ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ ᠨᠡᠶ᠋ᠢᠲᠡᠯᠡᠬᠦ᠌ ᠬᠤᠷᠠᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠳᠥᠷᠪᠡᠳᠦᠭᠡᠷ ᠬᠤᠷᠠᠯ 23᠎ᠤ ᠡᠳᠦᠷ᠎ᠠᠴᠠ ᠡᠬᠢᠯᠡᠨ ᠬᠤᠷᠠᠯᠳᠤᠨ᠎ᠠ
ᠨᠡᠶ᠋ᠢᠲᠡᠯᠡᠭᠰᠡᠨ ᠴᠠᠭ᠄ 2016-01-22

      1 ᠳ᠋ᠦ᠍ᠭᠡᠷ ᠰᠠᠷ᠎ᠠ ᠵᠢᠨ 21᠎ᠤ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠳᠥᠷᠪᠡᠳᠦᠭᠡᠷ ᠬᠤᠷᠠᠯ᠎ᠤᠨ ᠰᠣᠨᠢᠨ ᠮᠡᠳᠡᠭᠡ ᠨᠡᠢ᠌ᠲᠡᠯᠡᠬᠦ ᠬᠤᠷᠠᠯ ᠬᠥᠬᠡᠬᠣᠲᠠ᠎ᠳᠤ ᠶᠠᠪᠤᠭᠳᠠᠪᠠ᠂ ᠲᠤᠰ ᠤᠳᠠᠭ᠋ᠠᠨ᠎ᠤ ᠶᠡᠬᠡ ᠬᠤᠷᠠᠯ 23᠎ᠤ ᠡᠳᠦᠷ᠎ᠠᠴᠠ ᠡᠬᠢᠯᠡᠨ ᠬᠤᠷᠠᠯᠳᠤᠨ᠎ᠠ᠂ ᠣᠳᠣᠬᠠᠨ᠎ᠳᠤ᠂ ᠶᠡᠬᠡ ᠬᠤᠷᠠᠯ᠎ᠤᠨ ᠡᠯ᠎ᠡ ᠵᠦᠢ᠍ᠯ᠎ᠤᠨ ᠪᠡᠯᠡᠳᠬᠡᠯ ᠠᠵᠢᠯ᠎ᠢ ᠨᠢᠭᠡᠨᠲᠡ ᠲᠥᠪᠬᠢᠨᠡᠭᠦᠯᠪᠡ᠃ ᠲᠣᠰ ᠤᠳᠠᠭ᠋ᠠᠨ᠎ᠤ ᠶᠡᠬᠡ ᠬᠤᠷᠠᠯ ᠪᠣᠯ 《12᠂ 5》 ᠵᠢᠨ ᠬᠤᠭᠤᠴᠠᠭ᠋ᠠᠨ᠎ᠤ ᠲᠥᠯᠥᠪᠵᠢᠭᠦᠯᠭᠡ ᠵᠢ ᠲᠡᠭᠦᠰ ᠠᠮᠵᠢᠯᠲᠠᠲᠠᠢ᠎ᠪᠠᠷ   ᠪᠡᠶᠡᠯᠡᠭᠦᠯᠵᠦ᠂ 《13᠂ 5》 ᠵᠢᠨ ᠬᠤᠭᠤᠴᠠᠭ᠋ᠠᠨ᠎ᠤ ᠠᠶᠠᠯᠠᠯ ᠡᠬᠢᠯᠡᠬᠦ ᠲᠠᠰᠢᠷᠠᠮ᠎ᠳᠤ᠂ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠠᠢ᠌ᠭᠤᠯᠤᠨ ᠪᠡᠶᠡᠯᠡᠭᠦᠯᠬᠦ ᠶᠠᠪᠤᠳᠠᠯ ᠰᠢᠢ᠍ᠳᠪᠦᠷᠢᠲᠦ ᠱᠠᠲᠤᠨ᠎ᠳᠤ ᠣᠷᠣᠭᠰᠠᠨ ᠦᠶ᠎ᠡ᠎ᠳᠤ ᠬᠤᠷᠠᠯᠳᠤᠭᠰᠠᠨ ᠨᠢᠭᠡ ᠤᠳᠠᠭ᠋ᠠᠨ᠎ᠤ ᠴᠢᠬᠤᠯᠠ ᠬᠤᠷᠠᠯ ᠪᠣᠯᠣᠨ᠎ᠠ᠃ ᠡᠨᠡ ᠤᠳᠠᠭ᠋ᠠᠨ᠎ᠤ ᠶᠡᠬᠡ ᠬᠤᠷᠠᠯ᠎ᠨᠢ ᠲᠥᠪ ᠪᠠ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠰᠢᠢ᠍ᠳᠪᠦᠷᠢᠲᠦ ᠪᠣᠳᠣᠯᠭ᠎ᠠ ᠵᠢᠨ ᠪᠠᠢ᠌ᠷᠢᠯᠠᠭᠤᠯᠤᠯᠲᠠ ᠵᠢᠨ ᠲᠣᠭᠣᠷᠢᠨ᠎ᠳᠤ᠂ ᠡᠯ᠎ᠡ ᠢᠯᠡᠳᠬᠡᠯ ᠮᠡᠳᠡᠭᠦᠯᠦᠯᠲᠡ ᠵᠢ ᠬᠢᠨᠠᠨ ᠵᠥᠪᠯᠡᠵᠦ᠂ ᠬᠠᠮᠢᠶ᠎ᠠ ᠪᠦᠬᠦᠢ ᠰᠢᠢ᠍ᠳᠪᠦᠷᠢ ᠭᠠᠷᠭ᠋ᠠᠵᠤ᠂ ᠥᠨᠥ ᠵᠢᠯ ᠪᠠ 《13᠂ 5》 ᠵᠢᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠠᠬᠢ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠢ᠌ᠭᠡᠮ᠎ᠤᠨ ᠬᠥᠭᠵᠢᠯᠲᠡ ᠵᠢᠨ ᠴᠢᠬᠤᠯᠠ ᠡᠭᠦᠷᠭᠡ ᠵᠢ ᠪᠦᠬᠦ ᠲᠠᠯ᠎ᠠ᠎ᠪᠠᠷ ᠪᠠᠢ᠌ᠷᠢᠯᠠᠭᠤᠯᠬᠤ ᠪᠣᠯᠣᠨ᠎ᠠ᠃ ᠲᠤᠰ ᠤᠳᠠᠭ᠋ᠠᠨ᠎ᠤ ᠶᠡᠬᠡ ᠬᠤᠷᠠᠯ᠎ᠳᠤ 10 ᠭᠣᠣᠯ ᠵᠥᠪᠯᠡᠬᠦ ᠵᠦᠢ᠍ᠯ ᠪᠤᠢ᠄ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠂  《13᠂ 5》 ᠵᠢᠨ ᠲᠥᠯᠥᠪᠵᠢᠭᠦᠯᠭᠡ ᠵᠢᠨ ᠲᠥᠰᠥᠯ᠂ ᠲᠥᠯᠥᠪᠯᠡᠭᠡᠨ᠎ᠤ ᠮᠡᠳᠡᠭᠦᠯᠦᠯᠲᠡ᠂ ᠲᠥᠰᠦᠪ᠎ᠤᠨ ᠮᠡᠳᠡᠭᠦᠯᠦᠯᠲᠡ᠂ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠣᠷᠢᠶ᠎ᠠ ᠵᠢᠨ ᠠᠵᠢᠯ᠎ᠤᠨ ᠮᠡᠳᠡᠭᠦᠯᠦᠯᠲᠡ ᠪᠠ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠥᠨᠳᠥᠷ ᠵᠡᠷᠭᠡ ᠵᠢᠨ ᠰᠢᠭᠦᠬᠦ ᠬᠣᠷᠢᠶ᠎ᠠ ᠪᠠ ᠪᠠᠢ᠌ᠴᠠᠭ᠋ᠠᠬᠤ ᠬᠣᠷᠢᠶ᠎ᠠ ᠵᠢᠨ ᠮᠡᠳᠡᠭᠦᠯᠦᠯᠲᠡ ᠵᠡᠷᠭᠡ 7 ᠢᠯᠡᠳᠬᠡᠯ ᠮᠡᠳᠡᠭᠦᠯᠦᠯᠲᠡ ᠵᠢ ᠬᠢᠨᠠᠨ ᠪᠠᠢ᠌ᠴᠠᠭ᠋ᠠᠵᠤ ᠪᠠᠲᠤᠯᠠᠨ ᠵᠥᠪᠰᠢᠶᠡᠷᠡᠵᠦ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠣᠷᠢᠶ᠎ᠠ ᠵᠢᠨ ᠬᠠᠤᠯᠢ ᠲᠣᠭᠲᠠᠭ᠋ᠠᠬᠤ ᠳᠦᠷᠢᠮ᠎ᠳᠤ ᠵᠠᠰᠠᠪᠤᠷᠢ ᠣᠷᠣᠭᠤᠯᠬᠤ᠂ ᠬᠣᠯᠪᠣᠭᠳᠠᠯ ᠪᠦᠬᠦᠢ ᠲᠤᠰᠬᠠᠶ ᠵᠥᠪᠯᠡᠯ ᠪᠠᠢ᠌ᠭᠤᠯᠬᠤ ᠪᠠ ᠠᠵᠢᠯᠳᠠᠨ᠎ᠤ ᠳᠤᠬᠢᠷᠠᠭᠤᠯᠤᠯᠲᠠ ᠵᠢᠴᠢ ᠰᠣᠩᠭᠣᠭᠤᠯᠢ ᠪᠠᠭᠲᠠᠨ᠎ᠠ᠃ ᠶᠡᠬᠡ ᠬᠤᠷᠠᠯ᠎ᠤᠨ ᠵᠥᠪᠯᠡᠬᠦ ᠵᠦᠢ᠍ᠯ᠎ᠢ ᠦᠨᠳᠦᠰᠦᠯᠡᠪᠡᠯ᠂ ᠬᠤᠷᠠᠯ᠎ᠤᠨ ᠬᠤᠭᠤᠴᠠᠭ᠎ᠠ 6 ᠡᠳᠦᠷ ᠬᠠᠭ᠋ᠠᠰ ᠶᠠᠪᠤᠭᠳᠠᠵᠤ᠂ 29᠎ᠤ ᠡᠳᠦᠷ᠎ᠤᠨ ᠦᠳᠡ ᠵᠢᠨ ᠡᠮᠦᠨ᠎ᠡ ᠶᠡᠬᠡ ᠬᠤᠷᠠᠯ ᠲᠡᠭᠦᠰᠦᠨ᠎ᠡ᠃ ᠶᠡᠬᠡ ᠬᠤᠷᠠᠯ᠎ᠠᠴᠠ᠂ ᠲᠥᠪ᠎ᠤᠨ ᠨᠠᠢ᠍ᠮᠠᠨ ᠵᠤᠷᠪᠤᠰ ᠲᠣᠭᠲᠠᠭ᠋ᠠᠯ ᠪᠠ ᠥᠪᠡᠷᠲᠡᠭᠡᠨ ᠵᠠᠰᠠᠬᠤ ᠣᠷᠣᠨ᠎ᠤ ᠬᠣᠯᠪᠣᠭᠳᠠᠯ ᠪᠦᠬᠦᠢ ᠲᠣᠭᠲᠠᠭ᠋ᠠᠯ᠎ᠢ ᠬᠢᠨᠠᠮᠠᠭ᠋ᠠᠢ ᠲᠤᠤᠱᠯᠠᠭᠤᠯᠤᠨ ᠨᠠᠢ᠌ᠳᠠᠪᠤᠷᠢᠵᠢᠭᠤᠯᠵᠤ᠂ ᠬᠤᠷᠠᠯ᠎ᠤᠨ ᠴᠢᠨᠠᠷ ᠪᠠ ᠦᠷ᠎ᠡ ᠪᠦᠲᠦᠮᠵᠢ ᠵᠢ ᠳᠡᠭᠡᠭᠰᠢᠯᠡᠭᠦᠯᠵᠦ᠂ ᠴᠣᠮᠬᠠᠨ ᠪᠥᠭᠡᠳ ᠥᠨᠳᠥᠷ ᠪᠦᠲᠦᠮᠵᠢᠲᠡᠢ ᠬᠤᠷᠠᠯ᠎ᠤᠨ ᠰᠤᠷᠲᠠᠯ᠎ᠢ ᠢᠯᠡᠷᠡᠭᠦᠯᠬᠦ ᠵᠢ ᠱᠠᠭ᠋ᠠᠷᠳᠠᠪᠠ ᠡᠭᠦᠨ᠎ᠤ ᠬᠠᠮᠲᠤ᠂ ᠶᠡᠬᠡ ᠬᠤᠷᠠᠯ᠎ᠠᠴᠠ ᠬᠤᠷᠠᠯ᠎ᠳᠤ ᠣᠷᠣᠯᠴᠠᠬᠤ᠂ ᠰᠤᠯᠠ ᠣᠷᠣᠯᠴᠠᠭᠴᠢ ᠶᠡᠬᠡ ᠬᠤᠷᠠᠯ᠎ᠤᠨ ᠬᠣᠯᠪᠣᠭᠳᠠᠯ ᠪᠦᠬᠦᠢ ᠬᠤᠷᠠᠯ᠎ᠳᠤ ᠣᠷᠣᠯᠴᠠᠵᠤ᠂ ᠬᠢᠨᠠᠨ ᠵᠥᠪᠯᠡᠬᠦ ᠶᠠᠷᠢᠶ᠎ᠠ ᠢᠯᠡᠳᠬᠡᠯ᠎ᠤᠨ ᠶᠠᠰᠤ ᠴᠢᠨᠠᠷ᠎ᠢ ᠳᠡᠭᠡᠭᠰᠢᠯᠡᠭᠦᠯᠬᠦ ᠵᠢ ᠲᠣᠳᠣᠷᠬᠠᠢ ᠱᠠᠭ᠋ᠠᠷᠳᠠᠵᠤ᠂ ᠲᠥᠯᠥᠭᠡᠯᠡᠭᠴᠢ ᠪᠠ ᠰᠤᠯᠠ ᠣᠷᠣᠯᠴᠠᠭᠴᠢ ᠬᠣᠯᠪᠣᠭᠳᠠᠯ ᠪᠦᠬᠦᠢ ᠬᠤᠷᠠᠯ᠎ᠤᠨ ᠲᠣᠭᠲᠠᠭ᠋ᠠᠯ᠎ᠢ ᠴᠢᠩᠭ᠎ᠠ ᠵᠢᠷᠤᠮᠯᠠᠬᠤ ᠵᠢ ᠪᠠᠲᠤᠯᠠᠬᠤ ᠬᠡᠷᠡᠭᠲᠡᠢ ᠭᠡᠵᠦ ᠱᠠᠭ᠋ᠠᠷᠳᠠᠵᠠᠢ; 《ᠵᠠᠰᠠᠭ᠎ᠤᠨ ᠣᠷᠳᠣᠨ ᠪᠣᠯᠣᠨ ᠰᠢᠭᠦᠬᠦ ᠬᠣᠷᠢᠶ᠎ᠠ ᠪᠠ ᠪᠠᠢ᠌ᠴᠠᠭ᠋ᠠᠬᠤ ᠬᠣᠷᠢᠶ᠎ᠠ》 ᠵᠢᠨ ᠬᠣᠯᠪᠣᠭᠳᠠᠯ ᠪᠦᠬᠦᠢ ᠬᠠᠷᠢᠭᠤᠴᠠᠯᠭ᠋ᠠᠲᠠᠨ ᠡᠯ᠎ᠡ ᠲᠥᠯᠥᠭᠡᠯᠡᠭᠴᠢᠳ᠎ᠤᠨ ᠪᠦᠯᠬᠦᠮ᠎ᠳᠤ ᠬᠦᠷᠴᠦ ᠰᠠᠨᠠᠯ ᠰᠣᠨᠣᠰᠴᠤ᠂ ᠠᠰᠠᠭᠤᠨ ᠯᠠᠪᠯᠠᠭᠰᠠᠨ ᠵᠦᠢ᠍ᠯ᠎ᠳᠤ ᠬᠠᠷᠢᠭᠤᠯᠲᠠ ᠥᠭᠬᠦ ᠬᠡᠷᠡᠭᠲᠡᠢ ᠭᠡᠵᠦ ᠱᠠᠭ᠋ᠠᠷᠳᠠᠪᠠ᠃

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠨᠡᠶ᠋ᠢᠬᠡᠮ᠎ᠤᠨ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠬᠦ ᠬᠤᠶᠠᠳᠤᠭ᠋ᠠᠷ ᠤᠯᠠᠷᠢᠯ᠎ᠤᠨ ᠠᠵᠢᠯᠯᠠᠭ᠋ᠠᠨ᠎ᠤ ᠭᠠᠷᠠᠭ ᠤᠳᠠᠯ ᠥᠬᠡᠶ ᠡᠬᠢᠯᠡᠬᠦ ᠭᠡᠵᠣ ᠪᠤᠢ
ᠮᠠᠨ᠎ᠤ ᠣᠷᠣᠨ 《ᠮᠣᠷᠢᠨ ᠨᠢᠷᠤᠭᠤᠨ ᠳᠡᠭᠡᠷᠡᠬᠢ ᠥᠪᠥᠷ ᠮᠣᠩᠭᠣᠯ》 ᠠᠳᠤᠭᠤᠨ ᠰᠣᠶᠣᠯ᠎ᠤᠨ ᠵᠢᠭᠤᠯᠴᠢᠯᠠᠯ᠎ᠤᠨ ᠨᠠᠷᠠᠲᠤ ᠲᠡᠮᠳᠡᠭᠲᠦ ᠵᠢ ᠭᠠᠷᠭ᠋ᠠᠪᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠢᠮᠠᠳᠤᠭ᠋ᠠᠷ ᠬᠤᠭᠤᠴᠠᠭ᠋ᠠᠨ᠎ᠤ ᠭᠦᠨ ᠤᠬᠠᠭ᠋ᠠᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠱᠠᠩᠨᠠᠯ ᠰᠢᠯᠭ᠋ᠠᠷᠠᠭᠤᠯᠬᠤ ᠠᠵᠢᠯ ᠡᠬᠢᠯᠡᠪᠡ
ᠥᠪᠥᠷ ᠮᠣᠩᠭᠣᠯ 《ᠪᠠᠭᠤᠯᠭ᠋ᠠᠬᠤ ᠬᠠᠮᠢᠶᠠᠷᠬᠤ ᠦᠢ᠍ᠯᠡᠴᠢᠯᠡᠬᠦ》 ᠥᠭᠡᠷᠡᠴᠢᠯᠡᠯᠲᠡ ᠵᠢ ᠭᠦᠨᠵᠡᠭᠡᠢ᠌ᠷᠡᠭᠦᠯᠵᠦ ᠪᠤᠢ᠄ ᠡᠷᠬᠡ ᠵᠢ ᠵᠠᠬ᠎ᠠ ᠳᠡᠯᠭᠡᠭᠦᠷ᠎ᠲᠤ ᠪᠠᠭᠤᠯᠭ᠋ᠠᠵᠤ ᠣᠯᠠᠨ ᠲᠦᠮᠡᠨ᠎ᠳᠤ ᠠᠰᠢᠭ ᠬᠦᠷᠲᠡᠭᠡᠨ᠎ᠡ
70 ᠵᠢᠯ᠎ᠤᠨ ᠲᠤᠷᠰᠢ ᠥᠪᠥᠷ ᠮᠣᠩᠭᠣᠯ᠎ᠤᠨ ᠨᠡᠢ᠌ᠭᠡᠮ᠎ᠤᠨ ᠪᠠᠲᠤᠯᠠᠭ᠎ᠠ ᠠᠷᠠᠳ ᠲᠦᠮᠡᠨ᠎ᠳᠤ ᠲᠣᠭᠲᠠᠭᠤᠨ ᠠᠵᠠ ᠵᠢᠷᠭ᠋ᠠᠯ᠎ᠢ ᠠᠪᠴᠢᠷᠠᠵᠤ ᠥᠭᠴᠡᠢ
 
            