
ᠰᠤᠷᠪᠤᠯᠵᠢᠯᠠᠭᠰᠠᠨ ᠴᠠᠭ᠄
2016 ᠤᠨ᠎ᠤ 11 ᠳ᠋ᠦ᠍ᠭᠡᠷ ᠰᠠᠷ᠎ᠠ ᠵᠢᠨ 24᠎ᠤ ᠡᠳᠦᠷ᠎ᠤᠨ ᠦᠳᠡ ᠵᠢᠨ ᠬᠣᠶ᠋ᠢᠨᠠᠬᠢ 3 ᠴᠠᠭ᠎ᠲᠤ
ᠰᠤᠷᠪᠤᠯᠵᠢᠯᠠᠭᠰᠠᠨ ᠵᠤᠴᠢᠨ᠄
ᠬᠥᠮᠦᠨ᠎ᠤ ᠬᠦᠴᠦᠨ᠎ᠤ ᠡᠬᠢ ᠪᠠᠶᠠᠯᠢᠭ ᠪᠣᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠳᠡᠳ᠋ ᠲᠣᠭᠣᠷᠢᠨ ᠪᠠᠶ᠋ᠢᠴᠠᠭ᠋ᠠᠭᠴᠢ ᠯᠢᠦ ᠬᠤᠤ ᠱᠧᠩ
ᠰᠤᠷᠪᠤᠯᠵᠢᠯᠠᠭ᠎ᠠ ᠵᠢᠨ ᠲᠣᠪᠴᠢ ᠲᠠᠨᠢᠯᠴᠠᠭᠤᠯᠭ᠎ᠠ᠄
《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》 ᠠᠵᠢᠯᠯᠠᠭ᠎ᠠ ᠵᠢ ᠡᠬᠢᠯᠡᠨ ᠬᠡᠷᠡᠭᠵᠢᠭᠦᠯᠬᠦ ᠵᠢᠨ ᠬᠠᠷᠠᠯᠲᠠ ᠪᠤᠯ ᠲᠠᠪᠤᠨ ᠵᠢᠯ᠎ᠤᠨ ᠬᠤᠭᠤᠴᠠᠭ᠎ᠠ ᠵᠢ ᠠᠰᠢᠭᠯᠠᠨ᠂ ᠪᠥᠬᠥ ᠣᠷᠣᠨ᠎ᠤ ᠠᠳᠠᠯ ᠦᠢ᠍ᠯᠡᠰ ᠴᠣᠭᠴᠠᠯᠠᠬᠤ ᠵᠢ ᠲᠡᠳᠬᠦᠬᠦ ᠲᠦᠷᠦ ᠵᠢᠨ ᠪᠤᠳᠤᠯᠭ᠎ᠠ ᠵᠢᠨ ᠰᠢᠰᠲᠸᠮᠵᠢ ᠵᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠠᠳᠠᠯ ᠦᠢ᠍ᠯᠡᠰ ᠴᠣᠭᠴᠠᠯᠠᠬᠤ ᠦᠢ᠍ᠯᠡᠴᠢᠯᠡᠭᠡᠨ᠎ᠤ ᠰᠢᠰᠲᠸᠮᠵᠢ ᠵᠢ ᠨᠡᠩ ᠪᠦᠷᠢᠨᠰᠢᠭᠦᠯᠵᠦ᠂ ᠠᠳᠠᠯ ᠦᠢ᠍ᠯᠡᠰ ᠴᠣᠭᠴᠠᠯᠠᠬᠤ ᠣᠷᠴᠢᠨ ᠨᠦᠭᠦᠴᠡᠯ᠎ᠢ ᠪᠦᠬᠦ ᠲᠠᠯ᠎ᠠ᠎ᠪᠠᠷ ᠰᠢᠯᠢᠳᠡᠭᠵᠢᠭᠦᠯᠵᠦ᠂ ᠠᠳᠠᠯ ᠦᠢ᠍ᠯᠡᠰ ᠴᠣᠭᠴᠠᠯᠠᠬᠤ ᠠᠮᠢᠳᠤ ᠰᠣᠷᠭᠣᠭ ᠬᠦᠴᠦᠨ ᠴᠢᠳᠠᠯ᠎ᠢ ᠪᠠᠳᠠᠷᠠᠭᠤᠯᠵᠤ᠂ ᠠᠳᠠᠯ ᠦᠢ᠍ᠯᠡᠰ ᠴᠣᠭᠴᠠᠯᠠᠬᠤ ᠰᠢᠨ᠎ᠡ ᠵᠢ ᠡᠭᠦᠳᠬᠦ ᠠᠭᠤᠷ ᠠᠮᠢᠰᠬᠤᠯ᠎ᠢ ᠡᠳᠦᠷ᠎ᠠᠴᠠ ᠡᠳᠦᠷ ᠰᠠᠢ᠌ᠵᠢᠷᠠᠭᠤᠯᠵᠤ᠂ ᠠᠳᠠᠯ ᠦᠢ᠍ᠯᠡᠰ ᠴᠣᠭᠴᠠᠯᠠᠬᠤ ᠰᠢᠨ᠎ᠡ ᠵᠢ ᠡᠭᠦᠳᠬᠦ᠎ᠪᠠᠷ ᠠᠵᠢᠯ ᠣᠯᠭᠣᠯᠲᠠ ᠵᠢ ᠳᠠᠶ᠋ᠢᠴᠢᠯᠠᠬᠤ᠂ ᠠᠵᠤ ᠠᠬᠤᠶ ᠵᠢᠨ ᠬᠥᠭᠵᠢᠯᠲᠡ ᠵᠢᠨ ᠰᠢᠨ᠎ᠡ ᠬᠥᠳᠡᠯᠭᠡᠭᠴᠢ ᠬᠦᠴᠦᠨ᠎ᠤ ᠦᠢ᠍ᠯᠡᠳᠦᠯ᠎ᠢ ᠨᠡᠩ ᠲᠤᠪᠤᠢ᠍ᠢ᠍ᠮ᠎ᠠ ᠪᠤᠯᠭ᠋ᠠᠭ᠋ᠠᠳ᠂ 2020 ᠣᠨ ᠪᠤᠯᠬᠤ᠎ᠳᠤ᠂ ᠪᠦᠬᠦ ᠣᠷᠣᠨ᠎ᠳᠤ ᠠᠳᠠᠯ ᠦᠢ᠍ᠯᠡᠰ ᠴᠤᠭᠴᠠᠯᠠᠬᠤ᠎ᠪᠠᠷ ᠳᠠᠩᠰᠠᠯᠠᠭᠤᠯᠤᠭᠰᠠᠨ ᠠᠵᠤ ᠠᠬᠤᠶ᠋ᠢᠯᠠᠯ᠎ᠢ 30 ᠲᠦᠮᠡ᠎ᠠᠴᠠ ᠳᠡᠭᠡᠭᠰᠢ ᠰᠢᠨ᠎ᠡ᠎ᠪᠠᠷ
ᠨᠡᠮᠡᠭᠳᠡᠭᠦᠯᠵᠦ᠂ 100 ᠲᠦᠮᠠ᠎ᠠᠴᠠ ᠳᠡᠭᠡᠭᠰᠢ ᠬᠦᠮᠦᠨ᠎ᠳᠤ ᠠᠵᠢᠯ ᠤᠯᠭᠤᠬᠤ ᠵᠢ ᠳᠠᠢ᠌ᠴᠢᠯᠠᠬᠤ ᠶᠠᠪᠤᠳᠠᠯ
ᠪᠤᠯᠤᠨ᠎ᠠ᠃
ᠰᠤᠷᠪᠤᠯᠵᠢᠯᠠᠭ᠎ᠠ ᠵᠢᠨ ᠪᠣᠳᠠᠲᠤ ᠲᠡᠮᠳᠡᠭᠯᠡᠯ
ᠬᠥᠲᠥᠯᠥᠭᠴᠢ᠄
ᠰᠦᠯᠵᠢᠶᠡᠨ ᠠᠨᠳᠠ ᠨᠠᠷ ᠲᠠ ᠪᠦᠬᠦᠨ ᠰᠠᠢ᠍ᠢ᠍ᠨ ᠪᠠᠢ᠌ᠵᠠᠭ᠋ᠠᠨ᠎ᠠ ᠤᠤ! ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠶᠠᠪᠤᠳᠠᠯ᠎ᠤᠨ ᠶᠡᠷᠦᠩᠬᠡᠢ᠌ᠯᠡᠭᠰᠡᠨ ᠠᠯᠪᠠᠨ᠎ᠤ ᠰᠦᠯᠵᠢᠶ᠎ᠡ ᠵᠢᠨ 《ᠰᠦᠯᠵᠢᠶᠡᠨ ᠳᠡᠭᠡᠷᠡᠬᠢ ᠰᠤᠷᠪᠤᠯᠵᠢᠯᠠᠭ᠎ᠠ》 ᠫᠷᠦᠭᠷᠡᠮᠢ ᠬᠦᠯᠢᠶᠡᠨ ᠠᠪᠴᠦ ᠦᠵᠡᠬᠦ ᠵᠢ ᠪᠠᠶᠠᠷᠯᠠᠨ ᠤᠭᠲᠤᠵᠤ ᠪᠠᠶ᠋ᠢᠨ᠎ᠠ᠃ ᠥᠨᠥᠳᠦᠷ᠂ ᠪᠢᠳᠡ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠤᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠳᠡᠳ᠋ ᠲᠣᠭᠣᠷᠢᠨ ᠪᠠᠶ᠋ᠢᠴᠠᠭ᠋ᠠᠭᠴᠢ ᠯᠢᠦ ᠬᠤᠤ ᠱᠸᠩᠢ ᠤᠷᠢᠵᠤ᠂ ᠲᠠ ᠪᠦᠬᠦᠨ᠎ᠲᠠᠢ ᠰᠦᠯᠵᠢᠶᠡᠨ ᠳᠡᠭᠡᠷ᠎ᠡ ᠠᠵᠢᠯ ᠣᠯᠭᠣᠬᠤ ᠪᠠ ᠠᠳᠠᠯ ᠦᠢ᠍ᠯᠡᠰ ᠴᠣᠭᠴᠠᠯᠠᠬᠤ ᠠᠵᠢᠯ᠎ᠢ ᠰᠤᠯᠢᠯᠴᠠᠬᠤ ᠵᠢᠨ ᠬᠠᠮᠲᠤ ᠰᠦᠯᠵᠢᠶᠡᠨ ᠠᠨᠳᠠ ᠨᠠᠷ᠎ᠤᠨ ᠠᠰᠠᠭᠤᠳᠠᠯ᠎ᠢ ᠬᠠᠷᠢᠭᠤᠯᠬᠤ᠎ᠪᠠᠷ ᠪᠤᠯᠤᠯ᠎ᠠ᠃
ᠯᠢᠦ ᠬᠤᠤ ᠱᠧᠩ᠄
ᠬᠥᠲᠥᠯᠥᠭᠴᠢ ᠰᠠᠢ᠍ᠢ᠍ᠨ ᠪᠠᠢ᠌ᠨ᠎ᠠ ᠤᠤ᠂ ᠰᠦᠯᠵᠢᠶᠡᠨ ᠠᠨᠳᠠ ᠲᠠ ᠪᠦᠬᠦᠨ ᠰᠠᠢ᠌ᠨ ᠪᠠᠢ᠌ᠵᠠᠭ᠋ᠠᠨ᠎ᠠ ᠤᠤ! ᠡᠨᠳᠡ ᠲᠠ ᠪᠦᠬᠦᠨ᠎ᠲᠠᠢ ᠰᠠᠨᠠᠯ ᠵᠶ᠋ᠠᠨ ᠰᠤᠯᠢᠯᠴᠠᠬᠤ ᠪᠤᠯᠤᠭᠰᠠᠨ᠎ᠳᠠᠭᠠᠨ ᠮᠠᠰᠢ ᠪᠠᠶᠠᠷᠯᠠᠵᠤ ᠪᠠᠢ᠌ᠨ᠎ᠠ᠃ ᠡᠨᠡ ᠬᠦ᠌ ᠲᠠᠰᠢᠷᠠᠮ ᠵᠶ᠋ᠠᠷ᠂ ᠪᠢ ᠥᠪᠡᠷᠲᠡᠭᠡᠨ ᠵᠠᠰᠠᠬᠤ ᠣᠷᠣᠨ᠎ᠤ ᠬᠥᠮᠦᠨ᠎ᠤ ᠬᠦᠴᠦᠨ᠎ᠤ ᠡᠬᠢ ᠪᠠᠶᠠᠯᠢᠭ ᠪᠤᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠎ᠤᠨ ᠡᠮᠦᠨ᠎ᠡ᠎ᠠᠴᠠ ᠠᠵᠢᠯ ᠤᠯᠭᠤᠬᠤ ᠠᠳᠠᠯ ᠦᠢ᠍ᠯᠡᠰ ᠴᠣᠭᠴᠠᠯᠠᠬᠤ ᠠᠵᠢᠯ᠎ᠳᠤ ᠢᠮᠠᠭᠲᠠ ᠰᠡᠳᠬᠢᠯ ᠲᠠᠯᠪᠢᠵᠤ ᠳᠡᠮᠵᠢᠭᠰᠡᠭᠡᠷ ᠢᠷᠡᠭᠰᠡᠨ ᠥᠷᠭᠡᠨ ᠣᠯᠠᠨ ᠰᠦᠯᠵᠢᠶᠡᠨ ᠠᠨᠳᠠ ᠨᠠᠶ᠋ᠢᠵᠠ ᠨᠠᠷ᠎ᠲᠤ ᠴᠢᠩ ᠰᠡᠳᠬᠢᠯ᠎ᠤᠨ ᠲᠠᠯᠠᠷᠬᠠᠯ ᠵᠶ᠋ᠠᠨ ᠳᠡᠪᠰᠢᠭᠦᠯᠵᠦ ᠪᠠᠶ᠋ᠢᠨ᠎ᠠ᠃
ᠬᠥᠲᠥᠯᠥᠭᠴᠢ᠄
ᠥᠪᠡᠷᠲᠡᠭᠡᠨ ᠵᠠᠰᠠᠬᠤ ᠣᠷᠣᠨ ᠤᠯᠤᠰ ᠣᠷᠣᠨ᠎ᠤ ᠱᠠᠭ᠋ᠠᠷᠳᠠᠯᠭ᠎ᠠ ᠵᠢ ᠨᠠᠷᠢᠨ ᠬᠢᠨᠠᠮᠠᠭ᠋ᠠᠶ ᠨᠠᠶ᠋ᠢᠳᠠᠪᠤᠷᠢᠵᠢᠭᠤᠯᠵᠤ᠂ ᠦᠢ᠍ᠯᠡᠴᠢᠯᠡᠭᠡᠨ᠎ᠤ ᠰᠢᠨ᠎ᠡ ᠵᠢ ᠡᠭᠦᠳᠬᠦ ᠶᠠᠪᠤᠳᠠᠯ ᠵᠶ᠋ᠠᠷ ᠠᠵᠤ ᠠᠬᠤᠶ ᠵᠢᠨ ᠬᠡᠯᠪᠡᠷᠢ᠎ᠪᠠᠨ ᠬᠤᠪᠢᠷᠠᠭᠤᠯᠤᠨ ᠬᠥᠭᠵᠢᠭᠦᠯᠬᠦ 《ᠰᠢᠨ᠎ᠡ ᠬᠥᠳᠡᠯᠭᠡᠭᠦᠷ》 ᠪᠤᠯᠭ᠋ᠠᠵᠤ᠂ ᠠᠳᠠᠯ ᠦᠢ᠍ᠯᠡᠰ ᠴᠣᠭᠴᠠᠯᠠᠬᠤ ᠵᠢ ᠵᠤᠷᠢᠭᠵᠢᠭᠤᠯᠬᠤ ᠶᠠᠪᠤᠳᠠᠯ᠎ᠢ ᠠᠵᠢᠯ ᠣᠯᠭᠣᠯᠲᠠ ᠵᠢ ᠠᠬᠢᠭᠤᠯᠬᠤ 《ᠰᠢᠨ᠎ᠡ ᠬᠥᠳᠡᠯᠭᠡᠬᠦ ᠬᠦᠴᠦ》 ᠪᠤᠯᠭ᠋ᠠᠪᠠ᠃ ᠡᠨᠡ ᠵᠢᠯ᠂ ᠦᠢ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ᠂ ᠲᠦᠭ ᠲᠦᠮᠡ᠎ᠪᠠᠷ ᠵᠶ᠋ᠡᠨ ᠰᠢᠨ᠎ᠡ ᠵᠢ ᠡᠭᠦᠳᠬᠦ ᠵᠢ ᠭᠦᠨᠵᠡᠭᠡᠶ ᠲᠦᠯᠬᠢᠨ ᠠᠬᠢᠭᠤᠯᠬᠤ᠎ᠲᠠᠢ ᠤᠶᠠᠯᠳᠤᠭᠤᠯᠤᠨ᠂ 《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ᠎ᠤᠨ
ᠠᠵᠢᠯᠯᠠᠭ᠎ᠠ》 ᠵᠢ ᠡᠬᠢᠯᠡᠭᠦᠯᠪᠡ᠂ ᠲᠠ 《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》 ᠠᠵᠢᠯᠯᠠᠭ᠎ᠠ ᠵᠢ ᠲᠣᠪᠴᠢᠬᠠᠨ ᠲᠠᠨᠢᠯᠴᠠᠭᠤᠯᠵᠤ ᠦᠭᠭᠦᠨᠡᠦ?
ᠯᠢᠦ ᠬᠤᠤ ᠱᠧᠩ᠄
ᠥᠪᠡᠷᠲᠡᠭᠡᠨ ᠵᠠᠰᠠᠬᠤ ᠣᠷᠣᠨ ᠪᠦᠬᠦ ᠣᠷᠣᠨ᠎ᠤ ᠠᠳᠠᠯ ᠦᠢ᠍ᠯᠡᠰ ᠴᠣᠭᠴᠠᠯᠠᠬᠤ ᠰᠢᠨ᠎ᠡ ᠵᠢ ᠡᠭᠦᠳᠬᠦ ᠠᠵᠢᠯ᠎ᠢ ᠰᠢᠨ᠎ᠡ ᠨᠢᠭᠡᠨ ᠳᠡᠭᠲᠡᠷ᠎ᠲᠤ ᠭᠠᠷᠭ᠋ᠠᠬᠤ ᠵᠢ ᠤᠯᠠᠮ ᠨᠢᠭᠡ ᠠᠯᠬᠤᠮ ᠲᠦᠯᠬᠢᠨ ᠠᠬᠢᠭᠤᠯᠵᠤ᠂ ᠦᠢ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ᠂ ᠲᠦᠭ ᠲᠦᠮᠡ᠎ᠪᠠᠷ ᠵᠶ᠋ᠠᠨ ᠰᠢᠨ᠎ᠡ ᠵᠢ ᠡᠭᠦᠳᠬᠦ ᠰᠠᠢ᠍ᠢ᠍ᠨ ᠰᠠᠶ᠋ᠢᠬᠠᠨ ᠪᠠᠶ᠋ᠢᠳᠠᠯ᠎ᠢ ᠲᠦᠷᠭᠡᠪᠴᠢᠯᠡᠨ ᠪᠣᠢ ᠪᠣᠯᠭ᠋ᠠᠵᠤ᠂ ᠠᠳᠠᠯ ᠦᠢ᠍ᠯᠡᠰ ᠴᠣᠭᠴᠠᠯᠠᠬᠤ ᠵᠢ ᠠᠬᠢᠭᠤᠯᠬᠤ᠎ᠪᠠᠷ ᠠᠵᠢᠯ ᠣᠯᠭᠣᠯᠲᠠ ᠵᠢ ᠳᠠᠢ᠌ᠴᠢᠯᠠᠬᠤ ᠵᠢᠨ ᠲᠤᠰᠠᠳᠠ᠂ ᠨᠢᠳᠤᠨᠤᠨ ᠵᠢᠯ᠎ᠤᠨ ᠡᠴᠦᠰ᠎ᠲᠤ᠂ ᠮᠠᠨ᠎ᠤ ᠬᠥᠮᠦᠨ᠎ᠤ ᠡᠬᠢ ᠪᠠᠶᠠᠯᠢᠭ ᠪᠤᠯᠤᠨ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ ᠲᠦᠷᠦᠭᠦᠯᠡᠨ ᠵᠠᠰᠠᠭ᠎ᠤᠨ ᠤᠷᠳᠤᠨᠢ ᠤᠷᠤᠯᠠᠨ 《〈ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ〉 ᠠᠵᠢᠯᠯᠠᠭ᠎ᠠ ᠵᠢᠨ ᠲᠦᠯᠦᠪᠯᠡᠪᠡ ᠵᠢ ᠳᠠᠷᠤᠮᠠᠯᠯᠠᠨ ᠲᠠᠷᠬᠠᠭ᠋ᠠᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠮᠡᠳᠡᠭᠳᠡᠯ》᠎ᠢ ᠲᠤᠭᠤᠷᠪᠢᠨ ᠪᠢᠴᠢᠵᠦ᠂ ᠡᠨᠡ ᠵᠢᠯ ᠪᠦᠬᠦ ᠤᠷᠤᠨ᠎ᠳᠤ ᠳᠠᠷᠤᠮᠠᠯᠯᠠᠨ ᠲᠠᠷᠬᠠᠭ᠋ᠠᠨ ᠬᠡᠷᠡᠭᠵᠢᠭᠦᠯᠪᠡ᠂ ᠡᠭᠦᠨ᠎ᠳᠤ ᠭᠣᠣᠯᠳᠠᠭᠤ ᠪᠦᠬᠦ ᠣᠷᠣᠨ᠎ᠳᠤ 6 ᠵᠦᠢ᠍ᠯ᠎ᠤᠨ ᠲᠥᠯᠥᠪᠯᠡᠭᠡ ᠵᠢ ᠵᠣᠬᠢᠶᠠᠨ ᠪᠠᠶ᠋ᠢᠭᠤᠯᠵᠤ
ᠬᠡᠷᠡᠭᠵᠢᠭᠦᠯᠦᠨ᠎ᠡ᠄ ᠨᠢᠭᠡ᠎ᠳᠤ ᠰᠢᠨ᠎ᠡ ᠵᠢ ᠡᠭᠦᠳᠬᠦ ᠰᠡᠳᠬᠢᠬᠦ ᠦᠷ᠎ᠡ ᠪᠦᠲᠦᠮᠵᠢ ᠵᠢ ᠤᠯᠠᠷᠢᠭᠤᠯᠬᠤ ᠪᠠ ᠨᠡᠶ᠋ᠢᠭᠡᠮ᠎ᠤᠨ ᠬᠥᠷᠥᠨᠭᠭᠡ ᠵᠢ ᠪᠦᠲᠦᠮᠵᠢᠲᠡᠶ ᠵᠣᠯᠭ᠋ᠠᠭᠤᠯᠬᠤ ᠵᠢ ᠪᠡᠶᠡᠯᠡᠭᠦᠯᠬᠦ ᠲᠤᠭᠤᠷᠢᠨ᠎ᠳᠤ᠂ 《ᠡᠭᠦᠳᠦᠭᠴᠢ ᠴᠣᠭᠴᠠᠯᠠᠭᠴᠢ ᠵᠢᠨ ᠬᠦᠰᠡᠯ ᠵᠡᠭᠦᠳᠦ᠎ᠪᠠᠨ ᠪᠡᠶᠡᠯᠡᠭᠦᠯᠬᠦ ᠲᠥᠯᠥᠪᠯᠡᠭᠡ》 ᠵᠢ ᠬᠡᠷᠡᠭᠵᠢᠭᠦᠯᠵᠦ᠂ ᠨᠢᠭᠡ ᠪᠦᠯᠦᠭ ᠵᠠᠬ᠎ᠠ ᠳᠡᠯᠭᠡᠭᠦᠷᠴᠢᠯᠡᠭᠰᠡᠨ᠂ ᠲᠤᠰᠬᠠᠢ᠌ᠵᠢᠭᠤᠯᠤᠭᠰᠠᠨ᠂ ᠬᠤᠷᠠᠮᠳᠠᠭᠤᠯᠤᠭᠰᠠᠨ᠂ ᠰᠦᠯᠵᠢᠶᠡᠵᠢᠭᠦᠯᠦᠭᠰᠡᠨ᠂ ᠵᠢᠱ᠌ᠢᠶ᠎ᠡ ᠦᠵᠡᠭᠦᠯᠬᠦ ᠴᠢᠨᠠᠷᠲᠠᠶ ᠦᠢ ᠤᠯᠠᠨ ᠵᠶ᠋ᠠᠷ ᠵᠶ᠋ᠠᠨ ᠰᠢᠨ᠎ᠡ ᠵᠢ ᠡᠭᠦᠳᠬᠦ ᠣᠷᠣᠨ ᠵᠠᠶ ᠵᠢ ᠪᠠᠢ᠌ᠭᠤᠯᠤᠨ᠎ᠠ᠃ ᠬᠣᠶᠠᠷ᠎ᠲᠤ ᠠᠳᠠᠯ ᠦᠢ᠍ᠯᠡᠰ ᠴᠤᠭᠴᠠᠯᠠᠭᠰᠠᠳ᠎ᠲᠤ ᠭᠠᠵᠠᠷ ᠲᠠᠯᠠᠪᠠᠢ ᠵᠢᠨ ᠳᠡᠮᠵᠢᠯᠭᠡ ᠦᠵᠡᠭᠦᠯᠬᠦ ᠲᠤᠭᠤᠷᠢᠨ᠎ᠳᠤ᠂ 《ᠠᠳᠠᠯ ᠦᠢ᠍ᠯᠡᠰ ᠴᠣᠭᠴᠠᠯᠠᠬᠤ ᠡᠭᠦᠷ ᠴᠤᠭᠴᠠᠯᠠᠬᠤ ᠲᠥᠯᠥᠪᠯᠡᠭᠡ》 ᠵᠢ ᠬᠡᠷᠡᠭᠵᠢᠭᠦᠯᠵᠦ᠂ ᠰᠤᠯᠠ ᠰᠡᠯᠡᠭᠦᠦ ᠡᠬᠢ ᠪᠠᠶᠠᠯᠢᠭ᠎ᠢ ᠡᠮᠬᠢᠯᠡᠨ ᠨᠡᠢ᠌ᠯᠡᠭᠦᠯᠦᠨ ᠠᠰᠢᠭᠯᠠᠵᠤ᠂ ᠠᠳᠠᠯ ᠦᠢ᠍ᠯᠡᠰ ᠴᠤᠭᠴᠠᠯᠠᠬᠤ ᠬᠦᠷᠢᠶᠡᠯᠡᠩ ᠪᠣᠯᠤᠨ ᠠᠳᠠᠯ ᠦᠢ᠍ᠯᠡᠰ ᠴᠣᠭᠴᠠᠯᠠᠬᠤ ᠵᠢᠱ᠌ᠢᠶ᠎ᠡ ᠦᠵᠡᠭᠦᠯᠬᠦ ᠰᠠᠭᠤᠷᠢᠨ ᠭᠠᠵᠠᠷ᠎ᠤᠨ ᠪᠥᠳᠥᠭᠡᠨ ᠪᠠᠶ᠋ᠢᠭᠤᠯᠤᠯᠲᠠ ᠵᠢ ᠴᠢᠩᠭ᠋ᠠᠳᠬᠠᠨ᠎ᠠ᠃ ᠭᠤᠷᠪᠠ᠎ᠳᠤ ᠬᠥᠳᠡᠯᠮᠦᠷᠢᠴᠢᠳ᠎ᠤᠨ ᠠᠳᠠᠯ ᠦᠢ᠍ᠯᠡᠰ ᠴᠣᠭᠴᠠᠯᠠᠬᠤ ᠴᠢᠳᠠᠪᠤᠷᠢ ᠵᠢ᠎ᠨᠢ ᠳᠡᠭᠡᠭᠰᠢᠯᠡᠭᠦᠯᠬᠦ ᠲᠤᠭᠤᠷᠢᠨ᠎ᠳᠤ᠂ 《ᠠᠳᠠᠯ ᠦᠢ᠍ᠯᠡᠰ ᠴᠣᠭᠴᠠᠯᠠᠬᠤ ᠵᠢ ᠳᠠᠭ᠋ᠠᠭᠤᠯᠬᠤ ᠲᠥᠯᠥᠪᠯᠡᠭᠡ》 ᠵᠢ ᠬᠡᠷᠡᠭᠵᠢᠭᠦᠯᠵᠦ᠂ ᠶᠡᠬᠡ ᠳᠡᠭᠡᠳᠦ ᠰᠤᠷᠭ᠋ᠠᠭᠤᠯᠢ ᠵᠢᠨ ᠠᠳᠠᠯ ᠦᠢ᠍ᠯᠡᠰ ᠴᠣᠭᠴᠠᠯᠠᠬᠤ ᠰᠢᠯᠢᠳᠡᠭ ᠪᠠᠭᠰᠢ ᠵᠢᠨ ᠴᠢᠳᠠᠪᠤᠷᠢᠲᠠᠨ᠎ᠤ ᠬᠥᠮᠥᠷᠭᠡ ᠪᠣᠯᠤᠨ ᠳᠡᠭᠡᠳᠦ ᠬᠢᠷᠢ ᠲᠦᠪᠰᠢᠨ ᠪᠦᠬᠦᠢ ᠠᠳᠠᠯ ᠦᠢ᠍ᠯᠡᠰ ᠴᠣᠭᠴᠠᠯᠠᠬᠤ ᠪᠣᠯᠪᠠᠰᠤᠷᠠᠭᠤᠯᠤᠯ᠎ᠤᠨ ᠪᠠᠭᠰᠢ ᠵᠢᠨ ᠡᠩᠨᠡᠭᠡ ᠵᠢ ᠪᠠᠶ᠋ᠢᠭᠤᠯᠵᠤ᠂ ᠠᠳᠠᠯ ᠦᠢ᠍ᠯᠡᠰ ᠴᠤᠭᠴᠠᠯᠠᠬᠤ ᠰᠤᠷᠭ᠋ᠠᠨ ᠬᠥᠮᠦᠵᠢᠯ ᠪᠠ ᠠᠳᠠᠯ ᠦᠢ᠍ᠯᠡᠰ ᠴᠤᠭᠴᠠᠯᠠᠬᠤ ᠪᠣᠯᠪᠠᠰᠤᠷᠠᠭᠤᠯᠤᠯ᠎ᠤᠨ ᠡᠷᠴᠢᠮ᠎ᠢ ᠨᠡᠮᠡᠭᠳᠡᠭᠦᠯᠦᠨ᠎ᠡ᠃ ᠲᠤᠢ᠍ᠷᠪᠡ᠎ᠳᠤ ᠠᠳᠠᠯ ᠦᠢ᠍ᠯᠡᠰ ᠴᠣᠭᠴᠠᠯᠠᠬᠤ ᠪᠡᠯᠡ ᠲᠣᠬᠢᠷᠠᠭᠤᠯᠬᠤ᠎ᠳᠤ ᠪᠡᠷᠬᠡᠲᠡᠢ ᠪᠠᠢ᠌ᠭ᠎ᠠ ᠠᠰᠠᠭᠤᠳᠠᠯ᠎ᠢ ᠰᠢᠢ᠍ᠳᠪᠦᠷᠢᠯᠡᠬᠦ ᠲᠤᠭᠤᠷᠢᠨ᠎ᠳᠤ᠂ 《ᠪᠡᠯᠡ ᠲᠤᠬᠢᠷᠠᠭᠤᠯᠭ᠎ᠠ ᠵᠢ ᠰᠠᠭ᠋ᠠᠳ ᠦᠭᠡᠢ ᠨᠡᠪᠲᠡᠷᠡᠭᠦᠯᠬᠦ ᠲᠥᠯᠥᠪᠯᠡᠭᠡ》 ᠵᠢ ᠬᠡᠷᠡᠭᠵᠢᠭᠦᠯᠵᠦ᠂ ᠡᠯ᠎ᠡ ᠱᠠᠲᠤᠨ᠎ᠤ ᠵᠠᠰᠠᠭ᠎ᠤᠨ ᠣᠷᠳᠣᠨ ᠠᠳᠠᠯ ᠦᠢ᠍ᠯᠡᠰ ᠴᠣᠭᠴᠠᠯᠠᠬᠤ ᠬᠥᠭᠵᠢᠭᠦᠯᠦᠯᠲᠡ ᠵᠢᠨ ᠪᠡᠯᠡ ᠮᠥᠩᠭᠥ ᠪᠠᠢ᠌ᠭᠤᠯᠬᠤ ᠵᠢᠨ ᠬᠠᠮᠲᠤ ᠨᠡᠶ᠋ᠢᠭᠡᠮ᠎ᠤᠨ ᠪᠡᠯᠡ ᠮᠥᠩᠭᠥ ᠪᠠ ᠮᠥᠩᠭᠥᠨ ᠭᠦᠢ᠍ᠯᠭᠡᠭᠡᠨ᠎ᠤ ᠬᠦᠷᠦᠨᠭᠭᠡ ᠵᠢ ᠬᠥᠲᠥᠯᠥᠨ ᠵᠢᠯᠣᠭᠣᠳᠴᠤ ᠠᠳᠠᠯ ᠦᠢ᠍ᠯᠡᠰ ᠴᠣᠭᠴᠠᠯᠠᠬᠤ ᠠᠵᠢᠯᠯᠠᠭ᠎ᠠ ᠵᠢ ᠳᠡᠮᠵᠢᠵᠦ᠂ ᠠᠳᠠᠯ ᠦᠢ᠍ᠯᠡᠰ ᠴᠣᠭᠴᠠᠯᠠᠬᠤ ᠪᠡᠯᠡ ᠣᠷᠣᠭᠤᠯᠤᠯᠲᠠ ᠵᠢᠨ ᠬᠡᠪᠴᠢᠶ᠎ᠡ ᠵᠢ ᠪᠤᠵᠠᠭ᠋ᠠᠶ᠋ᠢᠷᠠᠭᠤᠯᠵᠤ᠂ ᠠᠳᠠᠯ ᠦᠢ᠍ᠯᠡᠰ ᠴᠤᠭᠴᠠᠯᠠᠭᠰᠠᠳ᠎ᠲᠤ ᠠᠳᠠᠯ ᠦᠢ᠍ᠯᠡᠰ ᠴᠣᠭᠴᠠᠯᠠᠬᠤ ᠮᠥᠩᠭᠥᠨ ᠭᠦᠢ᠍ᠯᠭᠡᠭᠡᠨ᠎ᠤ ᠦᠢ᠍ᠯᠡᠴᠢᠯᠡᠭᠡ ᠬᠠᠩᠭ᠋ᠠᠨ᠎ᠠ᠃ ᠲᠠᠪᠤ᠎ᠳᠤ ᠣᠶᠤᠲᠠᠨ ᠵᠶ᠋ᠠᠷ ᠭᠣᠣᠯ ᠴᠣᠭᠴᠠ ᠪᠣᠯᠭ᠋ᠠᠭᠰᠠᠨ ᠵᠠᠯᠠᠭᠤᠴᠤᠳ᠎ᠤᠨ ᠠᠳᠠᠯ ᠦᠢ᠍ᠯᠡᠰ ᠴᠤᠭᠴᠠᠯᠠᠬᠤ ᠰᠢᠨ᠎ᠡ ᠵᠢ ᠡᠭᠦᠳᠬᠦ ᠰᠢᠨ᠎ᠡ ᠠᠮᠢᠵᠢᠷᠠᠯ᠎ᠤᠨ ᠬᠦᠴᠦᠨ᠎ᠢ ᠬᠦᠭᠵᠢᠭᠡᠬᠦ ᠲᠤᠭᠤᠷᠢᠨ᠎ᠳᠤ᠂ 《ᠵᠠᠯᠠᠭᠤᠴᠤᠳ᠎ᠤᠨ ᠠᠳᠠᠯ ᠦᠢ᠍ᠯᠡᠰ ᠴᠤᠭᠴᠠᠯᠠᠬᠤ ᠲᠥᠯᠥᠪᠯᠡᠭᠡ》 ᠵᠢ ᠬᠡᠷᠡᠭᠵᠢᠬᠦᠯᠵᠤ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ ᠵᠶ᠋ᠠᠷ ᠭᠣᠣᠯ ᠴᠣᠭᠴᠠ ᠪᠣᠯᠭ᠋ᠠᠭᠰᠠᠨ ᠵᠠᠯᠠᠭᠤᠴᠤᠳ᠎ᠤᠨ ᠠᠳᠠᠯ ᠦᠢ᠍ᠯᠡᠰ ᠴᠤᠭᠴᠠᠯᠠᠬᠤ ᠰᠢᠨ᠎ᠡ ᠵᠢ ᠡᠭᠦᠳᠬᠦ ᠵᠢ ᠲᠡᠳᠬᠦᠨ
ᠳᠡᠮᠵᠢᠵᠤ᠂ ᠠᠳᠠᠯ ᠦᠢ᠍ᠯᠡᠰ ᠴᠣᠭᠴᠠᠯᠠᠬᠤ ᠬᠡᠪᠴᠢᠶ᠎ᠡ ᠵᠢ ᠥᠷᠭᠡᠳᠬᠡᠵᠦ᠂ ᠠᠳᠠᠯ ᠦᠢ᠍ᠯᠡᠰ ᠴᠣᠭᠴᠠᠯᠠᠬᠤ ᠵᠢᠨ ᠠᠮᠵᠢᠯᠲᠠ ᠵᠢᠨ ᠨᠤᠷᠮ᠎ᠠ ᠵᠢ ᠳᠡᠭᠡᠭᠰᠢᠯᠡᠬᠦᠯᠦᠨ᠎ᠡ᠃ ᠵᠢᠷᠭᠤᠭ᠎ᠠ᠎ᠳᠤ ᠥᠪᠡᠷᠲᠡᠭᠡᠨ ᠵᠠᠰᠠᠬᠤ ᠣᠷᠣᠨ᠎ᠤ 《ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ ᠵᠢᠨ ᠢᠨᠵᠧᠨᠧᠷᠢᠩ》᠎ᠢ ᠨᠠᠶ᠋ᠢᠳᠠᠪᠤᠷᠢᠵᠢᠭᠤᠯᠬᠤ ᠲᠤᠭᠤᠷᠢᠨ᠎ᠳᠤ᠂ 《ᠬᠦᠴᠦ ᠶᠠᠪᠤᠭᠴᠢ ᠮᠠᠯᠴᠢᠨ ᠲᠠᠷᠢᠶᠠᠴᠢᠳ ᠨᠤᠲᠤᠭ᠎ᠲᠠᠭᠠᠨ ᠪᠤᠴᠠᠵᠤ ᠠᠳᠠᠯ ᠦᠢ᠍ᠯᠡᠰ ᠴᠣᠭᠴᠠᠯᠠᠬᠤ ᠲᠥᠯᠥᠪᠯᠡᠭᠡ》 ᠵᠢ ᠬᠡᠷᠡᠭᠵᠢᠬᠦᠯᠵᠤ᠂ ᠮᠠᠯᠵᠢᠬᠤ ᠲᠠᠷᠢᠶᠠᠯᠠᠬᠤ ᠣᠷᠣᠨ ᠢᠯᠠᠩᠭᠤᠶ᠎ᠠ ᠶᠠᠳᠠᠭᠤ ᠬᠦᠴᠢᠷᠳᠡᠯᠲᠡᠶ ᠭᠠᠵᠠᠷ ᠣᠷᠣᠨ᠎ᠤ ᠠᠳᠠᠯ ᠦᠢ᠍ᠯᠡᠰ ᠴᠣᠭᠴᠠᠯᠠᠬᠤ ᠣᠷᠴᠢᠨ ᠨᠥᠬᠥᠴᠡᠯ᠎ᠢ ᠰᠠᠢ᠌ᠵᠢᠷᠠᠭᠤᠯᠵᠤ᠂ ᠬᠦᠴᠦ ᠶᠠᠪᠤᠭᠴᠢ ᠮᠠᠯᠴᠢᠨ ᠲᠠᠷᠢᠶᠠᠴᠢᠳ ᠨᠤᠲᠤᠭ᠎ᠲᠠᠭᠠᠨ ᠪᠤᠴᠠᠵᠤ ᠠᠳᠠᠯ ᠦᠢ᠍ᠯᠡᠰ ᠴᠣᠭᠴᠠᠯᠠᠬᠤ ᠵᠢ᠎ᠨᠢ ᠲᠡᠳᠭᠦᠨ ᠳᠡᠮᠵᠢᠬᠦ ᠪᠠ ᠬᠥᠲᠥᠯᠥᠨ ᠵᠢᠯᠣᠭᠣᠳᠴᠤ᠂ ᠶᠠᠳᠠᠭᠤ ᠬᠦᠴᠢᠷᠳᠡᠯᠲᠡᠶ ᠬᠥᠳᠡᠯᠮᠦᠷᠢᠴᠢᠨ᠎ᠢ ᠤᠢ᠍ᠢ᠍ᠷ᠎ᠠ ᠬᠠᠪᠢ᠎ᠳᠤᠨᠢ ᠪᠤᠶᠤ ᠲᠤᠬᠠᠶ ᠵᠢᠨ ᠭᠠᠵᠠᠷ᠎ᠲᠤᠨᠢ ᠰᠢᠯᠵᠢᠬᠦᠯᠦᠨ ᠠᠵᠢᠯ ᠤᠯᠬᠤ ᠵᠢ ᠳᠠᠢ᠌ᠴᠢᠯᠠᠨ᠎ᠠ᠃
ᠬᠥᠲᠥᠯᠥᠭᠴᠢ᠄
《12·5》 ᠵᠢᠨ ᠬᠤᠭᠤᠴᠠᠭ᠋ᠠᠨ᠎ᠳᠤ᠂ ᠥᠪᠡᠷᠲᠡᠭᠡᠨ ᠵᠠᠰᠠᠬᠤ ᠣᠷᠣᠨ ᠠᠳᠠᠯ ᠦᠢ᠍ᠯᠡᠰ ᠴᠣᠭᠴᠠᠯᠠᠬᠤ ᠠᠵᠢᠯ ᠣᠯᠭᠣᠬᠤ ᠢᠨᠵᠧᠨᠧᠷᠢᠩ᠎ᠢ ᠬᠡᠷᠡᠭᠵᠢᠭᠦᠯᠵᠦ᠂ ᠵᠣᠬᠢᠬᠤ ᠠᠮᠵᠢᠯᠲᠠ ᠣᠯᠤᠭᠰᠠᠨ ᠪᠠᠶ᠋ᠢᠨ᠎ᠠ᠃ ᠡᠨᠡ ᠵᠢᠯ᠂ ᠥᠪᠡᠷᠲᠡᠭᠡᠨ ᠵᠠᠰᠠᠬᠤ ᠣᠷᠣᠨ ᠦᠢ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ᠂ ᠲᠦᠭ ᠲᠦᠮᠡᠨ ᠵᠶ᠋ᠠᠷ ᠵᠶ᠋ᠠᠨ ᠰᠢᠨ᠎ᠡ ᠵᠢ ᠡᠭᠦᠳᠬᠦ ᠵᠢ ᠭᠦᠨᠵᠡᠭᠡᠶ ᠲᠦᠯᠬᠢᠨ ᠠᠬᠢᠭᠤᠯᠵᠤ᠂ 《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》 ᠠᠵᠢᠯᠯᠠᠭ᠎ᠠ ᠵᠢ ᠦᠷᠨᠢᠬᠦᠯᠬᠦ᠎ᠳᠤ᠂ ᠬᠠᠮᠢᠶ᠎ᠠ ᠪᠦᠬᠦᠢ ᠲᠦᠷᠦ ᠵᠢᠨ ᠪᠤᠳᠤᠯᠭ᠎ᠠ ᠵᠢᠨ ᠲᠠᠯ᠎ᠠ᠎ᠪᠠᠷ ᠶᠠᠮᠠᠷ ᠰᠢᠨ᠎ᠡ ᠳᠤᠷᠠᠳᠤᠯᠭ᠎ᠠ ᠪᠤᠶᠤ ᠭᠢᠯᠠᠰ ᠴᠢᠭ᠋ ᠪᠠᠢ᠌ᠬᠤ ᠪᠤᠢ?
ᠯᠢᠦ ᠬᠤᠤ ᠱᠧᠩ᠄
《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》 ᠠᠵᠢᠯᠯᠠᠭ᠎ᠠ ᠵᠢ ᠡᠬᠢᠯᠡᠬᠦᠯᠦᠨ᠂ ᠵᠢᠷᠭᠤᠭ᠋ᠠᠨ ᠲᠥᠯᠥᠪᠯᠡᠭᠡ ᠵᠢ ᠬᠡᠷᠡᠭᠵᠢᠬᠦᠯᠬᠦ ᠪᠤᠯ ᠤᠯᠤᠰ ᠪᠣᠯᠤᠨ ᠥᠪᠡᠷᠲᠡᠭᠡᠨ ᠵᠠᠰᠠᠬᠤ ᠣᠷᠣᠨ᠎ᠤ ᠬᠣᠯᠪᠣᠭᠳᠠᠯ ᠪᠦᠬᠦᠢ ᠪᠢᠴᠢᠭ ᠮᠠᠲ᠋ᠧᠷᠢᠶᠠᠯ᠎ᠤᠨ ᠵᠣᠷᠢᠭ ᠰᠠᠨᠠᠭ᠎ᠠ ᠵᠢ ᠦᠨᠳᠦᠰᠦᠯᠡᠨ᠂ ᠨᠠᠶ᠋ᠢᠳᠠᠪᠤᠷᠢᠵᠢᠭᠤᠯᠬᠤ ᠴᠢᠬᠤᠯᠠᠲᠠᠢ ᠠᠵᠢᠯ᠎ᠤᠨ ᠳ᠋ᠦᠩᠨᠡᠯᠲᠡ ᠬᠤᠷᠢᠶᠠᠩᠭᠤᠶ᠋ᠢᠯᠠᠯ᠎ᠤᠨ ᠲᠤᠬᠠᠢ ᠰᠢᠨ᠎ᠡ ᠳᠤᠷᠠᠳᠤᠯᠭ᠎ᠠ ᠪᠤᠯᠤᠨ᠎ᠠ᠃ ᠵᠢᠷᠭᠤᠭ᠋ᠠᠨ ᠲᠥᠯᠥᠪᠯᠡᠭᠡ᠎ᠳᠤ᠂ ᠠᠩᠬ᠎ᠠ ᠤᠳᠠᠭ᠎ᠠ ᠳᠤᠤᠷᠠᠬᠢ ᠵᠦᠢ᠍ᠯᠡᠰ᠎ᠢ ᠳᠤᠷᠠᠳᠤᠨ ᠭᠠᠷᠭ᠋ᠠᠪᠠ᠄ 1 . ᠠᠳᠠᠯ ᠦᠢ᠍ᠯᠡᠰ ᠴᠣᠭᠴᠠᠯᠠᠬᠤ ᠪᠡᠯᠠ ᠣᠷᠣᠭᠤᠯᠤᠯᠲᠠ ᠵᠢᠨ ᠪᠠᠶ᠋ᠢᠭᠤᠯᠤᠮᠵᠢ᠂ ᠲᠤᠰᠬᠠᠶ᠋ᠢᠵᠢᠭᠰᠠᠨ ᠠᠳᠠᠯ ᠦᠢ᠍ᠯᠡᠰ ᠴᠤᠭᠴᠠᠯᠠᠬᠤ ᠦᠢ᠍ᠯᠡᠴᠢᠯᠡᠭᠡᠨ᠎ᠤ ᠪᠠᠶ᠋ᠢᠭᠤᠯᠤᠮᠵᠢ᠎ᠯᠤᠭ᠎ᠠ ᠬᠠᠮᠲᠤᠷᠠᠨ ᠠᠵᠢᠯᠯᠠᠵᠤ ᠬᠠᠮᠲᠤ᠎ᠪᠠᠷ ᠪᠠᠶ᠋ᠢᠭᠤᠯᠬᠤ᠂ ᠨᠠᠶ᠋ᠢᠳᠠᠵᠤ ᠬᠠᠮᠢᠶᠠᠷᠤᠭᠤᠯᠬᠤ ᠵᠡᠷᠭᠡ ᠵᠠᠭᠪᠤᠷᠰᠢᠯ᠎ᠢ ᠠᠪᠴᠤ᠂ ᠠᠶ᠋ᠢᠮᠠᠭ ᠬᠤᠳᠠ᠎ᠳᠤ ᠵᠠᠬ᠎ᠠ ᠳᠡᠯᠭᠡᠭᠦᠷᠴᠢᠯᠡᠭᠰᠡᠨ᠂ ᠲᠤᠰᠬᠠᠢ᠌ᠵᠢᠭᠤᠯᠤᠭᠰᠠᠨ᠂ ᠬᠤᠷᠠᠮᠳᠤᠭᠤᠯᠤᠭᠰᠠᠨ᠂ ᠰᠦᠯᠵᠢᠶᠡᠵᠢᠭᠦᠯᠦᠭᠰᠡᠨ᠂ ᠵᠢᠱ᠌ᠢᠶ᠎ᠡ ᠦᠵᠡᠭᠦᠯᠬᠦ ᠴᠢᠨᠠᠷᠲᠠᠶ ᠦᠢ ᠤᠯᠠᠨ ᠵᠶ᠋ᠠᠷ ᠵᠶ᠋ᠠᠨ ᠰᠢᠨ᠎ᠡ ᠵᠢ ᠡᠭᠦᠳᠬᠦ ᠣᠷᠣᠨ ᠵᠠᠶ ᠵᠢ 10᠎ᠠᠴᠠ ᠳᠡᠭᠡᠭᠰᠢ ᠪᠠᠢ᠌ᠭᠤᠯᠤᠨ᠎ᠠ᠃ 2 . ᠠᠳᠠᠯ ᠦᠢ᠍ᠯᠡᠰ ᠴᠤᠭᠴᠠᠯᠠᠬᠤ ᠬᠦᠷᠢᠶᠡᠯᠡᠩ ᠪᠣᠯᠤᠨ ᠠᠳᠠᠯ ᠦᠢ᠍ᠯᠡᠰ ᠴᠤᠭᠴᠠᠯᠠᠬᠤ ᠨᠡᠪᠴᠢᠭᠥᠯᠤᠤᠷ᠎ᠤᠨ ᠰᠠᠭᠤᠷᠢᠨ ᠭᠠᠵᠠᠷ᠎ᠤᠨ ᠪᠥᠳᠥᠭᠡᠨ ᠪᠠᠶ᠋ᠢᠭᠤᠯᠤᠯᠲᠠ ᠵᠢᠨ ᠰᠠᠭᠤᠷᠢᠨ ᠳᠡᠭᠡᠷ᠎ᠡ᠂ ᠲᠦᠪᠯᠡᠷᠡᠭᠦᠯᠦᠨ ᠪᠤᠯᠪᠠᠰᠤᠷᠠᠭᠤᠯᠵᠤ ᠵᠢᠭ᠋ᠠᠨ ᠵᠢᠯᠣᠭᠣᠳᠬᠤ᠂ ᠲᠥᠷᠥᠯ ᠵᠦᠢ᠍ᠯ᠎ᠢ ᠵᠤᠯᠭ᠋ᠠᠭᠤᠯᠬᠤ᠂ ᠨᠡᠪᠴᠢᠭᠦᠯᠦᠯᠭᠡᠳᠤ ᠪᠡᠯᠡ ᠲᠣᠬᠢᠷᠠᠭᠤᠯᠬᠤ ᠵᠡᠷᠭᠡ ᠦᠢ᠍ᠯᠡᠴᠢᠯᠡᠭᠡᠨ᠎ᠤ ᠴᠢᠳᠠᠮᠵᠢ ᠵᠢ ᠨᠢᠭᠡ ᠴᠤᠭᠴᠠᠵᠢᠭᠤᠯᠤᠭᠰᠠᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠵᠢᠱ᠌ᠢᠶ᠎ᠡ ᠦᠵᠡᠭᠦᠯᠬᠦ ᠴᠢᠨᠠᠷᠲᠠᠶ ᠠᠳᠠᠯ ᠦᠢ᠍ᠯᠡᠰ ᠴᠤᠭᠴᠠᠯᠠᠬᠤ ᠬᠦᠷᠢᠶᠡᠯᠡᠩ ᠪᠣᠯᠤᠨ ᠠᠳᠠᠯ ᠦᠢ᠍ᠯᠡᠰ ᠴᠤᠭᠴᠠᠯᠠᠬᠤ ᠨᠡᠪᠴᠢᠭᠥᠯᠤᠤᠷ᠎ᠤᠨ ᠰᠠᠭᠤᠷᠢᠨ ᠭᠠᠵᠠᠷ᠎ᠢ 10 ᠳᠡᠭᠡᠭᠰᠢ ᠴᠤᠭᠴᠠᠯᠠᠨ᠎ᠠ᠃ 3 . 2020 ᠣᠨ ᠪᠣᠯᠬᠤ᠎ᠳᠤ᠂ ᠨᠢᠭᠡ ᠪᠦᠯᠦᠭ ᠲᠤᠰ ᠲᠤᠰ᠎ᠤᠨ ᠣᠨᠴᠠᠯᠢᠭ᠎ᠲᠠᠢ᠂ ᠦᠢ᠍ᠯᠡᠳᠦᠯ ᠴᠢᠳᠠᠮᠵᠢ᠎ᠨᠢ ᠪᠦᠷᠢᠨ᠂ ᠵᠢᠱ᠌ᠢᠶ᠎ᠡ ᠦᠵᠡᠭᠦᠯᠦᠨ ᠳᠠᠶ᠋ᠢᠴᠢᠯᠠᠬᠤ ᠦᠢ᠍ᠯᠡᠳᠦᠯ᠎ᠲᠠᠢ ᠡᠯᠸᠺᠲᠷᠤᠨ ᠬᠤᠳᠠᠯᠳᠤᠭ᠋ᠠᠨ᠎ᠤ ᠶᠠᠪᠤᠳᠠᠯ᠎ᠤᠨ ᠠᠳᠠᠯ ᠦᠢ᠍ᠯᠡᠰ ᠴᠤᠭᠴᠠᠯᠠᠬᠤ ᠬᠦᠷᠢᠶᠡᠯᠡᠩ᠎ᠢ ᠪᠠᠢ᠌ᠭᠤᠯᠤᠨ᠎ᠠ᠃ 4 . 1000 ᠬᠥᠮᠦᠨ᠎ᠠᠴᠠ ᠳᠡᠭᠡᠭᠰᠢᠬᠢ ᠳᠡᠭᠡᠳᠦ ᠬᠢᠷᠢ ᠲᠦᠪᠰᠢᠨ ᠪᠦᠬᠦᠢ ᠠᠳᠠᠯ ᠦᠢ᠍ᠯᠡᠰ ᠴᠤᠭᠴᠠᠯᠠᠬᠤ ᠪᠣᠯᠪᠠᠰᠤᠷᠠᠭᠤᠯᠤᠯ᠎ᠤᠨ ᠪᠠᠭᠰᠢ ᠵᠢᠨ ᠡᠩᠨᠡᠭᠡ ᠵᠢ ᠪᠠᠢ᠌ᠭᠤᠯᠤᠨ᠎ᠠ᠃ 5 . ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠰᠠᠭᠤᠷᠢ ᠮᠥᠩᠭᠥ ᠵᠢ ᠲᠣᠭᠲᠠᠭ᠋ᠠᠯ ᠶᠣᠰᠣᠭ᠋ᠠᠷ ᠠᠳᠠᠯ ᠦᠢ᠍ᠯᠡᠰ ᠴᠤᠭᠴᠠᠯᠠᠬᠤ ᠳᠠᠭ᠋ᠠᠭ᠋ᠠᠯᠲᠠᠲᠤ ᠵᠢᠭᠡᠯᠡᠯᠭᠡ ᠪᠤᠯᠤᠨ ᠳᠠᠭ᠋ᠠᠭ᠋ᠠᠯᠲᠠᠲᠤ ᠰᠠᠭᠤᠷᠢ ᠮᠥᠩᠭᠥ᠎ᠳᠤ ᠵᠣᠬᠢᠰᠲᠠᠶ ᠬᠡᠷᠡᠭᠯᠡᠨ᠎ᠡ᠃
ᠬᠥᠲᠥᠯᠥᠭᠴᠢ᠄
ᠣᠳᠣᠬᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠶ ᠵᠢᠨ ᠨᠡᠮᠡᠭᠳᠡᠯ᠎ᠤᠨ ᠬᠤᠷᠳᠤᠴᠠ ᠤᠳᠠᠭ᠋ᠠᠰᠢᠷᠠᠵᠤ᠂ ᠠᠵᠢᠯ ᠣᠯᠭᠣᠬᠤ ᠠᠳᠠᠯ ᠦᠢ᠍ᠯᠡᠰ ᠴᠤᠭᠴᠠᠯᠠᠬᠤ ᠵᠢ ᠵᠣᠬᠢᠬᠤ ᠬᠡᠮᠵᠢᠶ᠎ᠡ᠎ᠪᠠᠷ ᠨᠦᠯᠦᠭᠡᠯᠡᠪᠡ᠂ 《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》᠎ᠳᠤ ᠲᠣᠭᠲᠠᠭ᠋ᠠᠭᠰᠠᠨ ᠬᠠᠷᠠᠯᠲᠠᠲᠤ ᠡᠭᠦᠷᠭᠡ᠎ᠠᠴᠠ ᠦᠵᠡᠪᠡᠯ᠂ ᠬᠣᠶ᠋ᠢᠰᠢᠳᠠ ᠵᠢᠨ ᠠᠵᠢᠯ ᠤᠯᠭᠤᠬᠤ ᠠᠳᠠᠯ ᠦᠢ᠍ᠯᠡᠰ ᠴᠣᠭᠴᠠᠯᠠᠬᠤ ᠡᠭᠦᠷᠭᠡ ᠨᠡᠯᠢᠶᠡᠳ ᠬᠠᠲᠠᠭᠤ ᠪᠡᠷᠬᠡ ᠪᠠᠢ᠌ᠨ᠎ᠠ᠂ ᠬᠥᠮᠦᠨ᠎ᠤ ᠡᠬᠢ ᠪᠠᠶᠠᠯᠢᠭ ᠨᠡᠶ᠋ᠢᠭᠡᠮ᠎ᠤᠨ ᠪᠠᠲᠤᠯᠠᠭ᠎ᠠ ᠵᠢᠨ ᠰᠠᠯᠠᠭ᠎ᠠ ᠮᠥᠴᠢᠷ᠎ᠨᠢ ᠲᠤᠯᠤᠭ᠋ᠠᠢ᠌ᠯᠠᠭᠴᠢ ᠰᠠᠯᠠᠭ᠎ᠠ ᠮᠦᠴᠢᠷ ᠪᠣᠯᠤᠭᠰᠠᠨ᠎ᠤ ᠬᠤᠪᠢ᠎ᠳᠤ᠂ ᠡᠯ᠎ᠡ ᠵᠦᠢ᠍ᠯ᠎ᠤᠨ ᠬᠠᠷᠠᠯᠲᠠᠲᠤ ᠡᠭᠦᠷᠭᠡ ᠵᠢᠨ ᠪᠡᠶᠡᠯᠡᠭᠳᠡᠯᠢ ᠦᠨᠡᠨ ᠬᠦ᠌ ᠪᠠᠲᠤᠯᠠᠬᠤ ᠵᠢᠨ ᠲᠤᠯᠠᠳᠠ᠂ ᠲᠠᠷᠠᠭ᠋ᠠᠴᠢ ᠵᠢᠨ ᠠᠯᠬᠤᠮ᠎ᠳᠤ ᠪᠠᠰᠠ ᠶᠠᠮᠠᠷ ᠶᠠᠮᠠᠷ ᠠᠷᠭ᠎ᠠ ᠬᠡᠮᠵᠢᠶ᠎ᠡ ᠠᠪᠬᠤ ᠪᠤᠢ?
ᠯᠢᠦ ᠬᠤᠤ ᠱᠧᠩ᠄
ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ ᠠᠵᠢᠯᠯᠠᠭ᠎ᠠ ᠵᠢ ᠦᠷᠨᠢᠬᠦᠯᠬᠦ ᠶᠠᠪᠤᠳᠠᠯ᠎ᠨᠢ᠂ ᠦᠢ ᠣᠯᠠᠨ ᠵᠶ᠋ᠠᠷ ᠵᠶ᠋ᠠᠨ ᠠᠳᠠᠯ ᠦᠢ᠍ᠯᠡᠰ ᠴᠣᠭᠴᠠᠯᠠᠵᠤ᠂ ᠲᠦᠭ ᠲᠦᠮᠡ᠎ᠪᠠᠷ ᠵᠶ᠋ᠠᠨ ᠰᠢᠨ᠎ᠡ ᠵᠢ ᠡᠭᠦᠳᠬᠦ ᠴᠠᠭ ᠦᠶ᠎ᠡ ᠵᠢᠨ ᠱᠠᠭ᠋ᠠᠷᠳᠠᠯᠭ᠎ᠠ ᠵᠢ ᠠᠬᠢᠭᠤᠯᠬᠤ ᠶᠠᠪᠤᠳᠠᠯ᠎ᠳᠤ ᠨᠡᠢ᠌ᠴᠡᠬᠦᠯᠵᠤ᠂ ᠰᠢᠨ᠎ᠡ ᠬᠥᠳᠡᠯᠭᠡᠭᠴᠢ ᠴᠢᠳᠠᠪᠬᠢ ᠵᠢ ᠪᠤᠢ᠌ᠵᠢᠭᠤᠯᠬᠤ᠂ ᠰᠢᠨ᠎ᠡ ᠵᠢ ᠡᠭᠦᠳᠬᠦ ᠳᠠᠯᠳᠠ ᠴᠢᠳᠠᠪᠤᠷᠢ ᠪᠤᠯᠤᠨ ᠠᠳᠠᠯ ᠦᠢ᠍ᠯᠡᠰ ᠴᠣᠭᠴᠠᠯᠠᠬᠤ ᠠᠮᠢᠵᠢᠷᠠᠯ᠎ᠤᠨ ᠬᠦᠴᠦᠨ᠎ᠢ ᠬᠦᠭᠵᠢᠬᠡᠬᠦ ᠪᠦᠲᠦᠮᠵᠢᠲᠡᠶ ᠠᠷᠭ᠎ᠠ ᠵᠠᠮ ᠪᠤᠯᠬᠤ ᠮᠦᠷᠲᠡᠭᠡᠨ ᠪᠠᠰᠠ ᠠᠵᠢᠯ ᠣᠯᠭᠣᠯᠲᠠ ᠵᠢᠨ ᠳᠠᠷᠤᠭ᠋ᠠᠰᠤ ᠵᠢ ᠨᠠᠮᠳᠠᠭᠤᠯᠬᠤ ᠴᠢᠬᠤᠯᠠ ᠭᠠᠷᠳᠠᠴᠠ ᠪᠤᠯᠤᠨ᠎ᠠ᠃ ᠳᠠᠷᠠᠭ᠋ᠠᠴᠢ ᠵᠢᠨ ᠠᠯᠬᠤᠮ᠎ᠳᠤ᠂ ᠪᠢᠳᠡ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ 《ᠠᠳᠠᠯ ᠦᠢ᠍ᠯᠡᠰ ᠴᠣᠭᠴᠠᠯᠠᠬᠤ ᠥᠪᠥᠷ ᠮᠣᠩᠭᠣᠯ》 ᠠᠵᠢᠯᠯᠠᠭ᠎ᠠ ᠵᠢᠨ ᠪᠠᠶ᠋ᠢᠷᠢᠯᠠᠭᠤᠯᠤᠯᠲᠠ ᠶᠣᠰᠣᠭ᠋ᠠᠷ᠂ ᠨᠠᠶ᠋ᠢᠳᠠᠪᠤᠷᠢᠵᠢᠭᠤᠯᠬᠤ ᠠᠵᠢᠯ᠎ᠢ ᠲᠠᠪᠤᠨ ᠲᠠᠯ᠎ᠠ᠎ᠪᠠᠷ ᠭᠣᠣᠯᠳᠠᠯᠭ᠎ᠠ᠎ᠲᠠᠢ ᠰᠠᠶ᠋ᠢᠲᠤᠷ ᠠᠳᠬᠤᠨ᠎ᠠ᠂ ᠨᠢᠭᠡ᠎ᠳᠤ ᠠᠳᠠᠯ ᠦᠢ᠍ᠯᠡᠰ ᠴᠤᠭᠴᠠᠯᠠᠬᠤ ᠵᠢ ᠲᠡᠳᠬᠦᠨ ᠳᠡᠮᠵᠢᠬᠦ ᠲᠦᠷᠦ ᠵᠢᠨ ᠪᠤᠳᠤᠯᠭ᠎ᠠ ᠵᠢ ᠪᠦᠷᠢᠨᠰᠢᠬᠦᠯᠵᠤ᠂ ᠲᠦᠷᠦ ᠵᠢᠨ ᠪᠤᠳᠤᠯᠭ᠎ᠠ ᠵᠢ ᠨᠠᠶ᠋ᠢᠳᠠᠪᠤᠷᠢᠵᠢᠭᠤᠯᠬᠤ ᠡᠷᠴᠢᠮ ᠵᠶ᠋ᠠᠨ ᠴᠢᠨᠭ᠌ᠭ᠋ᠠᠷᠠᠭᠤᠯᠤᠨ᠎ᠠ᠃ ᠬᠣᠶᠠᠷ᠎ᠲᠤ ᠠᠳᠠᠯ ᠦᠢ᠍ᠯᠡᠰ ᠴᠤᠭᠴᠠᠯᠠᠬᠤ ᠲᠠᠪᠴᠠᠩ᠎ᠤᠨ ᠪᠠᠶ᠋ᠢᠭᠤᠯᠤᠯᠲᠠ ᠵᠢ ᠴᠢᠩᠭ᠋ᠠᠳᠬᠠᠵᠤ᠂ ᠠᠳᠠᠯ ᠦᠢ᠍ᠯᠡᠰ ᠴᠣᠭᠴᠠᠯᠠᠬᠤ᠎ᠳᠤ ᠬᠦᠴᠦᠲᠡᠶ ᠲᠦᠰᠢᠭ ᠲᠤᠯᠭ᠋ᠠᠭᠤᠷᠢ ᠤᠯᠭᠤᠨ᠎ᠠ᠃ ᠭᠤᠷᠪᠠ᠎ᠳᠤ ᠮᠥᠩᠭᠥᠨ ᠭᠦᠢ᠍ᠯᠭᠡᠭᠡᠨ ᠵᠶ᠋ᠠᠷ ᠲᠡᠳᠬᠦᠨ ᠳᠡᠮᠵᠢᠬᠦ ᠲᠦᠷᠦ ᠵᠢᠨ ᠪᠤᠳᠤᠯᠭ᠎ᠠ ᠵᠢ ᠨᠠᠶ᠋ᠢᠳᠠᠪᠤᠷᠢᠵᠢᠭᠤᠯᠵᠤ᠂ ᠠᠳᠠᠯ ᠦᠢ᠍ᠯᠡᠰ ᠴᠤᠭᠴᠠᠯᠠᠬᠤ ᠪᠡᠯᠡ ᠲᠣᠬᠢᠷᠠᠭᠤᠯᠬᠤ᠎ᠳᠤ ᠬᠦᠴᠢᠷᠲᠡᠶ ᠪᠠᠢ᠌ᠭ᠎ᠠ ᠠᠰᠠᠭᠤᠳᠠᠯ᠎ᠢ ᠰᠢᠢ᠍ᠳᠪᠦᠷᠢᠯᠡᠨ᠎ᠡ᠃ ᠲᠦᠷᠪᠡ᠎ᠳᠤ ᠭᠣᠣᠯᠳᠠᠯᠭ᠎ᠠ᠎ᠲᠠᠢ ᠪᠦᠯᠦᠭᠯᠡᠯ᠎ᠤᠨ ᠠᠳᠠᠯ ᠦᠢ᠍ᠯᠡᠰ ᠴᠤᠭᠴᠠᠯᠠᠬᠤ ᠵᠢ ᠲᠡᠳᠬᠦᠨ ᠳᠡᠮᠵᠢᠵᠤ᠂ ᠠᠳᠠᠯ ᠦᠢ᠍ᠯᠡᠰ ᠴᠣᠭᠴᠠᠯᠠᠬᠤ᠎ᠪᠠᠷ ᠠᠵᠢᠯ ᠣᠯᠭᠣᠯᠲᠠ ᠵᠢ ᠳᠠᠶ᠋ᠢᠴᠢᠯᠠᠬᠤ ᠵᠢ ᠠᠬᠢᠭᠤᠯᠤᠨ᠎ᠠ᠃ ᠲᠠᠪᠤ᠎ᠳᠤ ᠠᠳᠠᠯ ᠦᠢ᠍ᠯᠡᠰ ᠴᠣᠭᠴᠠᠯᠠᠬᠤ ᠦᠢ᠍ᠯᠡᠴᠢᠯᠡᠭᠡᠨ᠎ᠤ ᠰᠢᠰᠲᠸᠮᠵᠢ ᠵᠢ ᠪᠦᠷᠢᠨᠰᠢᠬᠦᠯᠵᠤ᠂ ᠠᠳᠠᠯ ᠦᠢ᠍ᠯᠡᠰ ᠴᠣᠭᠴᠠᠯᠠᠬᠤ᠎ᠳᠤ ᠦᠢ᠍ᠯᠡᠴᠢᠯᠡᠬᠦ ᠬᠢᠷᠢ ᠲᠦᠪᠰᠢᠨ᠎ᠢ ᠳᠡᠭᠡᠭᠰᠢᠯᠡᠭᠦᠯᠦᠨ᠎ᠡ᠃
ᠬᠥᠲᠥᠯᠥᠭᠴᠢ᠄
ᠯᠢᠦ ᠲᠢᠨᠭᠬᠢᠮ᠎ᠤᠨ ᠳᠠᠷᠤᠭ᠎ᠠ ᠵᠢᠨ ᠭᠣᠶ᠋ᠢᠳᠠ ᠰᠠᠶ᠋ᠢᠬᠠᠨ ᠲᠠᠢ᠌ᠯᠪᠤᠷᠢᠯᠠᠭᠰᠠᠨ᠎ᠳᠤ ᠲᠠᠯᠠᠷᠬᠠᠵᠤ ᠪᠠᠶ᠋ᠢᠨ᠎ᠠ! ᠰᠦᠯᠵᠢᠶᠡᠨ ᠠᠨᠳᠠ ᠨᠠᠷ᠎ᠤᠨ ᠢᠳᠡᠪᠬᠢᠲᠡᠶ ᠤᠷᠤᠯᠴᠠᠭᠰᠠᠨ᠎ᠳᠤ ᠲᠠᠯᠠᠷᠬᠠᠵᠤ ᠪᠠᠢ᠌ᠨ᠎ᠠ! ᠲᠣᠰ ᠬᠤᠭᠤᠴᠠᠭ᠋ᠠᠨ᠎ᠤ ᠰᠤᠷᠪᠤᠯᠵᠢᠯᠠᠭ᠎ᠠ ᠡᠨᠳᠡ ᠬᠦᠷᠦᠭᠡᠳ ᠦᠨᠳᠦᠷᠯᠡᠯ᠎ᠡ᠂ ᠳᠠᠷᠠᠭ᠋ᠠᠴᠢ ᠵᠢᠨ ᠬᠤᠭᠤᠴᠠᠭ᠋ᠠᠨ᠎ᠳᠤ ᠪᠠᠶᠠᠷᠲᠠᠶ ᠵᠤᠯᠭ᠋ᠠᠶ᠎ᠠ!