᠌ᠲᠡᠯᠡᠭᠰᠡᠨ᠎ᠨᠢ ᠶᠠᠮᠠᠷ ᠠᠴᠢ ᠬᠣᠯᠪᠣᠭᠳᠠᠯ ᠪᠤᠯᠤᠨ ᠦᠢ᠍ᠯᠡᠳᠦᠯ᠎ᠲᠠᠢ ᠪᠤᠶ?
      [ᠵᠢᠶᠠ ᠯᠢ]
     《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠷᠭ᠎ᠠ》 ᠵᠢ 2015 ᠤᠨ᠎ᠤ 6 ᠳ᠋ᠤᠭ᠋ᠠᠷ ᠰᠠᠷ᠎ᠠ ᠵᠢᠨ 17᠎ᠤ ᠡᠳᠦᠷ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠥᠴᠢᠨ ᠳᠣᠯᠣᠳᠤᠭ᠋ᠠᠷ ᠤᠳᠠᠭ᠋ᠠᠨ᠎ᠤ ᠪᠠᠶ᠋ᠢᠩᠭᠤ ᠵᠢᠨ ᠬᠤᠷᠠᠯ ᠵᠶ᠋ᠠᠷ ᠬᠢᠨᠠᠨ ᠪᠠᠲᠤᠯᠠᠭ᠋ᠠᠳ᠂ 2015 ᠤᠨ᠎ᠤ 8 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ ᠡᠬᠢᠯᠡᠵᠦ ᠬᠡᠷᠡᠭᠵᠢᠭᠦᠯᠪᠡ᠃ ᠲᠤᠰ 《ᠠᠷᠭ᠎ᠠ》᠎ᠨᠢ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠳᠦᠷᠢᠮ ᠲᠣᠭᠲᠠᠭ᠋ᠠᠯ᠎ᠤᠨ ᠬᠡᠯᠪᠡᠷᠢ᠎ᠪᠠᠷ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠢ ᠬᠠᠮᠢᠶᠠᠷᠬᠤ ᠲᠤᠭᠲᠠᠴᠠ ᠵᠢ ᠵᠢᠷᠤᠮᠵᠢᠭᠤᠯᠵᠤ᠂ ᠴᠠᠬᠢᠯᠭ᠋ᠠᠨ ᠱᠠᠲᠤ ᠦᠢ᠍ᠯᠡᠳᠪᠦᠷᠢᠯᠡᠬᠦ᠂ ᠡᠵᠡᠩᠨᠡᠬᠦ᠂ ᠬᠡᠷᠡᠭᠯᠡᠬᠦ᠂ ᠬᠠᠮᠠᠭ᠋ᠠᠯᠠᠵᠤ ᠠᠷᠠᠴᠢᠯᠠᠬᠤ᠂ ᠪᠠᠢ᠌ᠴᠠᠭ᠋ᠠᠨ ᠰᠢᠯᠭ᠋ᠠᠬᠤ᠂ ᠪᠠᠢ᠌ᠴᠠᠭ᠋ᠠᠨ ᠬᠡᠮᠵᠢᠬᠦ᠂ ᠪᠦᠲᠦᠭᠡᠨ ᠪᠠᠢ᠌ᠭᠤᠯᠬᠤ ᠵᠡᠷᠭᠡ ᠨᠢᠭᠡᠴᠡ ᠵᠢᠴᠢ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠡᠭᠦᠷᠭᠡ ᠬᠠᠷᠢᠭᠤᠴᠠᠯᠭ᠎ᠠ ᠵᠢ ᠲᠣᠳᠣᠷᠬᠠᠶ ᠲᠣᠭᠲᠠᠭ᠋ᠠᠭᠰᠠᠨ ᠪᠠᠶ᠋ᠢᠨ᠎ᠠ᠃ ᠡᠭᠦᠨ᠎ᠤ ᠬᠠᠮᠲᠤ᠂ 《ᠠᠷᠭ᠎ᠠ》᠎ᠳᠤ ᠪᠠᠰᠠ ᠥᠪᠡᠷᠲᠡᠭᠡᠨ ᠵᠠᠰᠠᠬᠤ ᠣᠷᠣᠨ᠎ᠤ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠢ ᠬᠡᠷᠡᠭᠵᠢᠭᠦᠯᠵᠦ᠂ ᠴᠠᠬᠢᠯᠭ᠋ᠠᠨ ᠱᠠᠲᠤ ᠦᠢ᠍ᠯᠡᠳᠪᠦᠷᠢᠯᠡᠬᠦ᠂ ᠬᠡᠷᠡᠭᠯᠡᠬᠦ᠂ ᠬᠠᠮᠠᠭ᠋ᠠᠯᠠᠵᠤ ᠠᠷᠠᠴᠢᠯᠠᠬᠤ᠂ ᠪᠠᠢ᠌ᠴᠠᠭ᠋ᠠᠨ ᠰᠢᠯᠭ᠋ᠠᠬᠤ᠂   ᠪᠠᠢ᠌ᠴᠠᠭ᠋ᠠᠨ ᠬᠡᠮᠵᠢᠬᠦ ᠵᠡᠷᠭᠡ ᠨᠢᠭᠡᠴᠡ ᠵᠢᠨ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠷᠢᠭᠤᠴᠠᠯᠭ᠎ᠠ ᠵᠢᠨ ᠳᠠᠭ᠋ᠠᠳᠬᠠᠯ᠎ᠳᠤ ᠤᠷᠤᠬᠤ ᠵᠢ ᠵᠣᠷᠢᠭᠵᠢᠭᠤᠯᠵᠤ᠂ ᠴᠠᠬᠢᠯᠭ᠋ᠠᠨ ᠱᠠᠲᠤᠨ᠎ᠤ ᠡ᠊ᠨᠳᠡᠯ᠎ᠤᠨ ᠠᠶᠤᠯ ᠲᠦᠭᠰᠢᠭᠦᠷᠢ ᠵᠢ ᠰᠡᠷᠭᠡᠶ᠋ᠢᠯᠡᠬᠦ ᠲᠣᠭᠲᠠᠴᠠ ᠵᠢ ᠪᠠᠢ᠌ᠭᠤᠯᠤᠨ᠂ ᠡᠨᠳᠡᠯ᠎ᠢ ᠠᠪᠤᠷᠠᠨ ᠲᠤᠰᠠᠯᠠᠬᠤ ᠲᠦᠯᠦᠬᠦ ᠴᠢᠳᠠᠪᠤᠷᠢ ᠵᠢ ᠳᠡᠭᠡᠭᠰᠢᠯᠡᠭᠦᠯᠬᠦ ᠬᠡᠷᠡᠭᠲᠡᠶ ᠬᠡᠵᠤ ᠲᠤᠲᠤᠷᠬᠠᠢ᠌ᠯᠠᠪᠠ᠃
      [ᠬᠥᠲᠥᠯᠥᠭᠴᠢ  ]
      ᠴᠠᠬᠢᠯᠭ᠋ᠠᠨ ᠱᠠᠲᠤᠨ᠎ᠤ ᠦᠢ᠍ᠯᠡᠳᠪᠦᠷᠢᠯᠡᠬᠦ᠂ ᠡᠵᠡᠨᠭᠨᠡᠬᠦ ᠲᠠᠯ᠎ᠠ᠎ᠪᠠᠷ᠂ 《ᠠᠷᠭ᠎ᠠ》᠎ᠳᠤ ᠴᠠᠬᠢᠯᠭ᠋ᠠᠨ ᠱᠠᠲᠤ ᠦᠢ᠍ᠯᠡᠳᠪᠦᠷᠢᠯᠡᠬᠦ   ᠨᠢᠭᠡᠴᠡ᠎ᠳᠤ ᠶᠠᠮᠠᠷ ᠶᠠᠮᠠᠷ ᠪᠣᠳᠠᠲᠠᠶ ᠡᠭᠦᠷᠭᠡ ᠬᠠᠷᠢᠭᠤᠴᠠᠯᠭ᠎ᠠ ᠵᠢ ᠲᠤᠭᠲᠠᠭ᠋ᠠᠭᠰᠠᠨ ᠪᠤᠢ?
      [ᠵᠢᠶᠠ ᠯᠢ]
      ᠴᠠᠬᠢᠯᠭ᠋ᠠᠨ ᠱᠠᠲᠤᠨ᠎ᠤ ᠶᠠᠰᠤ ᠴᠢᠨᠠᠷ ᠪᠣᠯ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠦᠨᠳᠦᠰᠦᠨ ᠪᠠᠲᠤᠯᠠᠭ᠎ᠠ ᠮᠥᠨ᠃ ᠦᠢ᠍ᠯᠡᠳᠬᠦᠨ᠎ᠤ ᠶᠠᠰᠤ ᠴᠢᠨᠠᠷ᠎ᠢ ᠦᠨᠳᠦᠰᠦ᠎ᠠᠴᠠ᠎ᠨᠢ ᠴᠢᠨᠭᠭ᠎ᠠ ᠠᠳᠬᠤᠬᠤ ᠵᠢᠨ ᠲᠤᠯᠠᠳᠠ᠂ 《ᠠᠷᠭ᠎ᠠ》 ᠵᠢᠨ ᠠᠷᠪᠠᠨ ᠨᠢᠭᠡᠳᠦᠭᠡᠷ ᠵᠦᠢ᠍ᠯ᠎ᠳᠤ ᠲᠤᠭᠲᠠᠭ᠋ᠠᠭᠰᠠᠨ᠎ᠨᠢ ᠴᠠᠬᠢᠯᠭ᠋ᠠᠨ ᠱᠠᠲᠤ ᠵᠢ ᠦᠢ᠍ᠯᠡᠳᠪᠦᠷᠢᠯᠡᠬᠦ ᠨᠢᠭᠡᠴᠡ᠎ᠨᠢ ᠦᠢ᠍ᠯᠡᠳᠪᠦᠷᠢᠯᠡᠭᠰᠡᠨ ᠪᠤᠶᠤ ᠦᠭᠡᠷᠡᠴᠢᠯᠡᠭᠰᠡᠨ ᠴᠠᠬᠢᠯᠭ᠋ᠠᠨ ᠱᠠᠲᠤ ᠵᠢᠴᠢ ᠲᠡᠭᠦᠨ᠎ᠤ ᠰᠡᠯᠪᠢᠭ ᠲᠣᠨᠣᠭ᠎ᠤᠨ ᠠᠮᠤᠷ ᠲᠦᠪᠰᠢᠨ᠎ᠤ ᠴᠢᠳᠠᠮᠵᠢ ᠪᠤᠯᠤᠨ ᠡᠨᠧᠷᠭᠢ ᠠᠷᠪᠢᠯᠠᠬᠤ ᠬᠦᠢ᠍ᠴᠡᠳᠭᠡᠯ ᠲᠣᠭ᠎ᠠ᠎ᠳᠤ ᠬᠠᠷᠢᠭᠤᠴᠠᠬᠤ ᠪᠥᠭᠡᠳ ᠳᠣᠣᠷᠠᠬᠢ ᠮᠡᠲᠦ ᠬᠠᠷᠢᠭᠤᠴᠠᠯᠭ᠎ᠠ ᠵᠢ ᠬᠦᠢ᠍ᠴᠡᠳᠭᠡᠬᠦ ᠬᠡᠷᠡᠭᠲᠠᠢ᠄ (ᠨᠢᠭᠡ) ᠶᠠᠰᠤ ᠴᠢᠨᠠᠷ᠎ᠢ ᠪᠠᠲᠤᠯᠠᠬᠤ ᠬᠤᠭᠤᠴᠠᠭ᠎ᠠ ᠵᠢ ᠲᠤᠲᠤᠷᠬᠠᠢ᠌ᠯᠠᠵᠤ᠂ ᠶᠠᠰᠤ ᠴᠢᠨᠠᠷ᠎ᠢ ᠪᠠᠲᠤᠯᠠᠬᠤ ᠬᠤᠭᠤᠴᠠᠭ᠋ᠠᠨ᠎ᠳᠤ ᠴᠠᠬᠢᠯᠭ᠋ᠠᠨ ᠱᠠᠲᠤᠨ᠎ᠳᠤ ᠶᠠᠰᠤ ᠴᠢᠨᠠᠷ᠎ᠤᠨ ᠠᠰᠠᠭᠤᠳᠠᠯ ᠭᠠᠷᠪᠠᠯ᠂ ᠦᠨ᠎ᠡ ᠲᠥᠯᠥᠪᠦᠷᠢ ᠦᠭᠡᠶ ᠵᠠᠰᠠᠵᠤ ᠥᠭᠬᠦ ᠪᠤᠶᠤ ᠬᠣᠯᠪᠣᠭᠳᠠᠯ ᠪᠦᠬᠦᠢ ᠰᠡᠯᠪᠢᠭ ᠲᠣᠨᠣᠭ ᠰᠣᠯᠢᠵᠤ ᠦᠭᠭᠦ ᠬᠡᠷᠡᠭᠲᠡᠶ; (ᠬᠣᠶᠠᠷ) ᠠᠮᠤᠷ ᠲᠦᠪᠰᠢᠨ᠎ᠤ ᠮᠡᠷᠭᠡᠵᠢᠯ᠎ᠤᠨ ᠵᠢᠷᠤᠮᠵᠢᠯ᠎ᠤᠨ ᠱᠠᠭ᠋ᠠᠷᠳᠠᠯᠭ᠎ᠠ ᠶᠣᠰᠣᠭ᠋ᠠᠷ᠂ ᠦᠢ᠍ᠯᠡᠳᠬᠦᠨ᠎ᠤ ᠶᠠᠰᠤ ᠴᠢᠨᠠᠷ᠎ᠨᠢ ᠬᠢᠷᠢ ᠲᠡᠩᠴᠡᠭᠰᠡᠨ ᠭᠡᠷᠡᠴᠢ᠂ ᠤᠭᠰᠠᠷᠠᠬᠤ ᠪᠠ ᠬᠡᠷᠡᠭᠯᠡᠬᠦ ᠬᠠᠮᠠᠭ᠋ᠠᠯᠠᠬᠤ ᠲᠣᠳᠣᠷᠬᠠᠶ᠋ᠢᠯᠠᠯᠲᠠ᠂ ᠬᠡᠯᠪᠡᠷᠢ ᠵᠢᠨ ᠲᠤᠷᠰᠢᠨ ᠰᠢᠯᠭ᠋ᠠᠬᠤ ᠬᠡᠷᠡᠴᠢ ᠵᠡᠷᠭᠡ ᠬᠠᠮᠢᠶ᠎ᠠ ᠪᠦᠬᠦᠢ ᠮᠡᠷᠭᠡᠵᠢᠯ᠎ᠤᠨ ᠮᠠᠲ᠋ᠧᠷᠢᠶᠠᠯ ᠪᠤᠯᠤᠨ ᠪᠢᠴᠢᠭ ᠮᠠᠲ᠋ᠧᠷᠢᠶᠠᠯ᠎ᠢ ᠬᠠᠩᠭ᠋ᠠᠬᠤ ᠬᠡᠷᠡᠭᠲᠠᠢ᠃ ᠦᠢ᠍ᠯᠡᠳᠬᠦᠨ᠎ᠢ ᠦᠢ᠍ᠯᠡᠳᠪᠦᠷᠢ᠎ᠠᠴᠠ ᠭᠠᠷᠭ᠋ᠠᠭᠰᠠᠨ ᠲᠣᠳᠣᠷᠬᠠᠶ᠋ᠢᠯᠠᠯᠲᠠ ᠵᠢᠨ ᠪᠢᠴᠢᠭ᠎ᠲᠤ ᠴᠠᠬᠢᠯᠭ᠋ᠠᠨ ᠱᠠᠲᠤ ᠪᠤᠶᠤ ᠭᠣᠣᠯ ᠲᠣᠨᠣᠭ᠎ᠤᠨ ᠵᠢᠷᠤᠵᠤ ᠲᠦᠯᠦᠪᠯᠡᠭᠰᠡᠨ ᠬᠡᠷᠡᠭᠯᠡᠬᠦ ᠤᠭ ᠵᠢᠯ ᠪᠤᠶᠤ ᠤᠳᠠᠭ᠎ᠠ ᠲᠣᠭ᠎ᠠ ᠵᠢ ᠲᠤᠲᠤᠷᠬᠠᠢ᠌ᠯᠠᠭᠰᠠᠨ ᠪᠠᠢ᠌ᠬᠤ ᠬᠡᠷᠡᠭᠲᠠᠢ; (ᠭᠤᠷᠪᠠ) ᠴᠠᠬᠢᠯᠭ᠋ᠠᠨ ᠱᠠᠲᠤ ᠬᠡᠷᠡᠭᠯᠡᠬᠦ   ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠳᠤ ᠴᠢᠬᠤᠯᠠ ᠪᠦᠬᠦᠢ ᠴᠠᠬᠢᠯᠭ᠋ᠠᠨ ᠱᠠᠲᠤᠨ᠎ᠤ ᠪᠡᠯᠡᠳᠬᠡᠯ ᠲᠤᠨᠤᠭ᠂ ᠮᠡᠷᠭᠡᠵᠢᠯ᠎ᠤᠨ   ᠪᠤᠯᠪᠠᠰᠤᠷᠠᠭᠤᠯᠤᠯ ᠪᠣᠯᠤᠨ ᠪᠤᠰᠤᠳ ᠮᠡᠷᠭᠡᠵᠢᠯ᠎ᠤᠨ ᠬᠠᠪᠰᠤᠷᠤᠮᠵᠢ ᠵᠢ ᠬᠠᠨᠭ᠌ᠭ᠋ᠠᠬᠤ ᠬᠡᠷᠡᠭᠲᠠᠢ; (ᠳᠥᠷᠪᠡ) ᠴᠠᠬᠢᠯᠭ᠋ᠠᠨ ᠱᠠᠲᠤᠨ᠎ᠤ ᠠᠮᠤᠷ ᠲᠦᠪᠰᠢᠨ ᠠᠵᠢᠯᠯᠠᠭ᠋ᠠᠨ᠎ᠤ ᠪᠠᠶ᠋ᠢᠳᠠᠯ᠎ᠢ ᠮᠥᠷᠳᠡᠨ ᠪᠠᠶ᠋ᠢᠴᠠᠭ᠋ᠠᠬᠤ ᠪᠠ ᠤᠢ᠌ᠯᠠᠭ᠋ᠠᠵᠤ᠂ ᠬᠡᠷᠡᠭᠯᠡᠭᠡᠨ᠎ᠤ ᠳᠤᠮᠳᠠ ᠣᠷᠣᠰᠢᠵᠤ ᠪᠠᠶ᠋ᠢᠭ᠎ᠠ ᠠᠰᠠᠭᠤᠳᠠᠯ᠎ᠳᠤ ᠬᠠᠯᠠᠨ ᠰᠠᠶ᠋ᠢᠵᠢᠷᠠᠭᠤᠯᠬᠤ ᠰᠠᠨᠠᠭᠤᠯᠭ᠎ᠠ ᠳᠤᠷᠠᠳᠬᠤ ᠬᠡᠷᠡᠭᠲᠡᠶ᠃ ᠴᠠᠬᠢᠯᠭ᠋ᠠᠨ ᠱᠠᠲᠤᠨ᠎ᠳᠤ ᠬᠦᠨᠳᠦ ᠨᠣᠴᠢᠲᠠᠶ ᠡᠨᠳᠡᠯ ᠭᠠᠷᠬᠤ ᠳᠠᠯᠳᠠ ᠭᠡᠮ ᠤᠷᠤᠰᠢᠵᠤ ᠪᠠᠢ᠌ᠬᠤ ᠵᠢ ᠣᠯᠵᠤ ᠮᠡᠳᠡᠪᠡᠯ᠂ ᠴᠠᠭ ᠲᠤᠬᠠᠶ᠎ᠳᠤᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠳᠤ ᠮᠡᠳᠡᠭᠳᠡᠬᠦ ᠬᠡᠷᠡᠭᠲᠡᠶ ᠪᠦᠭᠡᠳ ᠰᠠᠭᠤᠭ᠎ᠠ ᠭᠠᠵᠠᠷ᠎ᠤᠨ ᠬᠣᠰᠢᠭᠤ ᠰᠢᠶᠠᠨ᠎ᠤ ᠱᠠᠲᠤᠨ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠣᠷᠳᠣᠨ᠎ᠤ ᠣᠨᠴᠠ ᠲᠥᠷᠥᠯ᠎ᠤᠨ ᠲᠣᠨᠣᠭ ᠲᠥᠬᠥᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠶ; (ᠲᠠᠪᠤ) ᠴᠠᠬᠢᠯᠭ᠋ᠠᠨ ᠱᠠᠲᠤ ᠵᠢ ᠬᠡᠷᠡᠭᠯᠡᠭᠡᠨ᠎ᠠᠴᠠ ᠭᠠᠷᠭ᠋ᠠᠬᠤ᠂ ᠰᠢᠨᠡᠳᠭᠡᠬᠦ᠂ ᠥᠭᠡᠷᠡᠴᠢᠯᠡᠬᠦ ᠵᠡᠷᠭᠡ ᠲᠠᠯ᠎ᠠ᠎ᠪᠠᠷ ᠮᠡᠷᠭᠡᠵᠢᠯ᠎ᠤᠨ ᠵᠢᠯᠣᠭᠣᠳᠣᠯᠭ᠎ᠠ ᠵᠢᠨ ᠴᠢᠨᠠᠷᠲᠠᠶ ᠰᠠᠨᠠᠯ ᠳᠤᠷᠠᠳᠬᠤ ᠬᠡᠷᠡᠭᠲᠠᠢ; (ᠵᠢᠷᠭᠤᠭ᠎ᠠ) ᠵᠢᠷᠤᠵᠤ ᠲᠦᠯᠦᠪᠯᠡᠭᠰᠡᠨ᠂ ᠦᠢ᠍ᠯᠡᠳᠪᠦᠷᠢᠯᠡᠭᠰᠡᠨ ᠵᠡᠷᠭᠡ ᠰᠢᠯᠲᠠᠭ᠋ᠠᠨ᠎ᠠᠴᠠ ᠪᠣᠯᠵᠤ ᠴᠠᠬᠢᠯᠭ᠋ᠠᠨ ᠱᠠᠲᠤᠨ᠎ᠳᠤ ᠠᠮᠤᠷ ᠲᠦᠪᠰᠢᠨ᠎ᠢ ᠰᠦᠷᠳᠡᠭᠦᠯᠬᠦ ᠢᠵᠢᠯ ᠴᠢᠨᠠᠷ᠎ᠤᠨ ᠳᠤᠲᠠᠭᠳᠠᠯ ᠣᠷᠣᠰᠢᠵᠤ ᠪᠠᠢ᠌ᠪᠠᠯ᠂ ᠲᠡᠷᠡ ᠳᠠᠷᠤᠶ᠎ᠳᠤᠨᠢ ᠦᠢ᠍ᠯᠡᠳᠪᠦᠷᠢᠯᠡᠬᠦ᠎ᠪᠠᠨ ᠵᠣᠭᠰᠣᠭ᠋ᠠᠵᠤ᠂ ᠰᠠᠨᠠᠭ᠋ᠠᠴᠢᠯᠠᠭ᠎ᠠ᠎ᠠᠴᠠ᠎ᠪᠠᠨ ᠡᠭᠡᠭᠦᠯᠦᠨ ᠠᠪᠴᠢᠷᠠᠵᠤ᠂ ᠬᠣᠯᠪᠣᠭᠳᠠᠯ ᠪᠦᠬᠦᠢ ᠬᠠᠷᠢᠭᠤᠴᠠᠯᠭ᠎ᠠ ᠡᠭᠦᠷᠭᠡᠯᠡᠬᠦ ᠵᠢᠨ ᠬᠠᠮᠲᠤ᠂ ᠰᠠᠭᠤᠭ᠎ᠠ ᠭᠠᠵᠠᠷ᠎ᠤᠨ ᠬᠣᠰᠢᠭᠤ ᠰᠢᠶᠠᠨ᠎ᠤ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠣᠨᠴᠠ ᠲᠥᠷᠥᠯ᠎ᠤᠨ ᠲᠣᠨᠣᠭ ᠲᠥᠬᠥᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠲᠤ ᠮᠡᠳᠡᠭᠦᠯᠬᠦ ᠬᠡᠷᠡᠭᠲᠡᠶ᠃
      [ᠬᠥᠲᠥᠯᠥᠭᠴᠢ]
      ᠴᠠᠬᠢᠯᠭ᠋ᠠᠨ ᠱᠠᠲᠤ ᠵᠢ ᠠᠮᠤᠷ ᠲᠦᠪᠰᠢᠨ ᠬᠡᠷᠡᠭᠯᠡᠬᠦ ᠲᠠᠯ᠎ᠠ᠎ᠪᠠᠷ᠂ 《ᠠᠷᠭ᠎ᠠ》᠎ᠳᠤ ᠴᠠᠬᠢᠯᠭ᠋ᠠᠨ ᠱᠠᠲᠤ ᠬᠡᠷᠡᠭᠯᠡᠬᠦ   ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠶᠠᠮᠠᠷ ᠡᠭᠦᠷᠭᠡ ᠵᠢ ᠭᠦᠢ᠍ᠴᠡᠳᠬᠡᠬᠦ ᠬᠡᠷᠡᠭᠲᠡᠶ ᠬᠡᠵᠤ ᠲᠤᠭᠲᠠᠭ᠋ᠠᠭᠰᠠᠨ ᠪᠤᠶ? ᠡᠭᠦᠨ᠎ᠤ ᠬᠠᠮᠲᠤ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠶᠠᠮᠠᠷ ᠡᠭᠦᠷᠭᠡ ᠬᠠᠷᠢᠭᠤᠴᠠᠯᠭ᠎ᠠ ᠵᠢ ᠭᠦᠢ᠍ᠴᠡᠳᠬᠡᠬᠦ ᠬᠡᠷᠡᠭᠲᠡᠶ ᠪᠤᠶ?
      [ᠵᠢᠶᠠ ᠯᠢ]
      ᠴᠠᠬᠢᠯᠭ᠋ᠠᠨ ᠱᠠᠲᠤ ᠬᠡᠷᠡᠭᠯᠡᠬᠦ ᠨᠢᠬᠡᠴᠡ ᠪᠤᠯ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠡᠭᠦᠷᠭᠡ ᠬᠠᠷᠢᠭᠤᠴᠠᠯᠭ᠎ᠠ ᠭᠦᠢ᠍ᠴᠡᠳᠬᠡᠬᠦ᠂ ᠴᠠᠬᠢᠯᠭ᠋ᠠᠨ ᠱᠠᠲᠤ ᠬᠡᠷᠡᠭᠯᠡᠬᠦ ᠠᠮᠤᠷ ᠲᠦᠪᠰᠢᠨ᠎ᠢ ᠬᠠᠷᠢᠭᠤᠴᠠᠬᠤ ᠭᠤᠤᠯ ᠴᠣᠭᠴᠠ ᠮᠦᠨ᠃ ᠴᠠᠬᠢᠯᠭ᠋ᠠᠨ ᠱᠠᠲᠤᠨ᠎ᠤ ᠥᠮᠴᠢᠯᠡᠬᠦ ᠡᠷᠬᠡ ᠪᠤᠯᠤᠨ ᠬᠠᠮᠢᠶᠠᠷᠤᠯᠲᠠ ᠵᠢᠨ ᠡᠷᠬᠡ ᠵᠢ ᠰᠠᠯᠭ᠋ᠠᠭᠰᠠᠨ᠎ᠠᠴᠠ ᠪᠤᠯᠤᠭ᠋ᠠᠳ ᠴᠠᠬᠢᠯᠭ᠋ᠠᠨ ᠱᠠᠲᠤ ᠬᠡᠷᠡᠭᠯᠡᠬᠦ ᠨᠢᠭᠡᠴᠡ ᠵᠢᠨ ᠲᠣᠳᠣᠷᠬᠠᠶ ᠪᠤᠰᠤ ᠠᠰᠠᠭᠤᠳᠠᠯ᠎ᠢ ᠰᠢᠢ᠍ᠳᠪᠦᠷᠢᠯᠡᠬᠦ ᠵᠢᠨ ᠲᠤᠯᠠᠳᠠ᠂ 《ᠠᠷᠭ᠎ᠠ》 ᠵᠢᠨ ᠬᠣᠷᠢᠨ ᠬᠣᠶᠠᠳᠤᠭ᠋ᠠᠷ ᠵᠦᠢ᠍ᠯ᠎ᠳᠤ ᠲᠤᠭᠲᠠᠭ᠋ᠠᠭᠰᠠᠨ᠎ᠨᠢ᠂ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ   ᠨᠢᠭᠡᠴᠡ᠎ᠨᠢ ᠴᠠᠬᠢᠯᠭ᠋ᠠᠨ ᠱᠠᠲᠤᠨ᠎ᠤ ᠠᠮᠤᠷ ᠲᠦᠪᠰᠢᠨ᠎ᠤ ᠬᠠᠮᠢᠶᠠᠷᠤᠯᠲᠠ ᠵᠢᠨ ᠡᠭᠦᠷᠭᠡ ᠵᠢ ᠭᠦᠢ᠍ᠴᠡᠳᠭᠡᠵᠤ᠂ ᠴᠠᠬᠢᠯᠭ᠋ᠠᠨ ᠱᠠᠲᠤ ᠬᠡᠷᠡᠭᠯᠡᠬᠦ ᠠᠮᠤᠷ ᠲᠦᠪᠰᠢᠨ᠎ᠳᠤ ᠬᠠᠷᠢᠭᠤᠴᠠᠬᠤ ᠬᠡᠷᠡᠭᠲᠡᠶ᠃ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠳᠣᠣᠷ᠎ᠠ ᠵᠢᠭᠰᠠᠭ᠋ᠠᠭᠰᠠᠨ ᠳᠦᠷᠢᠮ ᠶᠣᠰᠣᠭ᠋ᠠᠷ ᠲᠤᠭᠲᠠᠭ᠋ᠠᠬᠤ ᠬᠡᠷᠡᠭᠲᠠᠢ᠄ (ᠨᠢᠭᠡ) ᠴᠠᠬᠢᠯᠭ᠋ᠠᠨ ᠱᠠᠲᠤ ᠵᠢ ᠤᠭᠰᠠᠷᠠᠭᠰᠠᠨ᠎ᠤ ᠳᠠᠷᠠᠭ᠎ᠠ᠂ ᠪᠦᠲᠦᠭᠡᠨ ᠪᠠᠢ᠌ᠭᠤᠯᠤᠭᠰᠠᠨ ᠨᠢᠭᠡᠴᠡ᠎ᠨᠢ ᠴᠠᠬᠢᠯᠭ᠋ᠠᠨ ᠱᠠᠲᠤ ᠥᠮᠴᠢᠯᠡᠬᠦ ᠡᠷᠬᠡ ᠵᠢᠨ ᠥᠮᠴᠢᠯᠡᠭᠴᠢ᠎ᠳᠤ ᠬᠠᠷᠠᠬᠠᠨ ᠰᠢᠯᠵᠢᠭᠦᠯᠦᠨ ᠲᠤᠰᠢᠶᠠᠭ᠋ᠠᠳᠤᠢ ᠪᠤᠯ ᠪᠦᠲᠦᠭᠡᠨ ᠪᠠᠢ᠌ᠭᠤᠯᠤᠭᠰᠠᠨ ᠨᠢᠭᠡᠴᠡ᠎ᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠷᠬᠤ ᠬᠠᠷᠢᠭᠤᠴᠠᠯᠭ᠋ᠠᠲᠤ ᠨᠢᠭᠡᠴᠡ᠎ᠨᠢ ᠪᠤᠯᠤᠨ᠎ᠠ; (ᠬᠣᠶᠠᠷ) ᠴᠠᠬᠢᠯᠭ᠋ᠠᠨ ᠱᠠᠲᠤ ᠦᠮᠴᠢᠯᠡᠭᠴᠢ᠎ᠨᠢ ᠪᠤᠰᠤᠳ ᠬᠥᠮᠦᠨ᠎ᠳᠤ ᠬᠠᠮᠢᠶᠠᠷᠠᠭᠤᠯᠬᠤ᠎ᠪᠠᠷ ᠨᠠᠢ᠌ᠳᠠᠭᠰᠠᠨ ᠦᠭᠡᠶ ᠪᠤᠯ ᠴᠠᠬᠢᠯᠭ᠋ᠠᠨ ᠱᠠᠲᠤ ᠦᠮᠴᠢᠯᠡᠭᠴᠢ᠎ᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ   ᠨᠢᠭᠡᠴᠡ᠎ᠨᠢ ᠪᠤᠯᠤᠨ᠎ᠠ; (ᠭᠤᠷᠪᠠ) ᠴᠠᠬᠢᠯᠭ᠋ᠠᠨ ᠱᠠᠲᠤ᠎ᠨᠢ ᠬᠠᠮᠲᠤ᠎ᠪᠠᠷ ᠥᠮᠴᠢᠯᠡᠬᠦ᠎ᠳᠤ ᠬᠠᠷᠢᠶᠠᠯᠠᠭᠳᠠᠬᠤ ᠮᠥᠷᠲᠡᠭᠡᠨ ᠪᠤᠰᠤᠳ ᠬᠥᠮᠦᠨ᠎ᠳᠤ ᠬᠠᠮᠢᠶᠠᠷᠠᠭᠤᠯᠬᠤ᠎ᠪᠠᠷ ᠨᠠᠢ᠌ᠳᠠᠭᠰᠠᠨ ᠦᠭᠡᠢ ᠪᠤᠯ ᠬᠠᠮᠲᠤ᠎ᠪᠠᠷ ᠥᠮᠴᠢᠯᠡᠭᠴᠢ᠎ᠨᠢ ᠴᠠᠬᠢᠯᠭ᠋ᠠᠨ ᠱᠠᠲᠤ ᠵᠢ   ᠬᠠᠮᠢᠶᠠᠷᠬᠤ ᠪᠣᠳᠠᠲᠠᠶ ᠬᠠᠷᠢᠭᠤᠴᠠᠯᠭ᠋ᠠᠲᠠᠨ ᠵᠶ᠋ᠠᠷ ᠪᠣᠳᠠᠲᠠᠶ ᠬᠠᠮᠢᠶᠠᠷᠤᠯᠲᠠ ᠵᠢᠨ ᠠᠵᠢᠯ᠎ᠢ ᠡᠭᠦᠷᠭᠡᠯᠡᠭᠦᠯᠬᠦ᠎ᠪᠠᠷ ᠪᠢᠴᠢᠭ ᠵᠶ᠋ᠠᠷ ᠪᠤᠯᠵᠤᠨ ᠲᠤᠭᠲᠠᠭ᠋ᠠᠬᠤ ᠬᠡᠷᠡᠭᠲᠡᠶ; (ᠳᠥᠷᠪᠡ) ᠴᠠᠬᠢᠯᠭ᠋ᠠᠨ ᠱᠠᠲᠤ ᠦᠮᠴᠢᠯᠡᠭᠴᠢ᠎ᠨᠢ ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ ᠪᠤᠶᠤ ᠪᠤᠰᠤᠳ ᠬᠠᠮᠢᠶᠠᠷᠤᠯᠲᠠ ᠵᠢᠨ ᠬᠥᠮᠦᠨ᠎ᠳᠤ ᠨᠠᠢ᠌ᠳᠠᠵᠤ ᠬᠠᠮᠢᠶᠠᠷᠠᠭᠤᠯᠤᠭᠰᠠᠨ ᠪᠤᠯ ᠨᠠᠶ᠋ᠢᠳᠠᠯᠭ᠎ᠠ ᠬᠦᠯᠢᠶᠡᠭᠰᠡᠨ ᠲᠠᠯ᠎ᠠ᠎ᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠪᠤᠯᠤᠨ᠎ᠠ; (ᠲᠠᠪᠤ) ᠴᠠᠬᠢᠯᠭ᠋ᠠᠨ ᠱᠠᠲᠤ᠎ᠲᠠᠢ ᠪᠠᠷᠢᠯᠭ᠎ᠠ ᠵᠢ ᠳᠦᠷᠢᠶᠡᠰᠦᠨ᠎ᠳᠤ ᠬᠡᠷᠡᠭᠯᠡᠪᠡᠯ ᠲᠤᠬᠠᠢ ᠵᠢᠨ ᠬᠥᠮᠦᠨ᠎ᠨᠢ ᠭᠡᠷ᠎ᠡ᠎ᠳᠡᠭᠡᠨ ᠴᠠᠬᠢᠯᠭ᠋ᠠᠨ ᠱᠠᠲᠤ ᠬᠡᠷᠡᠭᠯᠡᠬᠦ   ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠵᠢ ᠪᠤᠯᠵᠤᠨ ᠲᠤᠭᠲᠠᠬᠤ ᠬᠡᠷᠡᠭᠲᠠᠢ; ᠪᠣᠯᠵᠣᠨ ᠲᠣᠭᠲᠠᠭᠰᠠᠨ ᠦᠭᠡᠶ ᠪᠤᠯ᠂ ᠪᠠᠷᠢᠯᠭ᠎ᠠ ᠵᠢᠨ ᠥᠮᠴᠢᠯᠡᠬᠦ ᠡᠷᠬᠡ᠎ᠲᠠᠢ ᠥᠮᠴᠢᠯᠡᠭᠴᠢ᠎ᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠬᠡᠴᠡ᠎ᠨᠢ ᠪᠤᠯᠤᠨ᠎ᠠ; (ᠵᠢᠷᠭᠤᠭ᠎ᠠ) ᠵᠠᠰᠠᠭ᠎ᠤᠨ ᠣᠷᠳᠣᠨ᠎ᠤ ᠪᠡᠯᠡ ᠤᠷᠤᠭᠤᠯᠤᠨ ᠪᠦᠲᠦᠭᠡᠨ ᠪᠠᠢ᠌ᠭᠤᠯᠤᠭᠰᠠᠨ ᠪᠦᠭᠡᠳ ᠨᠡᠶ᠋ᠢᠲᠡ ᠵᠢᠨ ᠠᠰᠠᠷᠠᠮᠵᠢ ᠵᠢᠨ ᠴᠢᠨᠠᠷᠲᠠᠶ ᠦᠢ᠍ᠯᠡᠰ᠎ᠲᠤ ᠬᠡᠷᠡᠭᠯᠡᠬᠦ ᠴᠠᠬᠢᠯᠭ᠋ᠠᠨ ᠱᠠᠲᠤ ᠪᠤᠯ᠂ ᠲᠡᠭᠦᠨ᠎ᠤ ᠬᠠᠮᠢᠶᠠᠷᠤᠭᠴᠢ᠎ᠨᠢ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠪᠤᠯᠤᠨ᠎ᠠ᠃ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠵᠢ᠎ᠨᠢ ᠲᠤᠲᠤᠷᠬᠠᠢ᠌ᠯᠠᠭ᠋ᠠᠳᠤᠢ ᠴᠠᠬᠢᠯᠭ᠋ᠠᠨ ᠱᠠᠲᠤ ᠵᠢ ᠠᠰᠢᠭᠯᠠᠯᠲᠠ᠎ᠳᠤ ᠤᠷᠤᠭᠤᠯᠤᠨ ᠬᠡᠷᠡᠭᠯᠡᠵᠤ ᠪᠣᠯᠬᠤ ᠦᠭᠡᠶ᠃
      ᠬᠣᠷᠢᠨ ᠭᠤᠷᠪᠠᠳᠤᠭ᠋ᠠᠷ ᠵᠦᠢ᠍ᠯ᠎ᠳᠤ ᠲᠤᠭᠲᠠᠭ᠋ᠠᠭᠰᠠᠨ᠎ᠨᠢ᠂ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠳᠤᠤᠷᠠᠬᠢ ᠡᠭᠦᠷᠭᠡ ᠬᠠᠷᠢᠭᠤᠴᠠᠯᠭ᠎ᠠ ᠵᠢ ᠭᠦᠢ᠍ᠴᠡᠳᠬᠡᠬᠦ ᠬᠡᠷᠡᠭᠲᠡᠶ᠄ (ᠨᠢᠭᠡ) ᠴᠠᠬᠢᠯᠭ᠋ᠠᠨ ᠱᠠᠲᠤ ᠵᠢᠨ ᠠᠮᠤᠷ ᠲᠦᠪᠰᠢᠨ ᠠᠵᠢᠯᠯᠠᠬᠤ ᠵᠢ ᠬᠠᠮᠢᠶᠠᠷᠬᠤ ᠳᠦᠷᠢᠮ᠎ᠢ ᠪᠠᠢ᠌ᠭᠤᠯᠤᠨ ᠬᠡᠷᠡᠭᠵᠢᠬᠦᠯᠵᠤ᠂ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠮᠡᠷᠭᠡᠵᠢᠯ᠎ᠤᠨ ᠳᠠᠨᠭ᠌ᠰᠠ ᠡᠪᠬᠡᠮᠡᠯ᠎ᠢ ᠲᠡᠭᠦᠯᠳᠡᠷᠵᠢᠭᠦᠯᠬᠦ ᠬᠡᠷᠡᠭᠲᠠᠢ᠃ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠵᠢ ᠬᠤᠪᠢᠷᠠᠭᠤᠯᠬᠤ ᠦᠶᠡᠰ᠂ ᠠᠮᠤᠷ ᠲᠦᠪᠰᠢᠨ᠎ᠤ ᠮᠡᠷᠭᠡᠵᠢᠯ᠎ᠤᠨ ᠳᠠᠨᠭ᠌ᠰᠠ ᠡᠪᠬᠡᠮᠡᠯ᠎ᠢ᠎ᠨᠢ ᠰᠢᠯᠵᠢᠭᠦᠯᠦᠨ ᠲᠤᠰᠢᠶᠠᠬᠤ ᠬᠡᠷᠡᠭᠲᠠᠢ; (ᠬᠣᠶᠠᠷ) ᠬᠠᠤᠯᠢ ᠶᠣᠰᠣᠭ᠋ᠠᠷ ᠬᠠᠷᠢᠴᠠᠨᠭ᠌ᠭᠤᠢ ᠪᠦᠬᠦᠢ ᠬᠢᠷᠢ ᠬᠡᠮ ᠤᠯᠤᠭᠰᠠᠨ ᠨᠢᠭᠡᠴᠡ᠎ᠳᠤ ᠨᠡᠢ᠌ᠲᠡᠨ ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠭᠤᠯᠬᠤ ᠵᠢᠨ ᠬᠠᠮᠲᠤ ᠠᠷᠠᠴᠢᠯᠠᠨ ᠬᠠᠮᠠᠭ᠋ᠠᠯᠠᠬᠤ ᠬᠡᠷ᠎ᠡ ᠲᠤᠭᠲᠠᠬᠤ ᠬᠡᠷᠡᠭᠲᠠᠢ᠃ ᠠᠷᠠᠴᠢᠯᠠᠨ ᠬᠠᠮᠠᠭ᠋ᠠᠯᠠᠬᠤ ᠨᠢᠭᠡᠴᠡ ᠵᠢ ᠬᠤᠪᠢᠷᠠᠭᠤᠯᠬᠤ ᠦᠶᠡᠰ᠂ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠠᠷᠠᠴᠢᠯᠠᠨ ᠬᠠᠮᠠᠭ᠋ᠠᠯᠠᠬᠤ ᠬᠡᠷ᠎ᠡ᠎ᠪᠠᠨ ᠠᠪᠴᠤ᠂ ᠰᠢᠨ᠎ᠡ ᠬᠡᠷ᠎ᠡ ᠬᠦᠴᠦᠨ᠎ᠲᠠᠢ ᠪᠤᠯᠤᠭᠰᠠᠨ᠎ᠤ ᠳᠠᠷᠠᠭ᠋ᠠᠬᠢ 15 ᠡᠳᠦᠷ᠎ᠤᠨ ᠳᠤᠲᠤᠷ᠎ᠠ ᠤᠤᠯ᠎ᠤᠨ ᠪᠦᠷᠢᠳᠭᠡᠨ ᠳᠠᠨᠭ᠌ᠰᠠᠯᠠᠭᠰᠠᠨ ᠪᠠᠢ᠌ᠭᠤᠯᠭ᠎ᠠ᠎ᠳᠤ ᠤᠴᠢᠵᠤ ᠭᠠᠷᠳᠠᠮ ᠵᠶ᠋ᠠᠨ ᠬᠤᠪᠢᠷᠠᠭᠤᠯᠬᠤ ᠵᠢᠨ ᠬᠠᠮᠲᠤ ᠴᠠᠬᠢᠯᠭ᠋ᠠᠨ ᠱᠠᠲᠤ ᠵᠢᠨ ᠳᠤᠲᠤᠷᠠᠬᠢ ᠴᠠᠬᠢᠯᠭ᠋ᠠᠨ ᠱᠠᠲᠤ ᠬᠡᠷᠡᠭᠯᠡᠬᠦ ᠲᠡᠮᠳᠡᠭ᠎ᠢ ᠰᠤᠯᠢᠬᠤ ᠬᠡᠷᠡᠭᠲᠠᠢ; (ᠭᠤᠷᠪᠠ) ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢᠨ ᠪᠠᠢ᠌ᠭᠤᠯᠤᠮᠵᠢ ᠪᠠᠢ᠌ᠭᠤᠯᠬᠤ ᠪᠤᠶᠤ ᠴᠠᠬᠢᠯᠭ᠋ᠠᠨ ᠱᠠᠲᠤ ᠵᠢᠨ ᠠᠵᠢᠯ ᠮᠡᠷᠭᠡᠵᠢᠯ᠎ᠤᠨ ᠬᠢᠷᠢ ᠬᠡᠮ᠎ᠲᠠᠢ ᠠᠮᠤᠷ ᠲᠦᠪᠰᠢᠨ᠎ᠤ ᠬᠠᠮᠢᠶᠠᠷᠤᠯᠲᠠ ᠵᠢᠨ ᠠᠵᠢᠯᠲᠠᠨ᠎ᠢ ᠲᠤᠬᠢᠷᠠᠭᠤᠯᠵᠤ᠂ ᠴᠠᠬᠢᠯᠭ᠋ᠠᠨ ᠱᠠᠲᠤ ᠵᠢᠨ ᠡᠳᠦᠷ ᠳᠤᠲᠤᠮ᠎ᠤᠨ ᠠᠵᠢᠯᠯᠠᠭ᠋ᠠᠨ᠎ᠢ ᠲᠤᠭᠤᠷᠢᠨ ᠪᠠᠢ᠌ᠴᠠᠭ᠋ᠠᠬᠤ ᠪᠠ ᠡᠳᠦᠷ ᠳᠤᠲᠤᠮ᠎ᠤᠨ ᠬᠡᠷᠡᠭᠯᠡᠵᠤ ᠪᠠᠢ᠌ᠭ᠎ᠠ ᠪᠠᠢ᠌ᠳᠠᠯ᠎ᠢ ᠲᠡᠮᠳᠡᠭᠯᠡᠬᠦ ᠵᠢ ᠬᠠᠷᠢᠭᠤᠴᠠᠭᠤᠯᠵᠤ᠂ ᠴᠠᠬᠢᠯᠭ᠋ᠠᠨ ᠱᠠᠲᠤ ᠬᠡᠷᠡᠭᠯᠡᠬᠦ ᠲᠤᠰᠬᠠᠢ ᠲᠦᠯᠬᠢᠭᠦᠷ᠎ᠢ ᠬᠠᠳᠠᠭ᠋ᠠᠯᠠᠭᠤᠯᠬᠤ ᠪᠠ ᠲᠤᠭᠲᠠᠭ᠋ᠠᠯ ᠶᠤᠰᠤᠭ᠋ᠠᠷ ᠬᠡᠷᠡᠭᠯᠡᠭᠦᠯᠬᠦ ᠬᠡᠷᠡᠭᠲᠡᠶ; (ᠳᠥᠷᠪᠡ) ᠴᠠᠬᠢᠯᠭ᠋ᠠᠨ ᠱᠠᠲᠤ ᠵᠢ ᠦᠭᠡᠷᠡᠴᠢᠯᠡᠬᠦ᠂ ᠰᠡᠯᠪᠢᠨ ᠵᠠᠰᠠᠬᠤ᠂ ᠡᠳᠦᠷ ᠳᠤᠲᠤᠮ᠎ᠤᠨ ᠠᠷᠠᠴᠢᠯᠠᠨ ᠬᠠᠮᠠᠭ᠋ᠠᠯᠠᠬᠤ ᠠᠵᠢᠯ᠎ᠳᠤ ᠬᠢᠨᠠᠯᠲᠠ ᠲᠠᠯᠪᠢᠬᠤ ᠵᠢᠨ ᠬᠠᠮᠲᠤ ᠠᠷᠠᠴᠢᠯᠠᠨ ᠬᠠᠮᠠᠭ᠋ᠠᠯᠠᠭᠰᠠᠨ ᠲᠡᠮᠳᠡᠭᠯᠡᠯ᠎ᠳᠤ ᠭᠠᠷ᠎ᠤᠨ ᠦᠰᠦᠭ ᠵᠢᠷᠤᠨ ᠮᠡᠳᠡᠷᠡᠬᠦ ᠬᠡᠷᠡᠭᠲᠡᠶ; (ᠲᠠᠪᠤ) ᠴᠠᠬᠢᠯᠭ᠋ᠠᠨ ᠱᠠᠲᠤ ᠵᠢ ᠠᠮᠤᠷ ᠲᠦᠪᠰᠢᠨ ᠬᠡᠷᠡᠭᠯᠡᠬᠦ ᠲᠠᠢ᠌ᠯᠪᠤᠷᠢ ᠪᠤᠶᠤ ᠠᠮᠤᠷ ᠲᠦᠪᠰᠢᠨ᠎ᠤ ᠠᠨᠭ᠌ᠬᠠᠷᠬᠤ ᠵᠦᠢ᠍ᠯᠡᠰ᠂ ᠰᠡᠷᠡᠮᠵᠢ ᠵᠢᠨ ᠲᠡᠮᠳᠡᠭ᠂ ᠴᠠᠬᠢᠯᠭ᠋ᠠᠨ ᠱᠠᠲᠤ ᠬᠡᠷᠡᠭᠯᠡᠬᠦ ᠬᠦᠴᠦᠨ ᠪᠦᠬᠦᠢ ᠲᠡᠮᠳᠡᠭ ᠪᠠ ᠲᠤᠰ ᠨᠢᠭᠡᠴᠡ ᠵᠢᠨ ᠪᠠᠴᠢᠮ ᠪᠠᠢ᠌ᠳᠠᠯ᠎ᠢ ᠠᠷᠭ᠋ᠠᠴᠠᠨ ᠠᠪᠤᠷᠠᠨ ᠲᠤᠰᠠᠯᠠᠬᠤ ᠤᠲᠠᠰᠤ ᠵᠢᠨ ᠨᠤᠮᠸᠷ ᠵᠶ᠋ᠠᠨ ᠴᠠᠬᠢᠯᠭ᠋ᠠᠨ ᠱᠠᠲᠤ ᠵᠢᠨ ᠢᠯᠡ ᠪᠠᠢ᠌ᠷᠢᠨ᠎ᠳᠤ ᠲᠤᠬᠢᠷᠠᠭᠤᠯᠬᠤ ᠬᠡᠷᠡᠭᠲᠠᠢ; (ᠵᠢᠷᠭᠤᠭ᠎ᠠ) ᠴᠠᠬᠢᠯᠭ᠋ᠠᠨ ᠱᠠᠲᠤ ᠵᠢᠨ ᠪᠠᠴᠢᠮ ᠪᠠᠢ᠌ᠳᠠᠯ᠎ᠢ ᠠᠷᠭ᠋ᠠᠴᠠᠬᠤ ᠬᠡᠷᠡᠯᠲᠦᠭᠦᠯᠭᠡ ᠵᠢ ᠬᠡᠪ᠎ᠤᠨ ᠪᠠ ᠪᠦᠲᠦᠮᠵᠢᠲᠠᠢ ᠪᠠᠢ᠌ᠯᠭ᠋ᠠᠵᠤ᠂ ᠪᠠᠴᠢᠮ ᠪᠠᠢ᠌ᠳᠠᠯ᠎ᠢ ᠮᠡᠳᠡᠭᠦᠯᠬᠦ ᠲᠤᠨᠤᠭ ᠲᠦᠭᠦᠭᠡᠷᠦᠮᠵᠢ ᠪᠠ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠵᠢᠨ ᠠᠮᠤᠷ ᠲᠦᠪᠰᠢᠨ᠎ᠤ ᠬᠠᠢ᠌ᠶᠠᠷᠤᠯᠲᠠ ᠵᠢᠨ ᠪᠠᠢ᠌ᠭᠤᠯᠤᠮᠵᠢ ᠪᠤᠶᠤ ᠠᠮᠤᠷ ᠲᠦᠪᠰᠢᠨ᠎ᠤ ᠬᠠᠮᠢᠶᠠᠷᠤᠯᠲᠠ ᠵᠢᠨ ᠠᠵᠢᠯᠲᠠᠳ ᠪᠠᠴᠢᠮ ᠠᠪᠤᠷᠠᠯᠲᠠ᠎ᠳᠤ ᠪᠦᠲᠦᠮᠵᠢᠲᠠᠢ ᠬᠠᠷᠢᠭᠤᠯᠲᠠ ᠦᠭᠭᠦ ᠵᠢ ᠪᠠᠲᠤᠯᠠᠬᠤ ᠬᠡᠷᠡᠭᠲᠠᠢ; (ᠳᠣᠯᠣᠭ᠎ᠠ) ᠴᠠᠬᠢᠯᠭ᠋ᠠᠨ ᠱᠠᠲᠤ ᠬᠡᠮ ᠭᠠᠷᠬᠤ ᠪᠤᠶᠤ ᠬᠡᠨᠡᠳᠲᠡ ᠵᠢᠨ ᠴᠢᠨᠠᠷᠲᠠᠢ ᠬᠡᠷᠡᠭ ᠲᠤᠬᠢᠶᠠᠯᠳᠤᠬᠤ ᠦᠶᠡᠰ᠂ ᠴᠠᠬᠢᠯᠭ᠋ᠠᠨ ᠱᠠᠲᠤ ᠵᠢᠨ ᠠᠵᠢᠯᠯᠠᠬᠤ ᠵᠢ ᠵᠤᠭᠰᠤᠭ᠋ᠠᠬᠤ ᠵᠢᠨ ᠬᠠᠮᠲᠤ ᠴᠠᠬᠢᠯᠭ᠋ᠠᠨ ᠱᠠᠲᠤ ᠵᠢᠨ ᠠᠵᠢᠯᠯᠠᠬᠤ ᠵᠢ ᠵᠤᠭᠰᠤᠭ᠋ᠠᠭᠰᠠᠨ ᠵᠠᠷ ᠨᠠᠭ᠋ᠠᠬᠤ ᠬᠡᠷᠡᠭᠲᠠᠢ᠃ ᠬᠡᠷᠡᠭᠯᠡᠭᠴᠢᠳ ᠬᠤᠷᠢᠭᠳᠠᠭᠰᠠᠨ ᠦᠶᠡᠰ ᠴᠠᠭ ᠲᠤᠬᠠᠢ᠎ᠳᠤᠨᠢ ᠵᠤᠬᠢᠶᠠᠨ ᠪᠠᠢ᠌ᠭᠤᠯᠤᠨ ᠠᠪᠤᠷᠠᠬᠤ ᠬᠡᠷᠡᠭᠲᠠᠢ; (ᠨᠠᠢ᠍ᠮᠠ) ᠴᠠᠬᠢᠯᠭ᠋ᠠᠨ ᠱᠠᠲᠤ ᠡᠨᠳᠡᠯ ᠭᠠᠷᠤᠭᠰᠠᠨ ᠦᠶᠡᠰ ᠵᠤᠬᠢᠶᠠᠨ ᠪᠠᠢ᠌ᠭᠤᠯᠤᠨ ᠠᠶᠤᠯ᠎ᠢ ᠠᠷᠢᠯᠭ᠋ᠠᠨ᠂ ᠠᠪᠤᠷᠠᠨ ᠲᠤᠰᠠᠯᠠᠵᠤ᠂ ᠡᠨᠳᠡᠯ᠎ᠤᠨ ᠲᠠᠯᠠᠪᠠᠢ ᠵᠢ ᠬᠠᠮᠠᠭ᠋ᠠᠯᠠᠬᠤ ᠵᠢᠨ ᠳᠠᠭ᠋ᠠᠤ 1 ᠴᠠᠭ᠎ᠤᠨ ᠳᠤᠲᠤᠷ᠎ᠠ ᠴᠠᠬᠢᠯᠭ᠋ᠠᠨ ᠱᠠᠲᠤ ᠪᠠᠢ᠌ᠭ᠎ᠠ ᠭᠠᠵᠠᠷ᠎ᠤᠨ ᠬᠤᠰᠢᠭᠤ ᠰᠢᠶᠠᠨ᠎ᠤ ᠠᠷᠠᠳ᠎ᠤᠨ ᠵᠠᠰᠠᠭ᠎ᠤᠨ ᠤᠷᠳᠤᠨ᠎ᠤ ᠤᠨᠴᠤᠭᠤᠢ ᠲᠦᠭᠦᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠦᠴᠢᠷ᠎ᠲᠤ ᠮᠡᠳᠡᠭᠦᠯᠬᠦ ᠬᠡᠷᠡᠭᠲᠠᠢ; (ᠶᠢᠰᠦ) ᠠᠷᠠᠴᠢᠯᠠᠨ ᠬᠠᠮᠠᠭ᠋ᠠᠯᠬᠤ ᠨᠢᠭᠡᠴᠡ ᠵᠢᠨ ᠨᠡᠢ᠌ᠲᠡᠯᠡᠭᠰᠡᠨ ᠴᠠᠬᠢᠯᠭ᠋ᠠᠨ ᠱᠠᠲᠤ ᠵᠢᠨ ᠠᠵᠢᠯᠯᠠᠬᠤ ᠵᠢ ᠵᠤᠭᠰᠤᠭ᠋ᠠᠬᠤ ᠲᠤᠬᠠᠢ ᠪᠢᠴᠢᠭ᠎ᠤᠨ ᠮᠡᠳᠡᠭᠳᠡᠯ ᠪᠠ ᠬᠠᠯᠠᠨ ᠰᠠᠢ᠌ᠵᠢᠷᠠᠭᠤᠯᠬᠤ ᠰᠠᠨᠠᠭᠤᠯᠭ᠎ᠠ ᠵᠢ ᠴᠠᠭ ᠲᠤᠬᠠᠶ᠎ᠳᠤᠨᠢ ᠨᠠᠢ᠌ᠳᠠᠪᠤᠷᠢᠵᠢᠭᠤᠯᠬᠤ ᠬᠡᠷᠡᠭᠲᠠᠢ; (ᠠᠷᠪᠠ) ᠬᠠᠤᠯᠢ ᠴᠠᠭ᠋ᠠᠵᠠ᠂ ᠬᠠᠤᠯᠢ ᠲᠣᠭᠲᠠᠭ᠋ᠠᠯ᠂ ᠳᠦᠷᠢᠮ ᠲᠣᠭᠲᠠᠭ᠋ᠠᠯ ᠪᠤᠶᠤ ᠤᠯᠤᠰ᠎ᠤᠨ ᠠᠮᠤᠷ ᠲᠦᠪᠰᠢᠨ᠎ᠤ ᠮᠡᠷᠭᠡᠵᠢᠯ᠎ᠤᠨ ᠵᠢᠷᠤᠮᠵᠢᠭᠤᠯᠤᠯ᠎ᠳᠤ ᠲᠤᠭᠲᠠᠭ᠋ᠠᠭᠰᠠᠨ ᠪᠤᠰᠤᠳ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢᠨ ᠠᠵᠢᠯ᠎ᠢ ᠬᠦᠢ᠍ᠴᠡᠳᠭᠡᠬᠦ ᠬᠡᠷᠡᠭᠲᠠᠢ᠃
      [ᠬᠥᠲᠥᠯᠥᠭᠴᠢ]
      ᠴᠠᠬᠢᠯᠭ᠋ᠠᠨ ᠱᠠᠲᠤ ᠡ᠊ᠨᠳᠡᠯ ᠭᠠᠷᠤᠭᠰᠠᠨ᠎ᠤ ᠳᠠᠷᠠᠭ᠎ᠠ᠂ ᠬᠣᠬᠢᠷᠠᠯ ᠠᠮᠰᠠᠭᠴᠢ ᠬᠡᠷᠬᠢᠨ ᠲᠦᠯᠦᠪᠦᠷᠢ ᠤᠯᠬᠤ

ᠪᠤᠶ?
      [ᠵᠢᠶᠠ ᠯᠢ]
      ᠣᠶ᠋ᠢᠷ᠎ᠠ ᠵᠢᠨ ᠵᠢᠯ᠎ᠤᠳ᠎ᠲᠤ᠂ ᠵᠠᠯᠭ᠎ᠠ᠎ᠪᠠᠷ ᠭᠠᠷᠤᠭᠰᠠᠨ ᠴᠠᠬᠢᠯᠭ᠋ᠠᠨ ᠱᠠᠲᠤ ᠬᠥᠮᠦᠨ ᠭᠡᠮᠲᠦᠭᠡᠭᠰᠡᠨ ᠬᠡᠷᠡᠭ᠎ᠲᠤ ᠬᠡᠨ ᠬᠦᠮᠦᠨ ᠲᠡᠷᠢᠬᠦᠨ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠶ ᠪᠤᠶ? ᠬᠡᠨ ᠬᠦᠮᠦᠨ ᠤᠷᠢᠳᠠᠪᠠᠷ ᠬᠣᠬᠢᠷᠠᠯ ᠠᠮᠰᠠᠭᠴᠢ ᠵᠢ ᠠᠪᠤᠷᠠᠨ ᠳᠤᠰᠠᠯᠠᠬᠤ ᠪᠠ ᠲᠦᠯᠦᠵᠤ ᠲᠡᠳᠭᠦᠬᠦ ᠪᠤᠢ? ᠡᠨᠡ᠎ᠨᠢ ᠨᠢᠭᠡ ᠦᠶ᠎ᠡ ᠥᠷᠭᠡᠨ ᠳᠡᠯᠭᠡᠷ ᠮᠠᠷᠭᠤᠭ᠋ᠠᠨ ᠪᠣᠯᠤᠭᠰᠠᠨ ᠪᠠᠢ᠌ᠨ᠎ᠠ᠃ ᠴᠠᠬᠢᠯᠭ᠋ᠠᠨ ᠱᠠᠲᠤ ᠡ᠊ᠨᠳᠡᠯ ᠭᠠᠷᠤᠭᠰᠠᠨ᠎ᠤ ᠳᠠᠷᠠᠭ᠎ᠠ ᠬᠠᠷᠢᠭᠤᠴᠠᠯᠭ᠎ᠠ ᠨᠡᠬᠡᠮᠵᠢᠯᠡᠬᠦ ᠲᠥᠯᠥᠪᠦᠷᠢ ᠨᠡᠬᠡᠬᠦ᠎ᠨᠢ ᠶᠡᠷᠦ᠎ᠳᠡᠭᠡᠨ ᠮᠠᠰᠢ ᠣᠯᠠᠨ ᠬᠦᠴᠢᠷᠳᠡᠯ᠎ᠲᠠᠢ ᠪᠠᠢ᠌ᠵᠤ᠂ ᠴᠠᠬᠢᠯᠭ᠋ᠠᠨ ᠱᠠᠲᠤ ᠦᠢ᠍ᠯᠡᠳᠦᠭᠴᠢ᠂ ᠤᠭᠰᠠᠷᠠᠭᠴᠢ ᠦᠭᠡᠷᠡᠴᠢᠯᠡᠭᠴᠢ ᠵᠠᠰᠠᠭᠴᠢ᠂ ᠠᠷᠠᠴᠢᠯᠠᠨ ᠬᠠᠮᠠᠭ᠋ᠠᠯᠠᠭᠴᠢ᠂ ᠪᠠᠢ᠌ᠴᠠᠭ᠋ᠠᠨ ᠰᠢᠯᠭ᠋ᠠᠬᠤ ᠰᠠᠯᠠᠭ᠎ᠠ ᠮᠥᠴᠢᠷ ᠵᠡᠷᠭᠡ᠎ᠨᠢ ᠴᠠᠬᠢᠯᠭ᠋ᠠᠨ ᠱᠠᠲᠤ ᠵᠢᠨ ᠡᠨᠳᠡᠯ᠎ᠢ ᠲᠦᠯᠦᠬᠦ᠎ᠲᠠᠢ ᠬᠤᠯᠪᠤᠭᠳᠠᠵᠤ ᠪᠠᠢ᠌ᠳᠠᠭ᠃ ᠡᠶ᠋ᠢᠮᠦ᠎ᠠᠴᠠ᠂ 《ᠠᠷᠭ᠎ᠠ》 ᠵᠢᠨ ᠬᠣᠷᠢᠨ ᠳᠣᠯᠣᠳᠤᠭ᠋ᠠᠷ ᠵᠦᠢ᠍ᠯ᠎ᠳᠤ ᠲᠤᠭᠲᠠᠭ᠋ᠠᠭᠰᠠᠨ᠎ᠨᠢ᠂ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠴᠠᠬᠢᠯᠭ᠋ᠠᠨ ᠱᠠᠲᠤ ᠵᠢᠨ ᠠᠮᠤᠷ ᠲᠦᠪᠰᠢᠨ ᠬᠡᠷᠡᠭᠯᠡᠬᠦ ᠵᠢᠨ ᠬᠠᠷᠢᠭᠤᠴᠠᠯᠭ᠋ᠠᠲᠤ ᠭᠤᠤᠯ ᠴᠤᠭᠴᠠ ᠪᠤᠯᠤᠨ᠎ᠠ᠂ ᠴᠠᠬᠢᠯᠭ᠋ᠠᠨ ᠱᠠᠲᠤ ᠵᠢᠨ ᠡᠨᠳᠡᠯ ᠪᠤᠶᠤ ᠰᠠᠭ᠋ᠠᠳ ᠭᠠᠷᠤᠭᠰᠠᠨ᠎ᠠᠴᠠ ᠪᠤᠯᠵᠤ ᠬᠦᠮᠦᠨ᠎ᠤ ᠪᠡᠶ᠎ᠡ ᠮᠠᠬᠠᠪᠤᠳ ᠪᠠ ᠡᠳ᠋ ᠬᠦᠷᠦᠨᠭᠭᠡ ᠵᠢ ᠬᠤᠬᠢᠷᠠᠭᠤᠯᠤᠭᠰᠠᠨ ᠪᠠᠢ᠌ᠪᠠᠯ᠂ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠬᠤᠬᠢᠷᠠᠯ ᠤᠴᠠᠷᠠᠭᠰᠠᠳ᠎ᠲᠤ ᠢᠷᠭᠡᠨ᠎ᠤ ᠬᠡᠷᠡᠭ᠎ᠤᠨ ᠲᠦᠯᠦᠪᠦᠷᠢ ᠵᠢᠨ ᠬᠠᠷᠢᠭᠤᠴᠠᠯᠭ᠎ᠠ ᠵᠢ ᠤᠷᠢᠳᠠᠪᠠᠷ ᠡᠭᠦᠷᠭᠡᠯᠡᠬᠦ ᠬᠡᠷᠡᠭᠲᠠᠢ᠃ ᠢᠷᠭᠡᠨ᠎ᠤ ᠬᠡᠷᠡᠭ᠎ᠤᠨ ᠲᠦᠯᠦᠪᠦᠷᠢ ᠵᠢᠨ ᠬᠠᠷᠢᠭᠤᠴᠠᠯᠭ᠎ᠠ ᠵᠢ ᠤᠷᠢᠳᠠᠪᠠᠷ ᠡᠭᠦᠷᠭᠡᠯᠡᠭᠰᠡᠨ᠎ᠤ ᠰᠡᠭᠦᠯᠡᠷ᠂ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠨᠢ ᠡᠨᠳᠡᠯ ᠭᠠᠷᠭ᠋ᠠᠭᠰᠠᠨ ᠬᠠᠮᠢᠶ᠎ᠠ ᠪᠦᠬᠦᠢ ᠬᠠᠷᠢᠭᠤᠴᠠᠯᠭ᠎ᠠ᠎ᠲᠠᠢ ᠬᠦᠮᠦᠨ ᠵᠶ᠋ᠠᠷ ᠬᠠᠮᠢᠶ᠎ᠠ ᠪᠦᠬᠦᠢ ᠬᠤᠬᠢᠷᠠᠯ᠎ᠢ ᠨᠦᠬᠦᠨ ᠲᠦᠯᠦᠬᠦᠯᠬᠦ ᠡᠷᠭᠡ᠎ᠲᠠᠢ᠃
      [ᠬᠥᠲᠥᠯᠥᠭᠴᠢ]
      ᠬᠠᠭᠤᠴᠢᠨ ᠴᠠᠬᠢᠯᠭ᠋ᠠᠨ ᠱᠠᠲᠤ ᠵᠢᠨ ᠬᠠᠮᠢᠶᠠᠷᠤᠯᠲᠠ ᠵᠢᠨ ᠲᠠᠯ᠎ᠠ᠎ᠪᠠᠷ᠂ 《ᠠᠷᠭ᠎ᠠ》᠎ᠳᠤ ᠠᠯᠢ ᠠᠯᠢ ᠲᠠᠯ᠎ᠠ᠎ᠪᠠᠷ ᠶᠠᠭ᠋ᠠᠬᠢᠵᠤ ᠲᠣᠭᠲᠠᠭ᠋ᠠᠭᠰᠠᠨ ᠪᠤᠶ?
      [ᠵᠢᠶᠠ ᠯᠢ]
      ᠬᠠᠭᠤᠴᠢᠨ ᠴᠠᠬᠢᠯᠭ᠋ᠠᠨ ᠱᠠᠲᠤᠨ᠎ᠳᠤ ᠠᠮᠤᠷ ᠲᠦᠪᠰᠢᠨ᠎ᠤ ᠳᠠᠯᠳᠠ ᠭᠡᠮ ᠨᠡᠯᠢᠶᠡᠳ ᠶᠡᠬᠡ ᠪᠠᠢ᠌ᠵᠤ᠂ ᠲᠤᠰᠬᠠᠶ ᠬᠠᠮᠢᠶᠠᠷᠤᠯᠲᠠ ᠵᠢᠨ ᠳᠦᠷᠢᠮ᠎ᠢ ᠪᠠᠶ᠋ᠢᠭᠤᠯᠬᠤ ᠴᠢᠬᠤᠯᠠ᠎ᠲᠠᠢ ᠪᠠᠢ᠌ᠭ᠎ᠠ᠃ 《ᠠᠷᠭ᠎ᠠ》᠎ᠳᠤ ᠳᠣᠣᠷᠠᠬᠢ ᠮᠡᠲᠦ ᠲᠤᠭᠲᠠᠭ᠋ᠠᠵᠠᠢ᠄ ᠨᠢᠭᠡ᠎ᠳᠤ ᠪᠠᠶ᠋ᠢᠴᠠᠭ᠋ᠠᠬᠤ ᠬᠡᠮᠵᠢᠬᠦ ᠲᠦᠷᠦᠯ ᠵᠦᠢ᠍ᠯ᠎ᠢ ᠨᠡᠮᠡᠬᠦ ᠬᠡᠷᠡᠭᠲᠠᠢ᠃ 15 ᠵᠢᠯ᠎ᠠᠴᠠ ᠳᠡᠭᠡᠭᠰᠢ ᠬᠡᠷᠡᠭᠯᠡᠭᠰᠡᠨ ᠴᠠᠬᠢᠯᠭ᠋ᠠᠨ ᠱᠠᠲᠤ ᠵᠢ ᠲᠣᠭᠲᠠᠮᠠᠯ ᠬᠤᠭᠤᠴᠠᠭ᠎ᠠ᠎ᠲᠠᠢ᠎ᠪᠠᠷ ᠪᠠᠢ᠌ᠴᠠᠭ᠋ᠠᠨ ᠰᠢᠯᠭ᠋ᠠᠬᠤ᠎ᠳᠠᠭᠠᠨ ᠴᠢᠳᠠᠮᠵᠢ ᠵᠢᠨ ᠴᠢᠨᠠᠷᠲᠠᠶ ᠲᠤᠷᠰᠢᠨ ᠰᠢᠯᠭ᠋ᠠᠬᠤ ᠪᠠ ᠵᠤᠭᠰᠤᠯᠲᠠ ᠵᠢᠨ ᠵᠠᠶ ᠵᠢ ᠪᠠᠶ᠋ᠢᠴᠠᠭ᠋ᠠᠬᠤ ᠬᠡᠷᠡᠭᠲᠠᠢ; ᠬᠣᠶᠠᠷ᠎ᠲᠤ ᠡᠳᠦᠷ ᠲᠤᠲᠤᠮ᠎ᠤᠨ ᠠᠷᠠᠴᠢᠯᠠᠨ ᠬᠠᠮᠠᠭ᠋ᠠᠯᠠᠬᠤ ᠵᠢ ᠴᠢᠨᠭ᠌ᠭ᠋ᠠᠳᠬᠠᠬᠤ ᠬᠡᠷᠡᠭᠲᠠᠢ᠃ 15 ᠵᠢᠯ᠎ᠠᠴᠠ ᠳᠡᠭᠡᠭᠰᠢ ᠬᠡᠷᠡᠭᠯᠡᠭᠰᠡᠨ ᠴᠠᠬᠢᠯᠭ᠋ᠠᠨ ᠱᠠᠲᠤ ᠵᠢ ᠪᠤᠯ ᠴᠠᠬᠢᠯᠭ᠋ᠠᠨ ᠱᠠᠲᠤ ᠬᠡᠷᠡᠭᠯᠡᠬᠦ   ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠪᠤᠯᠤᠨ ᠠᠷᠠᠴᠢᠯᠠᠨ ᠬᠠᠮᠠᠭ᠋ᠠᠯᠠᠬᠤ ᠨᠢᠭᠡᠴᠡ᠎ᠨᠢ ᠴᠠᠬᠢᠯᠭ᠋ᠠᠨ ᠱᠠᠲᠤ ᠵᠢᠨ ᠪᠣᠳᠠᠲᠤ ᠪᠠᠶ᠋ᠢᠳᠠᠯ᠎ᠢ ᠦᠨᠳᠦᠰᠦᠯᠡᠨ ᠠᠷᠠᠴᠢᠯᠠᠨ ᠬᠠᠮᠠᠭ᠋ᠠᠯᠠᠬᠤ ᠤᠳᠠᠭ᠎ᠠ ᠲᠤᠭ᠎ᠠ ᠪᠤᠯᠤᠨ ᠲᠦᠷᠦᠯ ᠵᠦᠢ᠍ᠯ᠎ᠢ ᠨᠡᠮᠡᠭᠳᠡᠭᠦᠯᠬᠦ ᠬᠡᠷᠡᠭᠲᠡᠶ; ᠭᠤᠷᠪᠠ᠎ᠳᠤ ᠠᠮᠤᠷ ᠲᠦᠪᠰᠢᠨ᠎ᠤ ᠦᠨᠡᠯᠡᠨ ᠵᠢᠱ᠌ᠢᠯᠲᠡ ᠬᠢᠬᠦ ᠬᠡᠷᠡᠭᠲᠠᠢ᠃ ᠴᠠᠬᠢᠯᠭ᠋ᠠᠨ ᠱᠠᠲᠤ᠎ᠨᠢ ᠵᠢᠷᠤᠭ ᠲᠥᠯᠥᠪᠯᠡᠭᠡ ᠵᠢᠨ ᠬᠡᠷᠡᠭᠯᠡᠬᠦ ᠬᠤᠭᠤᠴᠠᠭ᠎ᠠ᠎ᠳᠤ ᠲᠤᠯᠤᠭᠰᠠᠨ ᠪᠠᠢ᠌ᠲᠠᠯ᠎ᠠ ᠬᠡᠷᠪᠡ ᠦᠷᠭᠦᠯᠵᠢᠯᠡᠨ ᠬᠡᠷᠡᠭᠯᠡᠬᠦ ᠴᠢᠬᠤᠯᠠ᠎ᠲᠠᠢ ᠪᠣᠯ᠂ ᠠᠮᠤᠷ ᠲᠦᠪᠰᠢᠨ᠎ᠤ ᠦᠨᠡᠯᠡᠨ   ᠵᠢᠱ᠌ᠢᠯᠲᠡ ᠬᠢᠵᠤ᠂ ᠦᠷᠭᠦᠯᠵᠢᠯᠡᠨ ᠬᠡᠷᠡᠭᠯᠡᠬᠦ ᠨᠥᠬᠥᠴᠡᠯ᠎ᠢ ᠲᠣᠭᠲᠠᠭ᠋ᠠᠬᠤ ᠬᠡᠷᠡᠭᠲᠡᠶ; ᠳᠥᠷᠪᠡ᠎ᠳᠤ ᠬᠢᠨᠠᠯᠲᠠ ᠬᠠᠮᠢᠶᠠᠷᠤᠯᠲᠠ᠎ᠪᠠᠨ ᠴᠢᠨᠭ᠌ᠭ᠋ᠠᠳᠬᠠᠬᠤ ᠬᠡᠷᠡᠭᠲᠠᠢ᠃ ᠣᠨᠴᠠ ᠲᠥᠷᠥᠯ᠎ᠤᠨ ᠲᠣᠨᠣᠭ ᠲᠥᠬᠥᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠥᠴᠢᠷ᠎ᠨᠢ ᠬᠠᠭᠤᠴᠢᠨ ᠴᠠᠬᠢᠯᠭ᠋ᠠᠨ ᠱᠠᠲᠤ ᠵᠢ ᠬᠢᠨᠠᠨ ᠪᠠᠶ᠋ᠢᠴᠠᠭ᠋ᠠᠬᠤ ᠭᠣᠣᠯᠳᠠᠯᠭ᠎ᠠ ᠪᠤᠯᠭ᠋ᠠᠨ᠂ ᠲᠤᠰᠬᠠᠶ ᠬᠢᠨᠠᠨ ᠪᠠᠶ᠋ᠢᠴᠠᠭ᠋ᠠᠬᠤ ᠲᠥᠯᠥᠪᠯᠡᠭᠡ ᠲᠤᠭᠲᠠᠭ᠋ᠠᠵᠤ᠂ ᠴᠠᠬᠢᠯᠭ᠋ᠠᠨ ᠱᠠᠲᠤ ᠬᠡᠷᠡᠭᠯᠡᠬᠦ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠵᠢ ᠠᠮᠤᠷ ᠲᠦᠪᠰᠢᠨ᠎ᠤ ᠬᠠᠮᠢᠶᠠᠷᠤᠯᠲᠠ᠎ᠪᠠᠨ ᠴᠢᠩᠭ᠋ᠠᠳᠬᠠᠬᠤ ᠵᠢ ᠰᠢᠪᠠᠳᠠᠨ ᠱᠠᠭ᠋ᠠᠷᠳᠠᠬᠤ ᠬᠡᠷᠡᠭᠲᠠᠢ᠃
      [ᠬᠥᠲᠥᠯᠥᠭᠴᠢ]
      ᠣᠷᠣᠨ ᠰᠠᠭᠤᠴᠠ ᠵᠢᠨ ᠵᠢᠵᠢᠭ ᠲᠣᠭᠣᠷᠢᠭ᠎ᠤᠨ ᠴᠠᠬᠢᠯᠭ᠋ᠠᠨ ᠱᠠᠲᠤ ᠵᠢ ᠰᠢᠨᠡᠳᠭᠡᠬᠦ᠂ ᠥᠭᠡᠷᠡᠴᠢᠯᠡᠬᠦ᠂ ᠰᠡᠯᠪᠢᠨ ᠵᠠᠰᠠᠬᠤ ᠪᠡᠯᠡ ᠮᠥᠩᠭᠥ ᠬᠠᠮᠢᠭ᠎ᠠ᠎ᠠᠴᠠ ᠭᠠᠷᠭ᠋ᠠᠬᠤ ᠪᠤᠶ? ᠣᠷᠣᠨ ᠰᠠᠭᠤᠴᠠ ᠵᠢᠨ ᠵᠢᠵᠢᠭ ᠲᠣᠭᠣᠷᠢᠭ᠎ᠤᠨ ᠥᠮᠴᠢᠲᠡᠨ ᠬᠡᠷᠬᠢᠨ ᠬᠡᠷᠡᠭᠯᠡᠬᠦ ᠪᠤᠶ?
      [ᠵᠢᠶᠠ ᠯᠢ]
      ᠴᠠᠬᠢᠯᠭ᠋ᠠᠨ ᠱᠠᠲᠤ ᠪᠤᠯ ᠤᠯᠠᠨ ᠨᠡᠢ᠌ᠲᠡ ᠵᠢᠨ ᠬᠡᠷᠡᠭᠯᠡᠬᠦ ᠲᠥᠬᠥᠭᠡᠷᠦᠮᠵᠢ ᠪᠤᠯᠤᠨ᠎ᠠ᠂ ᠲᠡᠭᠦᠨ᠎ᠢ ᠰᠡᠯᠪᠢᠨ ᠵᠠᠰᠠᠬᠤ᠂ ᠰᠢᠨᠡᠳᠬᠡᠬᠦ ᠪᠠ ᠥᠭᠡᠷᠡᠴᠢᠯᠡᠬᠦ ᠵᠠᠷᠤᠳᠠᠯ᠎ᠢ ᠣᠷᠣᠨ ᠰᠠᠭᠤᠴᠠ ᠵᠢᠨ ᠰᠡᠯᠪᠢᠨ ᠵᠠᠰᠠᠬᠤ ᠲᠤᠰᠬᠠᠶ ᠪᠡᠯᠡ ᠮᠥᠩᠭᠥ᠎ᠠᠴᠠ ᠭᠠᠷᠭ᠋ᠠᠨ᠎ᠠ᠂ ᠴᠠᠬᠢᠯᠭ᠋ᠠᠨ ᠱᠠᠲᠤ ᠠᠷᠠᠴᠢᠯᠠᠨ ᠬᠠᠮᠠᠭ᠋ᠠᠯᠠᠯᠲᠠ ᠵᠢ ᠣᠷᠣᠨ ᠰᠠᠭᠤᠴᠠ ᠵᠢᠨ ᠰᠡᠯᠪᠢᠨ ᠵᠠᠰᠠᠬᠤ ᠬᠦᠷᠢᠶᠡᠨ᠎ᠳᠤ ᠣᠷᠣᠭᠤᠯᠵᠤ᠂ ᠴᠠᠬᠢᠯᠭ᠋ᠠᠨ ᠱᠠᠲᠤ ᠵᠢ ᠰᠡᠯᠪᠢᠨ ᠵᠠᠰᠠᠬᠤ ᠪᠡᠯᠡ ᠮᠥᠩᠭᠥ ᠵᠢᠨ ᠳᠦᠷᠢᠮ᠎ᠢ ᠲᠡᠭᠦᠯᠳᠡᠷᠵᠢᠬᠦᠯᠬᠦ ᠳᠦᠷᠢᠮ᠎ᠢ ᠳᠤᠷᠠᠳᠪᠠ᠃ 《ᠠᠷᠭ᠎ᠠ》 ᠵᠢᠨ ᠬᠣᠷᠢ ᠶᠢᠰᠦᠳᠦᠭᠡᠷ ᠵᠦᠢ᠍ᠯ᠎ᠳᠤ ᠲᠣᠭᠲᠠᠭ᠋ᠠᠭᠰᠠᠨ᠎ᠨᠢ᠂ ᠣᠷᠣᠨ ᠰᠠᠭᠤᠴᠠ ᠵᠢᠨ ᠵᠢᠵᠢᠭ ᠲᠣᠭᠣᠷᠢᠭ᠎ᠤᠨ ᠴᠠᠬᠢᠯᠭ᠋ᠠᠨ ᠱᠠᠲᠤ ᠵᠢ ᠠᠮᠤᠷ ᠲᠦᠪᠰᠢᠨ ᠬᠡᠷᠡᠭᠯᠡᠵᠤ ᠬᠠᠮᠢᠶᠠᠷᠬᠤ᠎ᠳᠤ ᠳᠤᠤᠷᠠᠬᠢ ᠲᠤᠭᠲᠠᠭ᠋ᠠᠯ᠎ᠢ ᠵᠢᠷᠤᠮᠯᠠᠬᠤ ᠬᠡᠷᠡᠭᠲᠡᠶ᠄ (ᠨᠢᠭᠡ) ᠥᠮᠴᠢᠲᠡᠨ᠎ᠤ ᠬᠠᠮᠢᠶᠠᠷᠤᠯᠲᠠ ᠵᠢᠨ ᠭᠡᠷ᠎ᠡ᠎ᠳᠤ ᠴᠠᠬᠢᠯᠭ᠋ᠠᠨ ᠱᠠᠲᠤ ᠵᠢᠨ ᠡᠳᠦᠷ ᠳᠤᠲᠤᠮ᠎ᠤᠨ ᠬᠠᠮᠢᠶᠠᠷᠤᠯᠲᠠ᠂ ᠠᠷᠠᠴᠢᠯᠠᠨ ᠬᠠᠮᠠᠭ᠋ᠠᠯᠠᠬᠤ᠂ ᠵᠠᠰᠠᠬᠤ᠂ ᠦᠭᠡᠷᠡᠴᠢᠯᠡᠬᠦ᠂ ᠪᠠᠢ᠌ᠴᠠᠭ᠋ᠠᠨ ᠬᠡᠮᠵᠢᠬᠦ᠂ ᠪᠠᠢ᠌ᠴᠠᠭ᠋ᠠᠨ ᠰᠢᠯᠭ᠋ᠠᠬᠤ᠂ ᠠᠮᠤᠷ ᠲᠦᠪᠰᠢᠨ᠎ᠢ ᠦᠨᠡᠯᠡᠬᠦ᠂ ᠰᠢᠨᠡᠳᠭᠡᠬᠦ ᠵᠡᠷᠭᠡ ᠵᠠᠷᠤᠳᠠᠯ᠎ᠢ ᠴᠤᠭᠯᠠᠭᠤᠯᠬᠤ ᠪᠠ ᠬᠡᠷᠡᠭᠯᠡᠬᠦ ᠳᠦᠷᠢᠮ᠎ᠢ ᠲᠤᠭᠲᠠᠭ᠋ᠠᠬᠤ ᠬᠡᠷᠡᠭᠲᠠᠢ; (ᠬᠣᠶᠠᠷ) ᠥᠮᠴᠢᠲᠡᠨ᠎ᠤ ᠺᠤᠮᠢᠰ᠎ᠨᠢ ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ᠎ᠯᠦᠭᠡ ᠡᠨᠳᠡᠯ ᠠᠬᠤᠢ ᠵᠢᠨ ᠦᠢ᠍ᠯᠡᠴᠢᠯᠡᠭᠡᠨ᠎ᠤ ᠬᠡᠷ᠎ᠡ ᠲᠤᠭᠲᠠᠬᠤ᠎ᠳᠠᠭᠠᠨ᠂ ᠴᠠᠬᠢᠯᠭ᠋ᠠᠨ ᠱᠠᠲᠤ ᠵᠢᠨ ᠠᠮᠤᠷ ᠲᠦᠪᠰᠢᠨ ᠬᠡᠷᠡᠭᠯᠡᠵᠤ ᠬᠠᠮᠢᠶᠠᠷᠬᠤ ᠲᠠᠯ᠎ᠠ ᠵᠢᠨ ᠡᠷᠬᠡ ᠠᠰᠢᠭ᠂ ᠡᠭᠦᠷᠭᠡ ᠪᠠ ᠬᠠᠷᠢᠭᠤᠴᠠᠯᠭ᠎ᠠ ᠵᠢ ᠲᠤᠭᠲᠠᠭ᠋ᠠᠬᠤ ᠬᠡᠷᠡᠭᠲᠠᠢ; (ᠭᠤᠷᠪᠠ) ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ᠎ᠨᠢ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢᠨ ᠬᠠᠮᠢᠶ᠎ᠠ ᠪᠦᠬᠦᠢ ᠲᠡᠮᠳᠡᠭᠯᠡᠯ ᠵᠶ᠋ᠠᠨ ᠢᠯᠡ ᠨᠡᠢ᠌ᠲᠡᠯᠡᠬᠦ ᠬᠡᠷᠡᠭᠲᠠᠢ᠂ ᠦᠮᠴᠢᠲᠡᠨ᠂ ᠦᠮᠴᠢᠲᠡᠨ᠎ᠤ ᠬᠤᠷᠠᠯ᠂ ᠦᠮᠴᠢᠲᠡᠨ᠎ᠤ ᠺᠤᠮᠢᠰ᠎ᠨᠢ ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ ᠵᠢᠨ ᠴᠠᠬᠢᠯᠭ᠋ᠠᠨ ᠱᠠᠲᠤ ᠵᠢᠨ ᠠᠮᠤᠷ ᠲᠦᠪᠰᠢᠨ ᠬᠡᠷᠡᠭᠯᠡᠵᠤ ᠬᠠᠮᠢᠶᠠᠷᠬᠤ ᠠᠵᠢᠯ᠎ᠳᠤ ᠬᠢᠨᠠᠯᠲᠠ ᠲᠠᠯᠪᠢᠬᠤ ᠡᠷᠭᠡ᠎ᠲᠠᠢ; (ᠳᠥᠷᠪᠡ) ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ᠎ᠨᠢ ᠤᠷᠤᠨ ᠰᠠᠭᠤᠴᠠ ᠵᠢᠨ ᠵᠢᠵᠢᠭ ᠲᠤᠭᠤᠷᠢᠭ᠎ᠤᠨ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ ᠪᠤᠯ᠂ ᠡᠨᠳᠡᠯ ᠠᠬᠤᠢ ᠵᠢᠨ ᠦᠢ᠍ᠯᠡᠴᠢᠯᠡᠭᠡᠨ᠎ᠤ ᠵᠠᠷᠤᠳᠠᠯ   ᠳᠤᠲᠤᠷᠠᠬᠢ ᠴᠠᠬᠢᠯᠭ᠋ᠠᠨ ᠱᠠᠲᠤ ᠵᠢᠨ ᠠᠵᠢᠯᠯᠠᠭ᠋ᠠᠨ᠎ᠤ ᠬᠠᠮᠠᠭ᠋ᠠᠯᠠᠬᠤ ᠰᠦᠢ᠍ᠳᠭᠡᠯ᠎ᠢ ᠠᠰᠳᠠᠭ᠋ᠠᠨ ᠳᠠᠨᠭ᠌ᠰᠠ ᠪᠠᠢ᠌ᠭᠤᠯᠬᠤ ᠵᠢᠨ ᠬᠠᠮᠲᠤ ᠴᠠᠬᠢᠯᠭ᠋ᠠᠨ ᠱᠠᠲᠤ ᠵᠢᠨ ᠠᠵᠢᠯᠯᠠᠭ᠋ᠠᠨ᠎ᠤ ᠬᠠᠮᠠᠭ᠋ᠠᠯᠠᠬᠤ ᠰᠦᠢ᠍ᠳᠭᠡᠯ᠎ᠤᠨ ᠵᠠᠷᠤᠴᠠᠭᠤᠯᠭ᠎ᠠ ᠵᠢᠨ ᠪᠠᠢ᠌ᠳᠠᠯ ᠵᠶ᠋ᠠᠨ ᠬᠠᠭ᠋ᠠᠰ ᠵᠢᠯ᠎ᠳᠤ ᠨᠢᠭᠡ ᠤᠳᠠᠭ᠎ᠠ ᠨᠡᠢ᠌ᠲᠡᠯᠡᠬᠦ ᠬᠡᠷᠡᠭᠲᠠᠢ; (ᠲᠠᠪᠤ) ᠣᠷᠣᠨ ᠰᠠᠭᠤᠴᠠ ᠵᠢᠨ ᠴᠠᠬᠢᠯᠭ᠋ᠠᠨ ᠱᠠᠲᠤ ᠵᠢ ᠰᠢᠨᠡᠳᠭᠡᠬᠦ᠂ ᠦᠭᠡᠷᠡᠴᠢᠯᠡᠬᠦ ᠪᠠ ᠰᠡᠯᠪᠢᠨ ᠵᠠᠰᠠᠬᠤ ᠵᠠᠷᠤᠳᠠᠯ᠎ᠢ ᠲᠤᠭᠲᠠᠭ᠋ᠠᠭᠰᠠᠨ ᠳᠡᠰ ᠳᠠᠷᠠᠭ᠋ᠠᠯᠠᠯ ᠶᠤᠰᠤᠭ᠋ᠠᠷ ᠤᠷᠤᠨ ᠰᠠᠭᠤᠴᠠ ᠵᠢᠨ ᠲᠤᠰᠬᠠᠢ ᠰᠡᠯᠪᠢᠨ ᠵᠠᠰᠠᠬᠤ ᠰᠠᠭᠤᠷᠢ ᠮᠦᠨᠭᠭᠦ᠎ᠠᠴᠠ ᠭᠠᠷᠭ᠋ᠠᠬᠤ ᠬᠡᠷᠡᠭᠲᠠᠢ᠃ ᠤᠷᠤᠨ ᠰᠠᠭᠤᠴᠠ ᠵᠢᠨ ᠲᠤᠰᠬᠠᠢ ᠰᠡᠯᠪᠢᠨ ᠵᠠᠰᠠᠬᠤ ᠰᠠᠭᠤᠷᠢ ᠮᠦᠨᠭᠭᠦ ᠵᠢᠨ ᠦᠯᠡᠳᠡᠪᠦᠷᠢ᠎ᠨᠢ ᠬᠦᠷᠦᠯᠴᠡᠬᠦ ᠦᠭᠡᠢ ᠪᠤᠶᠤ ᠤᠷᠤᠨ ᠰᠠᠭᠤᠴᠠ ᠵᠢᠨ ᠲᠤᠰᠬᠠᠢ ᠰᠡᠯᠪᠢᠨ ᠵᠠᠰᠠᠬᠤ ᠰᠠᠭᠤᠷᠢ ᠮᠦᠨᠭᠭᠦ ᠪᠠᠢ᠌ᠭᠤᠯᠤᠭ᠋ᠠᠳᠤᠢ ᠪᠦᠭᠡᠳ ᠬᠠᠮᠢᠶ᠎ᠠ ᠪᠦᠬᠦᠢ ᠦᠮᠴᠢᠲᠡᠨ᠎ᠨᠢ ᠵᠠᠷᠤᠳᠠᠯ᠎ᠢ ᠡᠭᠦᠷᠭᠡᠯᠡᠬᠦ ᠪᠤᠯᠵᠤᠭ᠎ᠠ᠎ᠲᠠᠢ ᠪᠤᠯ ᠪᠤᠯᠵᠤᠭ᠎ᠠ ᠶᠤᠰᠤᠭ᠋ᠠᠷ ᠡᠭᠦᠷᠭᠡᠯᠡᠬᠦ ᠬᠡᠷᠡᠭᠲᠠᠢ᠃ ᠪᠤᠯᠵᠤᠭ᠎ᠠ ᠦᠭᠡᠢ ᠪᠤᠶᠤ ᠪᠤᠯᠵᠤᠭ᠎ᠠ᠎ᠨᠢ ᠲᠤᠲᠤᠷᠬᠠᠢ ᠦᠭᠡᠢ ᠪᠤᠯ ᠬᠠᠮᠢᠶ᠎ᠠ ᠪᠦᠬᠦᠢ ᠦᠮᠴᠢᠲᠡᠨ᠎ᠨᠢ ᠪᠠᠷᠢᠯᠭ᠎ᠠ ᠵᠢᠨ ᠶᠡᠷᠦᠨᠭᠭᠡᠢ ᠲᠠᠯᠠᠪᠠᠢ᠎ᠳᠤ ᠲᠡᠭᠦᠨ᠎ᠤ ᠲᠤᠰᠬᠠᠢ ᠬᠡᠰᠡᠭ᠎ᠤᠨ ᠡᠵᠡᠯᠡᠵᠤ ᠪᠠᠢ᠌ᠭ᠎ᠠ ᠬᠠᠷᠢᠴᠠᠯ ᠵᠶ᠋ᠠᠷ ᠡᠭᠦᠷᠭᠡᠯᠡᠬᠦ ᠬᠡᠷᠡᠭᠲᠠᠢ; (ᠵᠢᠷᠭᠤᠭ᠎ᠠ) ᠣᠷᠣᠨ ᠰᠠᠭᠤᠴᠠ ᠵᠢᠨ ᠵᠢᠵᠢᠭ ᠲᠣᠭᠣᠷᠢᠭ᠎ᠤᠨ ᠴᠠᠬᠢᠯᠭ᠋ᠠᠨ ᠱᠠᠲᠤ ᠵᠢ ᠪᠠᠢ᠌ᠴᠠᠭ᠋ᠠᠨ ᠰᠢᠯᠭ᠋ᠠᠬᠤ᠂ ᠪᠠᠢ᠌ᠴᠠᠭ᠋ᠠᠨ ᠬᠡᠮᠵᠢᠬᠦ ᠪᠠᠶ᠋ᠢᠭᠤᠯᠤᠮᠵᠢ᠎ᠠᠴᠠ ᠬᠦᠨᠳᠦ ᠨᠤᠴᠢᠲᠠᠢ ᠡᠨᠳᠡᠯ᠎ᠤᠨ ᠭᠡᠮ ᠰᠤᠭᠤᠭ ᠤᠷᠤᠰᠢᠵᠤ ᠪᠠᠢ᠌ᠨ᠎ᠠ ᠬᠡᠵᠤ ᠮᠠᠭ᠋ᠠᠳᠯᠠᠭ᠋ᠠᠳ᠂ ᠴᠢᠬᠤᠯᠠ ᠶᠡᠬᠡ ᠰᠡᠯᠪᠢᠨ ᠵᠠᠰᠠᠬᠤ᠂ ᠦᠭᠡᠷᠡᠴᠢᠯᠡᠬᠦ ᠪᠤᠶᠤ ᠰᠢᠨᠡᠳᠭᠡᠬᠦ ᠦᠭᠡᠢ ᠪᠤᠯ ᠬᠡᠮ ᠰᠤᠭᠤᠭ᠎ᠢ ᠠᠷᠢᠯᠭ᠋ᠠᠬᠤ᠎ᠳᠤ ᠪᠡᠷᠭᠡ᠎ᠲᠠᠢ ᠪᠠᠢ᠌ᠬᠤ ᠪᠦᠭᠡᠳ ᠬᠤᠯᠪᠤᠭᠳᠠᠯ ᠪᠦᠬᠦᠢ ᠲᠠᠯ᠎ᠠ᠎ᠨᠢ ᠵᠠᠷᠤᠳᠠᠯ ᠴᠤᠭᠯᠠᠭᠤᠯᠬᠤ᠂ ᠵᠠᠰᠠᠨ ᠦᠭᠡᠷᠡᠴᠢᠯᠡᠬᠦ ᠲᠦᠰᠦᠯ ᠵᠡᠷᠭᠡ᠎ᠳᠤ ᠰᠠᠨᠠᠯ ᠨᠢᠭᠡᠳᠬᠦ ᠦᠭᠡᠢ ᠪᠠᠢ᠌ᠪᠠᠯ᠂ ᠰᠠᠭᠤᠭ᠎ᠠ ᠭᠠᠵᠠᠷ᠎ᠤᠨ ᠰᠤᠮᠤ ᠰᠢᠶᠠᠨᠭ᠌ ᠪᠠᠯᠭ᠋ᠠᠰᠤ ᠵᠢᠨ ᠠᠷᠠᠳ᠎ᠤᠨ ᠵᠠᠰᠠᠭ᠎ᠤᠨ ᠤᠷᠳᠤᠨ ᠪᠤᠶᠤ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ ᠭᠠᠵᠠᠷ᠎ᠨᠢ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠂ ᠦᠮᠴᠢᠲᠡᠨ᠎ᠤ ᠲᠦᠯᠦᠭᠡᠯᠡᠭᠴᠢ ᠪᠤᠯᠤᠨ ᠬᠤᠰᠢᠭᠤ ᠰᠢᠶᠠᠨ᠎ᠤ ᠱᠠᠲᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠡᠷ ᠪᠠᠢ᠌ᠰᠢᠨᠭ᠌᠂ ᠤᠨᠴᠤᠭᠤᠢ ᠲᠦᠭᠦᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠦᠴᠢᠷ᠎ᠢ ᠵᠤᠬᠢᠶᠠᠨ ᠪᠠᠢ᠌ᠭᠤᠯᠤᠨ ᠬᠠᠮᠲᠤᠪᠠᠷ ᠵᠦᠪᠳᠡᠯᠴᠡᠨ᠂ ᠴᠠᠬᠢᠯᠭ᠋ᠠᠨ ᠱᠠᠲᠤ ᠰᠡᠯᠪᠢᠨ ᠵᠠᠰᠠᠬᠤ᠂ ᠦᠭᠡᠷᠡᠴᠢᠯᠡᠬᠦ ᠪᠤᠶᠤ ᠰᠢᠨᠡᠳᠭᠡᠬᠦ ᠲᠦᠰᠦᠯ ᠪᠠ ᠵᠠᠷᠤᠳᠠᠯ ᠴᠤᠭᠯᠠᠭᠤᠯᠬᠤ ᠲᠦᠰᠦᠯ᠎ᠢ ᠲᠤᠭᠲᠠᠭ᠋ᠠᠬᠤ ᠬᠡᠷᠡᠭᠲᠠᠢ; (ᠳᠣᠯᠣᠭ᠎ᠠ) ᠴᠠᠬᠢᠯᠭ᠋ᠠᠨ ᠱᠠᠲᠤ ᠬᠡᠮ ᠭᠠᠷᠤᠭᠰᠠᠨ᠎ᠠᠴᠠ ᠪᠤᠯᠵᠤ ᠬᠡᠪ᠎ᠤᠨ ᠬᠡᠷᠡᠭᠯᠡᠯᠲᠡ ᠵᠢ ᠨᠦᠯᠦᠭᠡᠯᠡᠬᠦ ᠪᠤᠶᠤ ᠪᠠᠢ᠌ᠴᠠᠭ᠋ᠠᠨ ᠰᠢᠯᠭ᠋ᠠᠬᠤ᠎ᠪᠠᠷ ᠳᠠᠮᠵᠢᠨ ᠡᠨᠳᠡᠯ᠎ᠤᠨ ᠬᠡᠮ ᠰᠤᠭᠤᠭ ᠤᠷᠤᠰᠢᠵᠤ ᠪᠠᠢ᠌ᠪᠠᠯ᠂ ᠡᠨᠳᠡᠯ ᠠᠬᠤᠢ ᠵᠢᠨ ᠦᠢ᠍ᠯᠡᠴᠢᠯᠡᠭᠡᠨ᠎ᠤ ᠨᠢᠭᠡᠴᠡ᠎ᠨᠢ ᠴᠠᠭ ᠲᠤᠬᠠᠢ᠎ᠳᠤᠨᠢ ᠦᠮᠴᠢᠲᠡᠨ᠎ᠤ ᠺᠤᠮᠢᠰ᠎ᠲᠤ ᠮᠡᠳᠡᠭᠦᠯᠬᠦ ᠬᠡᠷᠡᠭᠲᠡᠶ᠃
      [ᠬᠥᠲᠥᠯᠥᠭᠴᠢ]
      ᠬᠡᠨ ᠬᠦᠮᠦᠨ ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠬᠤ ᠪᠤᠶ? ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠬᠤ ᠨᠢᠭᠡᠴᠡ᠎ᠨᠢ   ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠬᠤ ᠠᠮᠤᠷ ᠲᠦᠪᠰᠢᠨ᠎ᠤ ᠴᠢᠳᠠᠮᠵᠢ ᠵᠢᠨ ᠲᠠᠯ᠎ᠠ᠎ᠪᠠᠷ ᠶᠠᠮᠠᠷ ᠶᠠᠮᠠᠷ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠬᠦ ᠪᠤᠶ?
      [ᠵᠢᠶᠠ ᠯᠢ]
      ᠴᠠᠬᠢᠯᠭ᠋ᠠᠨ ᠱᠠᠲᠤ ᠵᠢᠨ ᠡᠳᠦᠷ ᠲᠤᠲᠤᠮ᠎ᠤᠨ ᠠᠷᠠᠴᠢᠯᠠᠨ ᠬᠠᠮᠠᠭ᠋ᠠᠯᠠᠯᠲᠠ ᠪᠣᠯ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠬᠠᠮᠢᠶᠠᠷᠤᠯᠲᠠ ᠵᠢᠨ ᠴᠢᠬᠤᠯᠠ ᠵᠠᠩᠭᠢᠯᠠᠭ᠎ᠠ ᠮᠥᠨ᠂ ᠪᠠᠰᠠ ᠴᠤ᠌ ᠣᠳᠣᠬᠠᠨ᠎ᠤ ᠬᠠᠮᠢᠶᠠᠷᠤᠯᠲᠠ ᠵᠢᠨ ᠨᠢᠭᠡᠨ ᠪᠡᠷᠬᠡᠲᠡᠶ ᠲᠠᠯ᠎ᠠ ᠪᠣᠯᠬᠤ ᠶᠤᠮ᠃ 《ᠠᠷᠭ᠎ᠠ》 ᠵᠢᠨ ᠭᠤᠴᠢᠨ ᠳᠥᠷᠪᠡᠳᠦᠭᠡᠷ ᠵᠦᠢ᠍ᠯ᠎ᠳᠤ ᠲᠣᠭᠲᠠᠭ᠋ᠠᠭᠰᠠᠨ᠎ᠨᠢ᠂ ᠴᠠᠬᠢᠯᠭ᠋ᠠᠨ ᠱᠠᠲᠤ ᠵᠢᠨ ᠠᠷᠠᠴᠢᠯᠠᠨ ᠬᠠᠮᠠᠭ᠋ᠠᠯᠠᠬᠤ ᠶᠠᠪᠤᠳᠠᠯ᠎ᠢ ᠴᠠᠬᠢᠯᠭ᠋ᠠᠨ ᠱᠠᠲᠤ ᠵᠢ ᠦᠢ᠍ᠯᠡᠳᠪᠦᠷᠢᠯᠡᠭᠰᠡᠨ ᠨᠢᠭᠡᠴᠡ ᠪᠤᠶᠤ ᠬᠠᠤᠯᠢ ᠶᠤᠰᠤᠭ᠋ᠠᠷ ᠵᠦᠪᠰᠢᠶᠡᠷᠡᠯ᠎ᠤᠨ ᠬᠢᠷᠢ ᠬᠡᠮ ᠤᠯᠤᠭᠰᠠᠨ ᠤᠭᠰᠠᠷᠠᠬᠤ᠂ ᠦᠭᠡᠷᠡᠴᠢᠯᠡᠬᠦ᠂ ᠰᠡᠯᠪᠢᠨ ᠵᠠᠰᠠᠬᠤ ᠨᠢᠭᠡᠴᠡ ᠬᠠᠷᠢᠭᠤᠴᠠᠬᠤ ᠬᠡᠷᠡᠭᠲᠠᠢ᠃ ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠬᠤ ᠨᠢᠭᠡᠴᠡ ᠵᠢᠨ ᠲᠤᠰ ᠭᠠᠵᠠᠷ ᠣᠷᠣᠨ᠎ᠳᠤ ᠡᠵᠡᠩᠨᠡᠯᠲᠡ ᠵᠢᠨ ᠠᠵᠢᠯᠯᠠᠭ᠎ᠠ   ᠦᠷᠨᠢᠭᠦᠯᠬᠦ ᠠᠷᠠᠴᠢᠯᠠᠨ ᠬᠠᠮᠠᠭ᠋ᠠᠯᠠᠬᠤ ᠨᠢᠭᠡᠴᠡ ᠪᠤᠯᠤᠨ ᠠᠵᠢᠯᠲᠠᠨ᠎ᠨᠢ ᠬᠠᠷᠢᠴᠠᠨᠭ᠌ᠭᠤᠢ ᠪᠦᠬᠦᠢ ᠬᠢᠷᠢ ᠬᠡᠮ᠎ᠲᠠᠢ ᠪᠠᠶ᠋ᠢᠬᠤ ᠪᠥᠭᠡᠳ   ᠬᠠᠮᠢᠶ᠎ᠠ ᠪᠦᠬᠦᠢ ᠮᠡᠳᠡᠭᠡ ᠵᠠᠩᠭᠢ ᠵᠢ ᠬᠢᠨᠠᠨ ᠬᠠᠮᠢᠶᠠᠷᠬᠤ ᠰᠠᠯᠠᠭ᠎ᠠ ᠮᠥᠴᠢᠷ᠎ᠲᠤ ᠮᠡᠳᠡᠭᠦᠯᠦᠨ ᠳᠠᠨᠭ᠌ᠰᠠᠯᠠᠭᠤᠯᠵᠤ᠂ ᠠᠷᠠᠴᠢᠯᠠᠨ ᠬᠠᠮᠠᠭ᠋ᠠᠯᠠᠬᠤ ᠨᠢᠭᠡᠴᠡ ᠵᠢᠨ ᠡᠭᠦᠷᠭᠡ ᠬᠠᠷᠢᠭᠤᠴᠠᠯᠭ᠎ᠠ ᠵᠢ ᠲᠤᠲᠤᠷᠬᠠᠢ᠌ᠯᠠᠬᠤ ᠬᠡᠷᠡᠭᠲᠠᠢ᠃
     《ᠠᠷᠭ᠎ᠠ》 ᠵᠢᠨ ᠭᠤᠴᠢᠨ ᠲᠠᠪᠤᠳᠤᠭ᠋ᠠᠷ ᠵᠦᠢ᠍ᠯ᠎ᠳᠤ ᠲᠣᠭᠲᠠᠭ᠋ᠠᠭᠰᠠᠨ᠎ᠨᠢ᠂ ᠴᠠᠬᠢᠯᠭ᠋ᠠᠨ ᠱᠠᠲᠤ ᠵᠢ ᠠᠷᠠᠴᠢᠯᠠᠨ ᠬᠠᠮᠠᠭ᠋ᠠᠯᠠᠬᠤ ᠨᠢᠭᠡᠴᠡ᠎ᠨᠢ ᠲᠡᠭᠦᠨ᠎ᠤ ᠠᠷᠠᠴᠢᠯᠠᠨ ᠬᠠᠮᠠᠭ᠋ᠠᠯᠠᠬᠤ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠴᠢᠳᠠᠮᠵᠢ᠎ᠳᠤ ᠬᠠᠷᠢᠭᠤᠴᠠᠬᠤ ᠵᠢᠨ ᠳᠠᠭ᠋ᠠᠤ ᠳᠤᠤᠷᠠᠬᠢ ᠮᠡᠲᠦ ᠡᠭᠦᠷᠭᠡ ᠬᠠᠷᠢᠭᠤᠴᠠᠯᠭ᠎ᠠ ᠵᠢ ᠬᠦᠢ᠍ᠴᠡᠳᠭᠡᠬᠦ ᠬᠡᠷᠡᠭᠲᠠᠢ᠄ (ᠨᠢᠭᠡ) ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠮᠡᠷᠭᠡᠵᠢᠯ᠎ᠤᠨ ᠵᠢᠷᠤᠮᠵᠢᠯ᠂ ᠬᠠᠮᠢᠶ᠎ᠠ ᠪᠦᠬᠦᠢ ᠪᠠᠷᠢᠮᠵᠢᠶ᠎ᠠ ᠪᠠ ᠬᠡᠷᠡᠭᠯᠡᠬᠦ ᠠᠷᠠᠴᠢᠯᠠᠨ ᠬᠠᠮᠠᠭ᠋ᠠᠯᠠᠬᠤ ᠲᠤᠲᠤᠷᠬᠠᠢ᠌ᠯᠠᠯᠲᠠ ᠵᠢᠨ ᠱᠠᠭ᠋ᠠᠷᠳᠠᠯᠭ᠎ᠠ ᠶᠤᠰᠤᠭ᠋ᠠᠷ᠂ ᠠᠮᠤᠷ ᠲᠦᠪᠰᠢᠨ᠎ᠤ ᠬᠠᠮᠢᠶᠠᠷᠤᠯᠲᠠ ᠵᠢᠨ ᠳᠦᠷᠢᠮ᠂ ᠠᠷᠠᠴᠢᠯᠠᠨ ᠬᠠᠮᠠᠭ᠋ᠠᠯᠠᠬᠤ ᠲᠦᠯᠦᠪᠯᠡᠭᠡ ᠲᠤᠭᠲᠠᠭ᠋ᠠᠬᠤ ᠬᠡᠷᠡᠭᠲᠠᠢ; (ᠬᠣᠶᠠᠷ) ᠴᠠᠬᠢᠯᠭ᠋ᠠᠨ ᠱᠠᠲᠤ ᠵᠢᠨ ᠢᠯᠡ ᠪᠠᠢ᠌ᠷᠢᠨ᠎ᠳᠤ ᠲᠤᠰ ᠨᠢᠭᠡᠴᠡ ᠵᠢᠨ ᠵᠶ᠋ᠠᠨ ᠨᠡᠷᠡᠢ᠌ᠳᠦᠯ ᠵᠢᠴᠢ ᠪᠠᠴᠢᠮ ᠪᠠᠢ᠌ᠳᠠᠯ᠎ᠢ ᠠᠪᠤᠷᠠᠨ ᠲᠤᠰᠠᠯᠠᠬᠤ ᠪᠠ ᠵᠠᠭ᠋ᠠᠯᠳᠤᠬᠤ ᠤᠲᠠᠰᠤ ᠵᠢᠨ ᠨᠤᠮᠸᠷ ᠵᠶ᠋ᠠᠨ ᠲᠤᠲᠤᠷᠬᠠᠢ ᠢᠯᠡᠷᠭᠡᠢ᠌ᠯᠡᠬᠦ ᠬᠡᠷᠡᠭᠲᠠᠢ; (ᠭᠤᠷᠪᠠ) ᠣᠷᠣᠨ ᠰᠠᠭᠤᠴᠠ ᠵᠢᠨ ᠵᠢᠵᠢᠭ ᠲᠣᠭᠣᠷᠢᠭ᠎ᠲᠤ ᠬᠡᠷᠡᠭᠯᠡᠬᠦ ᠴᠠᠬᠢᠯᠭ᠋ᠠᠨ ᠱᠠᠲᠤ᠎ᠨᠢ᠂ ᠴᠠᠬᠢᠯᠭ᠋ᠠᠨ ᠱᠠᠲᠤ ᠵᠢᠨ ᠰᠡᠤᠭᠡ ᠦᠷᠦᠭᠡ ᠵᠢᠨ ᠳᠤᠲᠤᠷ᠎ᠠ ᠪᠤᠶᠤ ᠭᠠᠷᠴᠤ ᠤᠷᠤᠬᠤ ᠭᠠᠵᠠᠷ᠎ᠲᠤ ᠤᠢ᠌ᠷ᠎ᠠ ᠵᠢᠨ ᠨᠢᠭᠡ ᠤᠳᠠᠭ᠎ᠠ ᠵᠢᠨ ᠠᠷᠠᠴᠢᠯᠠᠨ ᠬᠠᠮᠠᠭ᠋ᠠᠯᠠᠭᠰᠠᠨ ᠮᠡᠳᠡᠭᠡ ᠵᠠᠨᠭ᠌ᠬᠢ᠎ᠪᠠᠨ ᠨᠡᠢ᠌ᠲᠡᠯᠡᠵᠤ᠂ ᠮᠡᠳᠡᠭᠡ ᠵᠠᠨᠭ᠌ᠬᠢ᠎ᠳᠠᠭᠠᠨ ᠠᠷᠴᠢᠯᠠᠨ ᠬᠠᠮᠠᠭ᠋ᠠᠯᠠᠭᠴᠢ᠂ ᠠᠷᠠᠴᠢᠯᠠᠨ ᠬᠠᠮᠠᠭ᠋ᠠᠯᠠᠭᠰᠠᠨ ᠴᠠᠭ ᠪᠠ ᠠᠭᠤᠯᠭ᠎ᠠ ᠵᠡᠷᠭᠡ ᠵᠢ ᠪᠠᠭᠲᠠᠭ᠋ᠠᠭᠰᠠᠨ ᠪᠠᠢ᠌ᠬᠤ ᠬᠡᠷᠡᠭᠲᠠᠢ; (ᠳᠥᠷᠪᠡ) ᠠᠷᠠᠴᠢᠯᠠᠨ ᠬᠠᠮᠠᠭ᠋ᠠᠯᠠᠬᠤ ᠲᠤᠬᠠᠢ ᠵᠢᠨ ᠲᠠᠯᠠᠪᠠᠢ ᠵᠢᠨ ᠠᠵᠢᠯᠯᠠᠭᠰᠠᠳ᠎ᠨᠢ ᠬᠠᠷᠢᠴᠠᠨᠭ᠌ᠭᠤᠢ ᠪᠦᠬᠦᠢ ᠬᠢᠷᠢ ᠭᠡᠮ᠎ᠲᠠᠢ ᠪᠠᠢ᠌ᠬᠤ ᠪᠦᠭᠡᠳ ᠪᠠᠰᠠ ᠲᠤᠬᠠᠢ ᠵᠢᠨ ᠲᠠᠯᠠᠪᠠᠢ ᠵᠢᠨ ᠠᠮᠤᠷ ᠲᠦᠪᠰᠢᠨ᠎ᠢ ᠰᠡᠷᠭᠡᠢ᠌ᠯᠡᠨ ᠬᠠᠮᠠᠭ᠋ᠠᠯᠬᠤ ᠠᠷᠭ᠎ᠠ ᠬᠡᠮᠵᠢᠶ᠎ᠡ ᠵᠢ ᠨᠠᠢ᠌ᠳᠠᠪᠤᠷᠢᠵᠢᠭᠤᠯᠵᠤ᠂ ᠪᠠᠷᠢᠯᠭ᠎ᠠ ᠵᠢᠨ ᠠᠮᠤᠷ ᠲᠦᠪᠰᠢᠨ᠎ᠢ ᠪᠠᠲᠤᠯᠠᠬᠤ ᠬᠡᠷᠡᠭᠲᠡᠶ; (ᠲᠠᠪᠤ) ᠠᠷᠠᠴᠢᠯᠠᠨ ᠬᠠᠮᠠᠭ᠋ᠠᠯᠠᠬᠤ ᠨᠢᠭᠡᠴᠡ᠎ᠨᠢ ᠵᠤᠬᠢᠬᠤ ᠲᠤᠭ᠋ᠠᠨ᠎ᠤ ᠪᠠ ᠠᠷᠠᠴᠢᠯᠠᠨ ᠬᠠᠮᠠᠭ᠋ᠠᠯᠠᠬᠤ ᠵᠦᠢ᠍ᠯ᠎ᠯᠦᠭᠡ ᠠᠳᠠᠯᠢ ᠬᠡᠮᠵᠢᠶᠡᠨ᠎ᠤ ᠪᠠᠢ᠌ᠨᠭ᠌ᠭᠤ ᠬᠡᠷᠡᠭᠯᠡᠬᠦ ᠰᠡᠯᠪᠢᠭᠡᠰᠦ ᠨᠦᠬᠡᠴᠡᠯᠡᠵᠤ᠂ ᠰᠤᠯᠢᠭᠰᠠᠨ ᠴᠠᠬᠢᠯᠭ᠋ᠠᠨ ᠱᠠᠲᠤ ᠵᠢᠨ ᠰᠡᠯᠪᠢᠭ ᠲᠤᠨᠤᠭ᠎ᠨᠢ ᠦᠢ᠍ᠯᠡᠳᠭᠦᠨ᠎ᠤ ᠶᠠᠰᠤ ᠴᠢᠨᠠᠷ᠎ᠤᠨ ᠬᠢᠷᠢ ᠲᠡᠨᠭᠴᠡᠭᠰᠡᠨ ᠬᠡᠷᠡᠴᠢ ᠲᠡᠮᠳᠡᠭ᠎ᠲᠠᠢ ᠪᠠᠢ᠌ᠵᠤ᠂ ᠠᠮᠤᠷ ᠲᠦᠪᠰᠢᠨ᠎ᠤ ᠳᠠᠭ᠋ᠠᠯᠲᠠ ᠲᠤᠨᠤᠭ ᠵᠢᠴᠢ ᠠᠮᠤᠷ ᠲᠦᠪᠰᠢᠨ᠎ᠤ ᠬᠠᠮᠠᠭ᠋ᠠᠯᠠᠯᠲᠠ ᠵᠢᠨ ᠲᠤᠨᠤᠭᠯᠠᠯ᠎ᠨᠢ ᠬᠡᠯᠪᠡᠷᠢ ᠮᠠᠶᠢᠭ᠎ᠤᠨ ᠲᠤᠷᠰᠢᠯᠲᠠ ᠬᠢᠭᠰᠡᠨ ᠬᠡᠷᠡᠴᠢ ᠲᠡᠮᠳᠡᠭ᠎ᠲᠠᠢ ᠪᠠᠢ᠌ᠬᠤ ᠬᠡᠷᠡᠭᠲᠠᠢ; (ᠵᠢᠷᠭᠤᠭ᠎ᠠ) ᠪᠠᠴᠢᠮ ᠪᠠᠢ᠌ᠳᠠᠯ᠎ᠢ ᠠᠷᠭ᠋ᠠᠴᠠᠨ ᠠᠪᠤᠷᠠᠨ ᠲᠤᠰᠠᠯᠠᠬᠤ ᠤᠲᠠᠰᠤ᠎ᠨᠢ ᠬᠣᠷᠢᠨ ᠳᠥᠷᠪᠡᠨ ᠴᠠᠭ ᠬᠠᠷᠢᠭᠤᠯᠲᠠ ᠦᠭᠭᠦ ᠵᠢ ᠦᠨᠡᠨᠬᠦ ᠪᠠᠲᠤᠯᠠᠵᠤ᠂ ᠬᠡᠷᠡᠭᠯᠡᠭᠴᠢᠳ ᠬᠤᠷᠢᠭᠳᠠᠭᠰᠠᠨ ᠵᠶ᠋ᠠᠨ ᠮᠡᠳᠡᠭᠦᠯᠦᠭᠰᠡᠨ᠎ᠤ ᠳᠠᠷᠠᠭ᠎ᠠ ᠭᠤᠴᠢᠨ ᠮᠢᠨᠦ᠋ᠲ᠎ᠤᠨ ᠳᠣᠲᠣᠷ᠎ᠠ ᠲᠤᠬᠠᠶ ᠵᠢᠨ ᠲᠠᠯᠠᠪᠠᠢ᠎ᠳᠤ ᠬᠦᠷᠴᠦ ᠠᠪᠤᠷᠠᠨ ᠲᠤᠰᠠᠯᠠᠬᠤ ᠬᠡᠷᠡᠭᠲᠠᠢ; (ᠳᠣᠯᠣᠭ᠎ᠠ) ᠬᠡᠮ ᠭᠠᠷᠤᠭᠰᠠᠨ ᠪᠤᠶᠤ ᠬᠡᠮ ᠭᠠᠷᠤᠭᠰᠠᠨ ᠮᠡᠳᠡᠭᠳᠡᠯ᠎ᠢ ᠲᠤᠰᠤᠭᠰᠠᠨ᠎ᠤ ᠳᠠᠷᠠᠭ᠎ᠠ᠂ ᠴᠠᠭ ᠲᠤᠬᠠᠢ᠎ᠳᠤᠨᠢ ᠬᠡᠮ ᠰᠤᠭᠤᠭ᠎ᠢ ᠠᠷᠢᠯᠭ᠋ᠠᠬᠤ ᠬᠡᠷᠡᠭᠲᠡᠶ᠃ ᠭᠡᠮ ᠰᠤᠭᠤᠭ᠎ᠢ ᠲᠦᠷ ᠴᠠᠭ᠎ᠲᠤ ᠠᠷᠢᠯᠭ᠋ᠠᠵᠤ ᠳᠡᠢ᠌ᠯᠬᠦ ᠦᠭᠡᠢ ᠪᠤᠯ᠂ ᠰᠢᠢ᠍ᠳᠪᠦᠷᠢᠯᠡᠬᠦ ᠲᠦᠰᠦᠯ ᠵᠶ᠋ᠠᠨ ᠪᠢᠴᠢᠭ ᠵᠶ᠋ᠠᠷ ᠴᠠᠬᠢᠯᠭ᠋ᠠᠨ ᠱᠠᠲᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠳᠤ ᠮᠡᠳᠡᠭᠳᠡᠬᠦ ᠵᠢᠨ ᠬᠠᠮᠲᠤ ᠲᠡᠭᠦᠨ᠎ᠳᠤ ᠬᠡᠮ ᠰᠤᠭᠤᠭ᠎ᠢ ᠠᠷᠢᠯᠭ᠋ᠠᠬᠤ᠎ᠠᠴᠠ ᠡᠮᠦᠨ᠎ᠡ ᠬᠡᠷᠡᠭᠯᠡᠵᠤ ᠦᠯᠦ ᠪᠤᠯᠬᠤ ᠵᠢ ᠮᠡᠳᠡᠭᠳᠡᠬᠦ ᠬᠡᠷᠡᠭᠲᠠᠢ; (ᠨᠠᠢ᠍ᠮᠠ) ᠠᠷᠠᠴᠢᠯᠠᠨ ᠬᠠᠮᠠᠭ᠋ᠠᠯᠠᠵᠤ ᠪᠠᠢ᠌ᠭ᠎ᠠ ᠴᠠᠬᠢᠯᠭ᠋ᠠᠨ ᠱᠠᠲᠤ ᠵᠢ ᠠᠷᠪᠠᠨ ᠲᠠᠪᠤᠨ ᠡᠳᠦᠷ᠎ᠲᠤ ᠠᠯᠢ ᠴᠦᠬᠡᠨ᠎ᠳᠡᠭᠡᠨ ᠨᠢᠭᠡ ᠤᠳᠠᠭ᠎ᠠ ᠠᠷᠠᠴᠢᠯᠠᠨ ᠬᠠᠮᠠᠭ᠋ᠠᠯᠠᠵᠤ᠂ ᠵᠢᠷᠭᠤᠭ᠋ᠠᠨ ᠰᠠᠷ᠎ᠠ᠎ᠳᠤ ᠠᠯᠢ ᠴᠦᠬᠡᠨ᠎ᠳᠡᠭᠡᠨ ᠨᠢᠭᠡ ᠤᠳᠠᠭ᠎ᠠ ᠪᠠᠶ᠋ᠢᠴᠠᠭ᠋ᠠᠬᠤ ᠵᠢᠨ ᠳᠠᠭ᠋ᠠᠤ ᠬᠡᠷᠡᠭᠯᠡᠵᠤ ᠬᠠᠮᠢᠶᠠᠷᠬᠤ ᠬᠠᠷᠢᠭᠤᠴᠠᠯᠭ᠋ᠠᠲᠤ ᠨᠢᠭᠡᠴᠡ᠎ᠳᠤ ᠦᠪᠡᠷ ᠵᠶ᠋ᠠᠨ ᠪᠠᠢ᠌ᠴᠠᠭ᠋ᠠᠭᠰᠠᠨ ᠮᠡᠳᠡᠭᠦᠯᠦᠯᠲᠡ᠎ᠪᠠᠨ ᠮᠡᠳᠡᠭᠦᠯᠬᠦ ᠬᠡᠷᠡᠭᠲᠠᠢ; (ᠶᠢᠰᠦ) ᠠᠷᠠᠴᠢᠯᠠᠨ ᠬᠠᠮᠠᠭ᠋ᠠᠯᠠᠬᠤ ᠪᠠ ᠬᠡᠮ ᠰᠤᠭᠤᠭ᠎ᠢ ᠰᠢᠢ᠍ᠳᠪᠦᠷᠢᠯᠡᠭᠰᠡᠨ ᠲᠡᠮᠳᠡᠭᠯᠡᠯ ᠬᠢᠬᠦ ᠵᠢᠨ ᠬᠠᠮᠲᠤ ᠠᠯᠢ ᠤᠬᠤᠷ᠎ᠲᠠᠭᠠᠨ ᠲᠠᠪᠤᠨ ᠵᠢᠯ ᠬᠠᠳᠠᠭ᠋ᠠᠯᠠᠬᠤ ᠬᠡᠷᠡᠭᠲᠠᠢ᠃
      [ᠬᠥᠲᠥᠯᠥᠭᠴᠢ]
      ᠴᠠᠬᠢᠯᠭ᠋ᠠᠨ ᠱᠠᠲᠤ ᠬᠡᠮ ᠭᠠᠷᠤᠭᠰᠠᠨ᠎ᠤ ᠳᠠᠷᠠᠭ᠎ᠠ ᠬᠡᠷᠬᠢᠨ ᠠᠪᠤᠷᠠᠯ ᠭᠤᠶᠤᠬᠤ ᠪᠤᠢ᠂ 《ᠠᠷᠭ᠎ᠠ》᠎ᠳᠤ ᠬᠡᠷᠬᠢᠨ ᠲᠣᠭᠲᠠᠭ᠋ᠠᠭᠰᠠᠨ ᠪᠤᠶ?
      [ᠵᠢᠶᠠ ᠯᠢ]
      ᠤᠯᠤᠰ᠎ᠤᠨ 《ᠤᠨᠴᠤᠭᠤᠢ ᠲᠥᠬᠥᠭᠡᠷᠦᠮᠵᠢ ᠵᠢᠨ ᠠᠮᠤᠷ ᠲᠦᠪᠰᠢᠨ᠎ᠤ ᠬᠠᠤᠯᠢ》᠎ᠳᠤ 《ᠤᠯᠤᠰ᠎ᠠᠴᠠ ᠬᠣᠯᠪᠣᠭᠳᠠᠯ ᠪᠦᠬᠦᠢ ᠤᠨᠴᠤᠭᠤᠢ ᠲᠥᠬᠥᠭᠡᠷᠦᠮᠵᠢ ᠵᠢᠨ ᠠᠮᠤᠷ ᠲᠦᠪᠰᠢᠨ᠎ᠤ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠤᠳᠤᠯᠭ᠎ᠠ ᠵᠢ ᠳᠡᠮᠵᠢᠵᠤ᠂ ᠲᠡᠷᠢᠭᠦᠨ᠎ᠤ ᠮᠡᠷᠭᠡᠵᠢᠯ ᠪᠤᠯᠤᠨ ᠲᠡᠷᠢᠭᠦᠨ᠎ᠤ ᠬᠠᠮᠢᠶᠠᠷᠤᠯᠲᠠ ᠵᠢᠨ ᠠᠷᠭ᠎ᠠ ᠵᠢ ᠳᠡᠯᠭᠡᠷᠡᠭᠦᠯᠦᠨ ᠬᠡᠷᠡᠭᠯᠡᠬᠦ ᠵᠢ ᠵᠤᠷᠢᠭᠵᠢᠭᠤᠯᠤᠨ᠎ᠠ》 ᠬᠡᠵᠤ ᠲᠤᠭᠲᠠᠭ᠋ᠠᠪᠠ᠃ 《ᠠᠷᠭ᠎ᠠ》 ᠵᠢᠨ ᠳᠥᠴᠢᠨ ᠲᠠᠪᠤᠳᠤᠭ᠋ᠠᠷ ᠵᠦᠢ᠍ᠯ᠎ᠳᠤ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠤᠨᠴᠤᠭᠤᠢ ᠲᠦᠬᠦᠭᠡᠷᠦᠮᠵᠢ ᠵᠢᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠰᠠᠯᠠᠭ᠎ᠠ ᠮᠦᠴᠢᠷ᠎ᠤᠳ ᠦᠪᠡᠷᠲᠡᠭᠡᠨ ᠵᠠᠰᠠᠬᠤ ᠤᠷᠤᠨ᠎ᠤ ᠨᠢᠭᠡᠳᠦᠯᠲᠠᠢ ᠴᠠᠬᠢᠯᠭ᠋ᠠᠨ ᠱᠠᠲᠤ ᠵᠢᠨ ᠠᠮᠤᠷ ᠲᠦᠪᠰᠢᠨ᠎ᠤ ᠮᠡᠳᠡᠭᠡ ᠵᠠᠨᠭ᠌ᠬᠢ ᠵᠢᠨ ᠬᠦᠳᠡᠯᠦᠯ ᠪᠠᠢ᠌ᠳᠠᠯ᠎ᠤᠨ ᠬᠠᠮᠢᠶᠠᠷᠤᠯᠲᠠ ᠵᠢᠨ ᠰᠢᠰᠲᠸᠮ᠎ᠢ ᠪᠠᠢ᠌ᠭᠤᠯᠵᠤ᠂ ᠴᠠᠬᠢᠯᠭ᠋ᠠᠨ ᠱᠠᠲᠤ ᠦᠢ᠍ᠯᠡᠳᠪᠦᠷᠢᠯᠡᠬᠦ᠂ ᠤᠭᠰᠠᠷᠠᠬᠤ᠂ ᠦᠭᠡᠷᠡᠴᠢᠯᠡᠬᠦ᠂ ᠰᠡᠯᠪᠢᠨ ᠵᠠᠰᠠᠬᠤ᠂ ᠠᠷᠠᠴᠢᠯᠠᠨ ᠬᠠᠮᠠᠭ᠋ᠠᠯᠠᠬᠤ᠂ ᠠᠮᠤᠷ ᠲᠦᠪᠰᠢᠨ᠎ᠢ ᠦᠨᠡᠯᠡᠬᠦ᠂ ᠪᠠᠢ᠌ᠴᠠᠭ᠋ᠠᠨ ᠰᠢᠯᠭ᠋ᠠᠬᠤ ᠵᠢᠴᠢ ᠬᠢᠨᠠᠯᠲᠠ ᠲᠠᠯᠪᠢᠨ ᠰᠤᠭᠤᠴᠠᠨ ᠪᠠᠢ᠌ᠴᠠᠭ᠋ᠠᠬᠤ ᠵᠡᠷᠭᠡ ᠮᠡᠳᠡᠭᠡ ᠵᠠᠨᠭ᠌ᠬᠢ ᠵᠢ ᠲᠡᠮᠳᠡᠭᠯᠡᠬᠦ ᠵᠢᠨ ᠬᠠᠮᠲᠤ ᠨᠡᠢ᠌ᠭᠡᠮ ᠨᠡᠢ᠌ᠲᠡ᠎ᠳᠤ ᠯᠠᠪᠯᠠᠯᠭ᠎ᠠ ᠵᠢᠨ ᠦᠢ᠍ᠯᠡᠴᠢᠯᠡᠭᠡᠨ ᠬᠠᠩᠭ᠋ᠠᠬᠤ ᠬᠡᠷᠡᠭᠲᠡᠶ ᠬᠡᠵᠤ ᠲᠤᠭᠲᠠᠭ᠋ᠠᠪᠠ᠃ ᠡᠭᠦᠨ᠎ᠤ ᠵᠣᠷᠢᠯᠭ᠎ᠠ᠎ᠨᠢ ᠪᠣᠯ ᠴᠠᠬᠢᠯᠭ᠋ᠠᠨ ᠱᠠᠲᠤ ᠵᠢᠨ ᠬᠡᠮ ᠰᠤᠭᠤᠭ᠎ᠢ ᠴᠠᠭ ᠲᠤᠬᠠᠶ᠎ᠳᠤᠨᠢ ᠤᠷᠢᠳᠴᠢᠯᠠᠨ ᠰᠡᠷᠡᠮᠵᠢᠯᠡᠭᠦᠯᠬᠦ᠂ ᠲᠦᠷᠭᠡᠨ ᠠᠪᠤᠷᠠᠨ ᠲᠤᠰᠠᠯᠠᠬᠤ᠂ ᠴᠠᠬᠢᠯᠭ᠋ᠠᠨ ᠱᠠᠲᠤ ᠵᠢᠨ ᠳᠠᠯᠳᠠ ᠭᠡᠮ ᠰᠤᠭᠤᠭ᠎ᠢ ᠠᠷᠢᠯᠭ᠋ᠠᠬᠤ᠂ ᠴᠠᠬᠢᠯᠭ᠋ᠠᠨ ᠱᠠᠲᠤ ᠵᠢᠨ ᠠᠮᠤᠷ ᠲᠦᠪᠰᠢᠨ ᠠᠵᠢᠯᠯᠠᠬᠤ ᠵᠢ ᠪᠠᠲᠤᠯᠠᠬᠤ ᠵᠢᠨ ᠲᠦᠯᠦᠭᠡ ᠶᠤᠮ᠃ ᠲᠠ ᠪᠦᠬᠦᠨ ᠴᠠᠬᠢᠯᠭ᠋ᠠᠨ ᠱᠠᠲᠤᠨ᠎ᠳᠤ ᠰᠠᠭᠤᠬᠤ᠎ᠳᠠᠭᠠᠨ ᠴᠠᠬᠢᠯᠭ᠋ᠠᠨ ᠱᠠᠲᠤ ᠵᠢᠨ ᠦᠷᠦᠭᠡ ᠳᠤᠲᠤᠷᠠᠬᠢ 96116 ᠲᠡᠮᠳᠡᠭ᠎ᠢ ᠠᠨᠭ᠌ᠬᠠᠷᠠᠭ᠋ᠠᠷᠠᠢ᠂ ᠡᠨᠡ ᠪᠣᠯ ᠳᠠᠷᠤᠶ ᠪᠦᠬᠦ ᠣᠷᠣᠨ᠎ᠤ ᠨᠢᠭᠡᠳᠦᠯᠲᠡᠶ ᠴᠠᠬᠢᠯᠭ᠋ᠠᠨ ᠱᠠᠲᠤ ᠵᠢᠨ ᠠᠯᠤᠰ ᠡᠵᠡᠮᠰᠢᠯ᠎ᠤᠨ ᠰᠢᠰᠲ᠋ᠧᠮ᠎ᠤᠨ ᠲᠠᠪᠴᠠᠩ᠎ᠤᠨ ᠰᠢᠰᠲ᠋ᠧᠮ ᠮᠦᠨ᠂ ᠡᠨᠡ᠎ᠨᠢ ᠣᠯᠠᠨ᠎ᠤ ᠰᠠᠶ᠋ᠢᠨ ᠮᠡᠳᠡᠳᠡᠭ ᠴᠠᠭᠳᠠᠭ᠋ᠠᠨ᠎ᠳᠤ ᠮᠡᠳᠡᠭᠦᠯᠬᠦ 110᠂ ᠭᠠᠯ ᠲᠦᠢ᠍ᠮᠡᠷ ᠴᠠᠭᠳᠠᠭ᠎ᠠ 119 ᠵᠡᠷᠭᠡ ᠴᠠᠭᠳᠠᠭ᠋ᠠᠨ᠎ᠳᠤ ᠮᠡᠳᠡᠭᠳᠡᠬᠦ ᠲᠠᠪᠴᠠᠩ᠎ᠤᠨ ᠰᠢᠰᠲ᠋ᠧᠮ᠎ᠲᠠᠢ ᠠᠳᠠᠯᠢ ᠶᠤᠮ᠃ ᠣᠳᠣᠬᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠶᠠᠰᠤ ᠴᠢᠨᠠᠷ᠎ᠲᠤ ᠬᠢᠨᠠᠯᠲᠠ ᠲᠠᠯᠪᠢᠬᠤ ᠲᠣᠪᠴᠢᠶ᠎ᠠ᠎ᠠᠴᠠ ᠬᠥᠬᠡᠬᠣᠲᠠ᠂ ᠪᠤᠭᠤᠲᠤ᠂ ᠦᠬᠠᠶ᠂ ᠣᠷᠳᠣᠰ᠂ ᠬᠢᠩᠭ᠋ᠠᠨ ᠠᠶ᠋ᠢᠮᠠᠭ ᠵᠡᠷᠭᠡ 5 ᠭᠠᠵᠠᠷ ᠣᠷᠣᠨ᠎ᠳᠤ ᠲᠤᠷᠰᠢᠯᠲᠠ ᠵᠢᠨ ᠠᠵᠢᠯ᠎ᠢ ᠦᠷᠨᠢᠭᠦᠯᠵᠤ ᠪᠠᠢ᠌ᠨ᠎ᠠ᠃
      [ᠬᠥᠲᠥᠯᠥᠭᠴᠢ]
      ᠵᠠ᠂ ᠵᠢᠶᠠ ᠡᠷᠬᠢᠯᠡᠭᠴᠢ ᠵᠢᠨ ᠬᠠᠯᠠᠰᠢᠷᠠᠯ ᠦᠭᠡᠢ ᠲᠠᠢ᠌ᠯᠪᠤᠷᠢᠯᠠᠭᠰᠠᠨ᠎ᠳᠤ ᠲᠠᠯᠠᠷᠬᠠᠵᠤ ᠪᠠᠢ᠌ᠨ᠎ᠠ᠂ ᠮᠦᠨᠴᠦ ᠰᠦᠯᠵᠢᠶᠡᠨ ᠠᠨᠳᠠ ᠨᠠᠷ᠎ᠤᠨ ᠢᠳᠡᠪᠬᠢᠲᠠᠢ ᠤᠷᠤᠯᠴᠠᠭᠰᠠᠨ᠎ᠳᠤ ᠲᠠᠯᠠᠷᠬᠠᠵᠤ ᠪᠠᠢ᠌ᠨ᠎ᠠ! ᠲᠤᠰ ᠬᠤᠭᠤᠴᠠᠭ᠋ᠠᠨ᠎ᠤ ᠰᠤᠷᠪᠤᠯᠵᠢᠯᠠᠭ᠎ᠠ ᠡᠨᠳᠡ ᠬᠦᠷᠦᠭᠡᠳ ᠲᠡᠭᠦᠰᠦᠯ᠎ᠡ᠂ ᠳᠠᠷᠠᠭ᠋ᠠᠴᠢ ᠵᠢᠨ ᠫᠷᠦᠭᠷᠠᠮ᠎ᠳᠤ ᠪᠠᠶᠠᠷᠲᠠᠶ ᠵᠤᠯᠭ᠋ᠠᠶ᠎ᠠ!



      ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠡᠯᠸᠺᠲᠷᠤᠨ ᠵᠠᠰᠠᠭ᠎ᠤᠨ ᠶᠠᠪᠤᠳᠠᠯ᠎ᠤᠨ ᠭᠠᠵᠠᠷ᠎ᠤᠨ ᠳᠠᠷᠤᠭ᠎ᠠ ᠡᠾᠸ ᠪᠢᠶᠤᠤ ᠰᠤᠷᠪᠤᠯᠵᠢᠯᠠᠭᠳᠠᠭᠴᠢ᠎ᠳᠤ ᠪᠠᠷ᠎ᠠ ᠪᠤᠯᠵᠤ ᠦᠪᠡᠷᠲᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠫᠤᠷᠲᠸᠯ ᠰᠦᠯᠵᠢᠶ᠎ᠡ ᠵᠢ ᠲᠤᠭᠤᠷᠢᠨ ᠦᠵᠡᠭᠰᠡᠨ᠎ᠨᠢ

      ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠠᠤᠯᠢ ᠳᠦᠷᠢᠮ᠎ᠤᠨ ᠠᠯᠪᠠᠨ ᠭᠡᠷ᠎ᠤᠨ ᠳᠡᠳ᠋ ᠡᠷᠬᠢᠯᠡᠭᠴᠢ   ᠵᠢᠶᠠ ᠯᠢ 《ᠳᠤᠮᠳᠠᠳᠤ ᠤᠯᠤᠰ   ᠥᠪᠥᠷ ᠮᠣᠩᠭᠣᠯ》 ᠰᠦᠯᠵᠢᠶ᠎ᠡ᠎ᠳᠤ ᠤᠷᠢᠭᠳᠠᠭᠰᠠᠨ᠎ᠨᠢ

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
ᠨᠡᠶ᠋ᠢᠲᠡᠯᠢᠭ ᠵᠢᠱ᠌ᠢᠶ᠎ᠡ᠎ᠪᠠᠷ ᠳᠠᠭ᠋ᠠᠭᠤᠯᠤᠨ ᠭᠣᠣᠯᠳᠠᠯᠭ᠎ᠠ᠎ᠲᠠᠢ᠎ᠪᠠᠷ ᠳᠥᠯᠭᠢᠨ ᠠᠬᠢᠭᠤᠯᠵᠤ ᠤᠯᠠᠭ᠋ᠠᠨᠬᠠᠳᠠ ᠬᠣᠲᠠ ᠵᠠᠰᠠᠭ᠎ᠤᠨ ᠶᠠᠪᠤᠳᠠᠯ᠎ᠢ ᠢᠯᠡ ᠪᠣᠯᠭ᠋ᠠᠬᠤ ᠵᠢ ᠲᠦᠯᠬᠢᠨ ᠠᠬᠢᠭᠤᠯᠬᠤ ᠪᠠ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠠᠵᠢᠯ᠎ᠢ ᠭᠦᠨᠵᠡᠭᠡᠢ᠌ᠷᠡᠭᠦᠯᠵᠦ ᠪᠤᠢ
ᠠᠵᠤ ᠠᠬᠤᠶ ᠵᠢᠨ ᠰᠢᠨ᠎ᠡ ᠬᠡᠪ ᠪᠠᠶ᠋ᠢᠳᠠᠯ᠎ᠲᠠᠢ ᠵᠣᠬᠢᠴᠠᠭᠤᠯᠤᠨ ᠬᠢᠨᠠᠨ ᠪᠣᠳᠣᠯᠲᠠ ᠵᠢᠨ ᠰᠢᠨ᠎ᠡ ᠡᠭᠦᠷᠭᠡ ᠬᠠᠷᠢᠭᠤᠴᠠᠯᠭ᠎ᠠ᠎ᠪᠠᠨ ᠬᠦᠢ᠍ᠴᠡᠳᠭᠡᠰᠦᠭᠡᠢ
ᠨᠡᠷᠡᠲᠦ ᠲᠥᠷᠥᠯ ᠲᠡᠮᠳᠡᠭ᠎ᠤᠨ ᠪᠠᠶ᠋ᠢᠯᠳᠤᠬᠤ ᠪᠣᠳᠣᠯᠭ᠎ᠠ ᠵᠢ ᠬᠡᠷᠡᠭᠵᠢᠭᠦᠯᠵᠤ ᠠᠵᠢᠯ ᠲᠥᠷᠥᠯ᠎ᠤᠨ ᠬᠢᠨᠠᠯᠲᠠ ᠬᠠᠮᠢᠶᠠᠷᠤᠯᠲᠠ ᠵᠢ ᠴᠢᠨᠭ᠌ᠭ᠋ᠠᠳᠬᠠᠨ᠂ ᠤᠯᠠᠭ᠋ᠠᠨᠬᠠᠳᠠ ᠵᠢᠨ ᠵᠢᠭᠤᠯᠴᠢᠯᠠᠯ᠎ᠤᠨ ᠦᠢ᠍ᠯᠡᠰ᠎ᠤᠨ ᠳᠠᠪᠠᠯᠳᠠᠳᠤ ᠮᠠᠶᠢᠭ᠎ᠤᠨ ᠬᠥᠭᠵᠢᠯᠲᠡ ᠵᠢ ᠳᠥᠯᠭᠢᠨ ᠠᠬᠢᠭᠤᠯᠤᠶ᠎ᠠ
《ᠨᠡᠭᠦᠷᠡᠰᠦ ᠵᠢ ᠤᠯᠠᠷᠢᠭᠤᠯᠬᠤ ᠠᠵᠤ ᠠᠬᠤᠢ᠌ᠯᠠᠯ ᠬᠢᠭᠡᠳ ᠨᠡᠭᠦᠷᠡᠰᠦ ᠦᠢ᠍ᠯᠡᠳᠪᠦᠷᠢᠯᠡᠬᠦ ᠠᠵᠤ ᠠᠬᠤᠢ᠌ᠯᠠᠯ᠎ᠤᠨ ᠳᠠᠬᠢᠨ ᠵᠣᠬᠢᠶᠠᠨ ᠪᠠᠢ᠌ᠭᠤᠯᠬᠤ ᠵᠢ ᠳᠡᠮᠵᠢᠬᠦ ᠬᠣᠯᠪᠣᠭᠳᠠᠯ ᠪᠦᠬᠦᠢ ᠤᠴᠢᠷ᠎ᠤᠨ ᠲᠤᠬᠠᠢ ᠮᠡᠳᠡᠭᠳᠡᠯ》᠎ᠤᠨ ᠲᠠᠢ᠌ᠯᠤᠮᠵᠢ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠢ᠍ᠯᠡᠳᠪᠦᠷᠢᠯᠡᠯ ᠡᠵᠡᠩᠨᠡᠯᠲᠡ ᠵᠢᠨ ᠨᠢᠭᠡᠴᠡ ᠵᠢᠨ ᠠᠶᠤᠯ ᠥᠭᠡᠢ ᠦᠢ᠍ᠯᠡᠳᠪᠦᠷᠢᠯᠡᠯ᠎ᠤᠨ ᠭᠣᠣᠯ ᠴᠣᠭᠴᠠ ᠵᠢᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠬᠤ ᠲᠣᠭᠲᠠᠭ᠋ᠠᠯ》᠎ᠤᠨ ᠲᠠᠢ᠌ᠯᠤᠮᠵᠢ
 
            