ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠬᠦᠳᠡᠭᠡ ᠲᠤᠰᠬᠤᠨ᠎ᠤ ᠡᠵᠡᠩᠨᠡᠯᠳᠡ ᠵᠢᠨ ᠭᠤᠤᠯ ᠴᠤᠭᠴᠠ ᠵᠢ ᠳᠦᠷᠭᠡᠳᠭᠡᠨ ᠪᠤᠢ᠍ᠢ᠍ᠵᠢᠭᠤᠯᠬᠤ ᠵᠢ ᠭᠡᠷᠬᠢᠨ ᠤᠢ᠍ᠢ᠍ᠯᠠᠭ᠋ᠠᠬᠤ ᠪᠤᠢ?
ᠨᠡᠶ᠋ᠢᠲᠡᠯᠡᠭᠰᠡᠨ ᠴᠠᠭ᠄ 2015-03-26

ᠬ᠋᠊ ᠊ᠦ᠋ᠳᠡᠭᠡ ᠲᠤᠰᠬᠤᠨ᠎ᠤ ᠡᠵᠡᠩᠨᠡᠯᠳᠡ ᠵᠢᠨ ᠭᠤᠤᠯ ᠴᠤᠭᠴᠠ ᠵᠢ ᠳᠦᠷᠭᠡᠳᠭᠡᠨ ᠪᠤᠢ᠍ᠢ᠍ᠵᠢᠭᠤᠯᠬᠤ ᠵᠢ ᠭᠡᠷᠬᠢᠨ ᠤᠢ᠍ᠢ᠍ᠯᠠᠭ᠋ᠠᠬᠤ ᠪᠤᠢ?

      — — 《ᠬᠦᠳᠡᠭᠡ ᠳᠤᠰᠬᠤᠨ᠎ᠤ ᠭᠠᠵᠠᠷ ᠰᠢᠷᠦᠢ ᠵᠢᠨ ᠡᠵᠡᠩᠨᠡᠯᠳᠡ ᠵᠢᠨ ᠡᠷᠭᠡ ᠵᠢ ᠡᠮᠬᠢ ᠲᠢᠭᠯᠢᠮ᠎ᠲᠠᠢ ᠰᠢᠯᠵᠢᠬᠦᠯᠬᠦ ᠵᠢ ᠬᠦᠳᠦᠯᠦᠨ ᠵᠢᠯᠤᠭᠤᠳᠴᠤ ᠲᠠᠷᠢᠶᠠᠯᠠᠩ᠎ᠤᠨ ᠵᠤᠬᠢᠬᠤ ᠭᠡᠪᠴᠢᠶᠡᠳᠦ ᠡᠵᠡᠩᠨᠡᠯᠲᠡ ᠵᠢ ᠬᠦᠭᠵᠢᠬᠦᠯᠬᠦ ᠳᠤᠬᠠᠢ ᠰᠠᠨᠠᠯ》᠎ᠤᠨ ᠳᠠᠢ᠍ᠢ᠍ᠯᠦᠮᠵᠢ (ᠨᠢᠬᠡ)
                                            ᠲᠤᠰ ᠰᠣᠨᠢᠨ᠎ᠤ ᠰᠣᠷᠪᠤᠯᠵᠢᠯᠠᠭᠴᠢ ᠰᠢᠯᠢᠨᠭᠡᠷᠡᠯ

      ᠤᠢ᠍ᠢ᠍ᠷ᠎ᠠ᠎ᠳᠤ ᠨᠠᠮ᠎ᠤᠨ ᠲᠦᠪ ᠬᠤᠷᠢᠶ᠎ᠠ ᠪᠤᠯᠤᠨ ᠲᠦᠷᠦ ᠵᠢᠨ ᠶᠠᠪᠤᠳᠠᠯ᠎ᠤᠨ ᠬᠤᠷᠢᠶ᠎ᠠ ᠵᠢᠨ ᠠᠯᠪᠠᠨ ᠲᠢᠩᠬᠢᠮ᠎ᠠᠴᠠ 《ᠬᠦᠳᠡᠭᠡ ᠳᠤᠰᠬᠤᠨ᠎ᠤ ᠭᠠᠵᠠᠷ ᠰᠢᠷᠦᠢ ᠵᠢᠨ ᠡᠵᠡᠩᠨᠡᠯᠳᠡ ᠵᠢᠨ ᠡᠷᠭᠡ ᠵᠢ ᠡᠮᠬᠢ ᠲᠢᠭᠯᠢᠮ᠎ᠲᠠᠢ ᠰᠢᠯᠵᠢᠬᠦᠯᠬᠦ ᠵᠢ ᠬᠦᠳᠦᠯᠦᠨ ᠵᠢᠯᠤᠭᠤᠳᠴᠤ ᠲᠠᠷᠢᠶᠠᠯᠠᠩ᠎ᠤᠨ ᠵᠤᠬᠢᠬᠤ ᠭᠡᠪᠴᠢᠶᠡᠳᠦ ᠡᠵᠡᠩᠨᠡᠯᠲᠡ ᠵᠢ ᠬᠦᠭᠵᠢᠬᠦᠯᠬᠦ ᠳᠤᠬᠠᠢ ᠰᠠᠨᠠᠯ》 (ᠲᠤᠤᠷ᠎ᠠ 《ᠰᠠᠨᠠᠯ》 ᠬᠡᠵᠤ ᠲᠦᠬᠦᠮᠴᠢᠯᠡᠶ᠎ᠠ)᠎ᠢ ᠳᠠᠷᠤᠮᠠᠯᠯᠠᠨ ᠲᠠᠷᠬᠠᠭ᠋ᠠᠵᠤ᠂ 《ᠰᠢᠨ᠎ᠠ ᠮᠠᠶᠢᠭ᠎ᠤᠨ ᠲᠠᠷᠢᠶᠠᠯᠠᠩ᠎ᠤᠨ ᠡᠵᠡᠩᠨᠡᠯᠳᠡ ᠵᠢᠨ ᠭᠤᠤᠯ ᠴᠤᠭᠴᠠ ᠵᠢ ᠳᠦᠷᠭᠡᠳᠭᠡᠨ ᠪᠠᠢ᠍ᠢ᠍ᠭᠤᠯᠤᠨ᠎ᠠ》 ᠬᠡᠵᠤ ᠲᠤᠷᠠᠳᠴᠠᠢ᠃ ᠲᠠᠬᠡᠪᠡᠯ ᠮᠠᠨ᠎ᠤ ᠤᠷᠤᠨ ᠪᠤᠳᠠᠳᠤ ᠪᠠᠢ᠍ᠢ᠍ᠳᠠᠯ᠎ᠳᠠᠭᠠᠨ ᠵᠤᠬᠢᠴᠠᠭᠤᠯᠤᠨ ᠰᠢᠨ᠎ᠠ ᠮᠠᠶᠢᠭ᠎ᠤᠨ ᠲᠠᠷᠢᠶᠠᠯᠠᠩ᠎ᠤᠨ ᠡᠵᠡᠩᠨᠡᠯᠳᠡ ᠵᠢᠨ ᠭᠤᠤᠯ ᠴᠤᠭᠴᠠ ᠵᠢᠨ ᠪᠠᠢ᠍ᠢ᠍ᠭᠤᠯᠤᠯᠳᠠ ᠵᠢ ᠬᠡᠷᠬᠢᠨ ᠲᠦᠷᠬᠡᠳᠬᠡᠬᠦ ᠪᠤᠢ? ᠪᠠᠢ᠍ᠢ᠍ᠭᠤᠯᠤᠯᠳᠠ ᠵᠢᠨ ᠶᠠᠪᠤᠴᠠ᠎ᠳᠤ ᠶᠠᠭᠤ ᠵᠢ ᠠᠩᠬᠠᠷᠬᠤ ᠴᠢᠬᠤᠯᠠᠳᠠᠢ ᠪᠤᠢ? ᠡᠳᠡᠬᠡᠷ ᠠᠰᠠᠭᠤᠯᠳᠠ ᠵᠢ ᠡᠪᠤᠷᠯᠡᠨ ᠰᠤᠷᠪᠤᠯᠵᠢᠯᠠᠭᠴᠢ ᠦᠪᠦᠷ ᠮᠤᠩᠭᠤᠯ᠎ᠤᠨ ᠨᠡᠢ᠍ᠢ᠍ᠬᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠡᠢ᠍ᠢ᠍ᠬᠡᠮ᠎ᠤᠨ ᠰᠤᠳᠤᠯᠭ᠋ᠠᠨ᠎ᠤ ᠭᠠᠵᠠᠷ᠎ᠤᠨ ᠳᠡᠳ᠋ ᠳᠠᠷᠤᠭ᠎ᠠ᠂ ᠰᠤᠳᠤᠯᠤᠭᠴᠢ ᠤᠷᠤᠨᠴᠢ ᠭᠤᠸᠠᠢ ᠵᠢ ᠰᠤᠷᠪᠤᠯᠵᠢᠯᠠᠵᠤ᠂ ᠬᠠᠷᠢᠭᠤᠯᠳᠠ ᠤᠯᠬᠤ ᠵᠢ ᠵᠤᠷᠢᠯ᠎ᠠ᠃
      ᠰᠤᠷᠪᠤᠯᠵᠢᠯᠠᠭᠴᠢ᠄ 《ᠰᠠᠨᠠᠯ》᠎ᠳᠤ 《ᠭᠡᠷ ᠪᠦᠯᠢ ᠵᠢᠨ ᠡᠵᠡᠩᠨᠡᠯᠳᠡ ᠵᠢᠨ ᠰᠠᠭᠤᠷᠢ ᠦᠢ᠍ᠯᠡᠳᠦᠯ᠎ᠢ ᠪᠠᠳᠠᠷᠠᠭᠤᠯᠤᠨ᠎ᠠ》 ᠭᠡᠰᠡᠨ ᠪᠠᠢ᠍ᠢ᠍ᠨ᠎ᠠ᠃ ᠡᠨᠡ ᠲᠠᠯ᠎ᠠ᠎ᠪᠠᠷ ᠶᠠᠭᠤ ᠵᠢ ᠠᠩᠬᠠᠷᠬᠤ ᠴᠢᠬᠤᠯᠠᠳᠠᠢ ᠪᠤᠢ?
      ᠤᠷᠤᠨᠴᠢ᠄
ᠤᠳᠤᠬᠠᠨ᠎ᠳᠤ ᠮᠠᠨ᠎ᠤ ᠤᠷᠤᠨ ᠮᠠᠯᠵᠢᠬᠤ ᠲᠠᠷᠢᠶᠠᠯᠠᠬᠤ ᠤᠷᠤᠨ᠎ᠤ ᠭᠡᠷ ᠪᠦᠯᠢ ᠵᠢᠨ ᠡᠵᠡᠩᠨᠡᠯᠳᠡ ᠵᠢᠨ ᠰᠠᠭᠤᠷᠢᠨ ᠳᠡᠭᠡᠷ᠎ᠠ ᠭᠡᠪᠴᠢᠶ᠎ᠠ ᠵᠢ᠎ᠨᠢ ᠦᠷᠭᠡᠳᠭᠡᠡ᠂ ᠤᠳᠤ ᠦᠶ᠎ᠠ ᠵᠢᠨ ᠮᠠᠯ ᠠᠵᠦ ᠠᠬᠤᠢ ᠲᠠᠷᠢᠶᠠᠯᠠᠩ᠎ᠢ ᠬᠦᠴᠦᠯᠡᠨ ᠬᠦᠭᠵᠢᠬᠦᠯᠵᠤ ᠪᠤᠢ᠃ ᠶᠠᠭᠤᠨ᠎ᠤ ᠡᠮᠤᠨ᠎ᠠ 《ᠰᠠᠨᠠᠯ》᠎ᠳᠤ ᠳᠤᠷᠠᠳᠤᠭᠰᠠᠨ 《ᠳᠤᠰᠬᠠᠢ᠍ᠢ᠍ᠵᠢᠭᠰᠠᠨ᠂ ᠡᠷᠴᠢᠮᠵᠢᠭᠰᠡᠨ ᠲᠠᠷᠢᠶᠠᠯᠠᠩ ᠦᠢ᠍ᠯᠡᠳᠪᠦᠷᠢᠯᠡᠯ ᠡᠷᠬᠢᠯᠡᠳᠡᠭ ᠭᠡᠷ ᠪᠦᠯᠢ ᠵᠢᠨ ᠲᠠᠷᠢᠶᠠᠯᠠᠩ᠎ᠤᠨ ᠳᠠᠯᠠᠪᠠᠢ ᠵᠢ ᠭᠤᠤᠯᠳᠠᠯᠭ᠎ᠠ᠎ᠲᠠᠢ ᠪᠤᠢ᠍ᠢ᠍ᠵᠢᠭᠤᠯᠬᠤ》 ᠭᠡᠳᠡᠭ᠎ᠤᠨ ᠪᠠᠷᠢᠮᠵᠢᠶ᠎ᠠ ᠵᠢ ᠳᠤᠳᠤᠷᠬᠠᠢ᠍ᠢ᠍ᠯᠠᠬᠤ ᠭᠡᠷᠡᠭᠳᠡᠢ᠃ ᠭᠠᠵᠠᠷ ᠤᠷᠤᠨ᠎ᠤ ᠡᠬᠢ ᠪᠠᠶᠠᠯᠢᠭ᠎ᠤᠨ ᠪᠠᠢ᠍ᠢ᠍ᠷᠢᠰᠢᠭᠤᠯᠤᠯᠳᠠ ᠵᠢᠨ ᠠᠳᠠᠯᠢ ᠪᠤᠰᠤ ᠵᠢ ᠦᠨᠳᠤᠰᠤᠯᠡᠨ ᠶᠠᠮᠠᠷ ᠪᠠᠷᠢᠮᠵᠢᠶ᠎ᠠ᠎ᠳᠤ ᠬᠦᠷᠬᠡᠬᠦ ᠭᠡᠷ ᠪᠦᠯᠢ ᠵᠢᠨ ᠮᠠᠯᠵᠢᠯ᠎ᠤᠨ ᠳᠠᠯᠠᠪᠠᠢ ᠪᠤᠯᠤᠨ ᠲᠠᠷᠢᠶᠠᠯᠠᠩ᠎ᠤᠨ ᠳᠠᠯᠠᠪᠠᠢ ᠵᠢ 《ᠨᠠᠷᠠᠰ᠎ᠤᠨ ᠭᠠᠷᠴᠠᠭ》᠎ᠲᠤ ᠤᠷᠤᠭᠤᠯᠬᠤ ᠠᠵᠢᠯ᠎ᠢ ᠨᠠᠷᠢᠯᠢᠭ ᠬᠢᠬᠦ ᠴᠢᠬᠤᠯᠠᠳᠠᠢ᠃ ᠭᠡᠳᠦᠢ ᠭᠡᠪᠴᠢᠶ᠎ᠠ᠎ᠲᠠᠢ ᠵᠢ᠎ᠨᠢ ᠭᠡᠪᠴᠢᠶᠡᠵᠢᠭᠰᠡᠨ ᠭᠡᠵᠦ ᠳᠤᠭᠳᠠᠭ᠋ᠠᠬᠤ ᠳᠤᠬᠠᠢ ᠤᠷᠤᠨ ᠨᠤᠳᠤᠭ᠎ᠤᠨ ᠵᠠᠰᠠᠭ᠎ᠤᠨ ᠤᠷᠳᠤᠨ ᠵᠢᠴᠢ ᠮᠠᠯᠴᠢᠨ ᠲᠠᠷᠢᠶᠠᠴᠢᠨ ᠬᠠᠮᠳᠤ᠎ᠪᠠᠷ ᠶᠠᠷᠢᠯᠴᠠᠨ ᠵᠦᠪᠳᠡᠯᠴᠡᠬᠦ ᠴᠢᠬᠤᠯᠠᠳᠠᠢ ᠶᠤᠮ᠃ ᠡᠬᠦᠨ᠎ᠳᠤ ᠪᠠᠰᠠ ᠬᠢᠨᠠᠨ ᠬᠠᠮᠢᠶᠠᠷᠬᠤ ᠪᠠᠢ᠍ᠢ᠍ᠭᠤᠯᠤᠮᠵᠢ ᠵᠢ ᠪᠦᠷᠢᠨᠰᠢᠬᠦᠯᠵᠦ᠂ ᠳᠦᠪ ᠭᠤᠤᠯᠴᠢ᠎ᠪᠠᠷ ᠰᠢᠯᠭ᠋ᠠᠨ ᠳᠤᠭᠳᠠᠭ᠋ᠠᠬᠤ ᠵᠢᠨ ᠬᠠᠮᠳᠤ ᠢᠯᠡ᠎ᠪᠠᠷ ᠨᠡᠢ᠍ᠢ᠍ᠳᠡᠯᠡᠪᠡᠯ ᠰᠠᠢ᠍ᠢ᠍ᠨ᠃
      ᠰᠤᠷᠪᠤᠯᠵᠢᠯᠠᠭᠴᠢ᠄ ᠮᠠᠯᠵᠢᠬᠤ ᠤᠷᠤᠨ᠎ᠳᠤ ᠬᠠᠮᠳᠤ ᠵᠢᠨ ᠡᠵᠡᠩᠨᠡᠯᠳᠡ ᠵᠢᠨ ᠰᠢᠨ᠎ᠠ ᠬᠡᠯᠪᠡᠷᠢ ᠵᠢ ᠰᠦᠪᠡᠭᠴᠢᠯᠡᠬᠦ᠎ᠳᠤ ᠶᠠᠭᠤ ᠵᠢ ᠴᠡᠬᠡᠷᠯᠡᠬᠦ ᠪᠤᠢ?
      ᠤᠷᠤᠨᠴᠢ᠄
ᠰᠢᠨ᠎ᠠ ᠡᠵᠡᠩᠨᠡᠯᠳᠡ ᠵᠢᠨ ᠭᠤᠤᠯ ᠴᠤᠭᠴᠠ ᠵᠢ ᠪᠠᠢ᠍ᠢ᠍ᠭᠤᠯᠬᠤ ᠭᠡᠳᠡᠭ᠎ᠨᠢ ᠬᠠᠮᠤᠭ ᠶᠡᠬᠡ ᠬᠠᠤᠯᠢ ᠴᠠᠭ᠋ᠠᠵᠠ ᠵᠢᠨ ᠭᠤᠤᠯ ᠴᠤᠭᠴᠠ ᠵᠢ ᠪᠠᠢ᠍ᠢ᠍ᠭᠤᠯᠬᠤ ᠶᠠᠪᠤᠳᠠᠯ ᠮᠦᠨ᠃ ᠵᠢᠱ᠌ᠢᠶᠡᠯᠡᠪᠡᠯ ᠮᠠᠯᠴᠢᠨ ᠲᠠᠷᠢᠶᠠᠴᠢᠨ᠎ᠤ ᠪᠠᠢ᠍ᠢ᠍ᠭᠤᠯᠤᠭᠰᠠᠨ ᠬᠤᠷᠰᠢᠶ᠎ᠠ ᠪᠤᠯ ᠳᠠᠷᠤᠢ ᠬᠠᠤᠯᠢ ᠵᠢᠨ ᠡᠷᠭᠡᠳᠡᠨ ᠵᠶ᠋ᠡᠷ ᠭᠤᠤᠯ ᠴᠤᠭᠴᠠ ᠪᠤᠯᠭ᠋ᠠᠭᠰᠠᠨ ᠨᠡᠢ᠍ᠢ᠍ᠳᠡ ᠵᠢᠨ ᠦᠮᠴᠢᠯᠡᠯ᠎ᠤᠨ ᠵᠤᠬᠢᠶᠠᠨ ᠪᠠᠢ᠍ᠢ᠍ᠭᠤᠯᠤᠯᠳᠠ ᠵᠢᠨ ᠭᠡᠯᠪᠡᠷᠢ᠎ᠪᠠᠷ ᠤᠷᠤᠰᠢᠵᠦ ᠪᠤᠢ᠃ ᠡᠨᠡ ᠪᠤᠯ ᠨᠢᠬᠡ ᠵᠦᠢ᠍ᠯ᠎ᠤᠨ ᠰᠢᠨ᠎ᠠ ᠬᠡᠯᠪᠡᠷᠢ ᠵᠢᠨ ᠡᠵᠡᠩᠨᠡᠯᠳᠡ ᠵᠢᠨ ᠭᠤᠤᠯ ᠴᠤᠭᠴᠠ ᠪᠠᠢ᠍ᠢ᠍ᠭ᠎ᠠ᠃ 《ᠰᠠᠨᠠᠯ》᠎ᠳᠤ 《ᠨᠦᠬᠦᠴᠡᠯ᠎ᠲᠠᠢ ᠭᠠᠵᠠᠷ ᠤᠷᠤᠨ᠎ᠨᠢ ᠲᠠᠷᠢᠶᠠᠴᠢᠳ᠎ᠤᠨ ᠬᠦᠰᠡᠯ᠎ᠢ ᠦᠨᠳᠦᠰᠦᠯᠡᠨ ᠲᠠᠷᠢᠶᠠᠨ ᠭᠠᠵᠠᠷ᠎ᠢ ᠨᠢᠬᠡᠳᠦᠯᠳᠡᠢ ᠵᠠᠯᠭ᠋ᠠᠯᠳᠤᠭᠤᠯᠤᠨ ᠳᠡᠭᠰᠢᠯᠡᠨ ᠵᠠᠰᠠᠵᠦ᠂ ᠭᠠᠵᠠᠷ ᠰᠢᠷᠦᠢ ᠵᠢ ᠬᠤᠪᠢ᠎ᠪᠠᠷ ᠨᠤᠭᠤᠯᠤᠨ ᠬᠡᠮᠵᠢᠶᠡᠯᠡᠵᠦ᠂ ᠡᠷᠭᠡ ᠵᠢ ᠡᠷᠦᠬᠡ᠎ᠳᠤ ᠳᠤᠳᠤᠷᠬᠠᠢ᠍ᠢ᠍ᠯᠠᠨ᠂ ᠡᠵᠡᠩᠨᠡᠯᠳᠡ᠎ᠠᠴᠠ ᠤᠯᠤᠭᠰᠠᠨ ᠠᠰᠢᠬ ᠤᠷᠤᠯᠭ᠎ᠠ᠎ᠪᠠᠨ ᠤᠷᠤᠭᠤᠯᠤᠭᠰᠠᠨ ᠬᠤᠪᠢ ᠶᠤᠰᠤᠭ᠋ᠠᠷ ᠬᠤᠪᠢᠶᠠᠷᠢᠯᠠᠵᠦ ᠪᠤᠯᠤᠨ᠎ᠠ ᠁》 ᠭᠡᠵᠦ ᠪᠤᠢ᠃ ᠲᠠᠬᠡᠭᠰᠡᠬᠡᠷ ᠮᠠᠨ᠎ᠤ ᠮᠠᠯᠵᠢᠬᠤ ᠤᠷᠤᠨ᠎ᠳᠤ ᠨᠤᠳᠤᠭ ᠪᠡᠯᠴᠢᠬᠡᠷ ᠵᠶ᠋ᠡᠨ ᠭᠡᠷᠬᠢᠨ ᠬᠡᠮᠵᠢᠶᠡᠯᠡᠬᠦ ᠪᠤᠢ ᠭᠡᠬᠦ ᠠᠰᠠᠭᠤᠳᠠᠯ ᠲᠤᠷᠠᠳᠤᠭᠳᠠᠬᠤ᠎ᠨᠢ ᠵᠠᠢ᠍ᠢ᠍ᠯᠠᠰᠢ ᠦᠬᠡᠢ᠃ ᠲᠠᠷᠢᠶᠠᠨ ᠭᠠᠵᠠᠷ᠎ᠢ ᠬᠡᠮᠵᠢᠶᠡᠯᠡᠬᠦ᠎ᠳᠤ ᠬᠠᠷᠢᠴᠠᠩᠭᠤᠢ᠎ᠪᠠᠷ ᠬᠢᠯᠪᠡᠷ ᠰᠢᠬ ᠪᠠᠢ᠍ᠢ᠍ᠵᠤ᠂ ᠲᠠᠷᠢᠶᠠᠨ ᠭᠠᠵᠠᠷ᠎ᠤᠨ ᠶᠠᠰᠤ ᠴᠢᠨᠠᠷ᠎ᠢ ᠳᠤᠭᠳᠠᠭ᠋ᠠᠬᠤ᠎ᠳᠤ ᠴᠦ᠍ ᠬᠢᠯᠪᠡᠷ ᠪᠠᠢ᠍ᠢ᠍ᠳᠠᠭ ᠶᠤᠮ᠃ ᠮᠠᠯ᠎ᠤᠨ ᠪᠡᠯᠴᠢᠬᠡᠷ ᠬᠠᠷᠢᠨ ᠪᠠᠢ᠍ᠢ᠍ᠭ᠋ᠠᠯᠢ ᠵᠢᠨ ᠤᠷᠴᠢᠨ ᠠᠬᠤᠢ ᠪᠠ ᠠᠭᠤᠷ ᠠᠮᠢᠰᠬᠤᠯ᠎ᠳᠤ ᠶᠡᠬᠡ ᠨᠦᠯᠦᠬᠡᠯᠡᠭᠳᠡᠳᠡᠭ ᠪᠤᠯᠬᠤᠷ ᠨᠤᠳᠤᠭ ᠪᠡᠯᠴᠢᠬᠡᠷ᠎ᠢ ᠬᠡᠮᠵᠢᠶᠡᠯᠡᠬᠦ ᠦᠨ᠎ᠠ ᠬᠠᠩᠰᠢ ᠮᠠᠰᠢ ᠳᠤᠭᠳᠠᠪᠤᠷᠢ ᠦᠬᠡᠢ᠂ ᠰᠢᠯᠵᠢᠯᠳᠡ ᠵᠢᠨ ᠬᠤᠭᠤᠴᠠᠭ᠎ᠠ ᠤᠬᠤᠷ ᠪᠠᠢ᠍ᠢ᠍ᠵᠦ᠂ ᠮᠠᠯᠴᠢᠳ ᠴᠤ᠌ ᠨᠤᠳᠤᠭ ᠪᠡᠯᠴᠢᠬᠡᠷ᠎ᠤᠨ ᠡᠵᠡᠩᠨᠡᠯᠳᠡ ᠵᠢᠨ ᠡᠷᠬᠡ᠎ᠪᠠᠨ ᠤᠷᠳᠤ ᠬᠤᠭᠤᠴᠡᠭ᠎ᠠ᠎ᠪᠠᠷ ᠰᠢᠯᠵᠢᠬᠦᠯᠬᠦ ᠳᠤᠷ᠎ᠠ ᠦᠬᠡᠢ ᠪᠠᠢ᠍ᠢ᠍ᠳᠠᠭ᠃ ᠡᠢ᠍ᠢ᠍ᠮᠤ ᠪᠤᠯᠬᠤᠷ ᠲᠠᠷᠢᠶᠠᠨ ᠭᠠᠵᠠᠷ᠎ᠤᠨ ᠡᠵᠡᠩᠨᠡᠯᠳᠡ ᠵᠢᠨ ᠡᠷᠬᠡ ᠵᠢᠨ ᠰᠢᠯᠵᠢᠬᠦᠯᠦᠯᠳᠡ ᠵᠢ ᠮᠠᠯᠵᠢᠬᠤ ᠤᠷᠤᠨ᠎ᠳᠤ ᠦᠬᠦᠮᠡᠯ ᠵᠶ᠋ᠠᠷ ᠳᠠᠭᠤᠷᠢᠶᠠᠨ ᠬᠡᠷᠡᠭᠵᠢᠬᠦᠯᠬᠦ ᠵᠢ ᠴᠡᠬᠡᠷᠯᠡᠬᠦ ᠬᠡᠷᠡᠭᠳᠠᠢ᠃
      ᠰᠤᠷᠪᠤᠯᠵᠢᠯᠠᠭᠴᠢ᠄ ᠳᠡᠭᠡᠪᠡᠯ ᠡᠬᠦᠨ᠎ᠢ ᠦᠷᠳᠡᠭᠯᠡᠬᠦ ᠲᠤᠬᠢᠳᠠᠢ ᠠᠷᠭ᠎ᠠ ᠬᠡᠮᠵᠢᠶ᠎ᠠ ᠪᠠᠢ᠍ᠢ᠍ᠬᠤ ᠤᠤ?
      ᠤᠷᠤᠨᠴᠢ᠄
ᠮᠠᠯᠴᠢᠳ᠎ᠤᠨ ᠮᠠᠯ ᠤᠨᠤᠭ᠎ᠠ ᠵᠢ ᠬᠡᠮᠵᠢᠶᠡᠯᠡᠵᠦ ᠳᠡᠢ᠍ᠢ᠍ᠯᠬᠦ ᠪᠢᠰᠢᠤ! ᠤᠤᠯ᠎ᠤᠨ ᠪᠠᠷᠢᠭ᠋ᠠᠳᠠ ᠨᠢᠬᠡᠲᠦᠯ᠎ᠤᠨ ᠦᠶᠡᠰ᠎ᠲᠤ ᠮᠠᠯ ᠤᠨᠤᠭ᠎ᠠ᠎ᠪᠠᠷ ᠬᠤᠪᠢ ᠤᠷᠤᠭᠤᠯᠵᠦ ᠪᠠᠢ᠍ᠢ᠍ᠭᠰᠠᠨ ᠠᠮᠵᠢᠯᠳᠠ᠎ᠲᠠᠢ ᠵᠢᠱ᠌ᠢᠶ᠎ᠠ ᠤᠯᠠᠨ ᠪᠠᠢ᠍ᠢ᠍ᠭᠰᠠᠨ ᠳᠤᠯᠠ ᠡᠬᠦᠨ ᠵᠶ᠋ᠡᠷ ᠯᠠᠪᠯᠠᠯᠳᠠ ᠪᠤᠯᠭ᠋ᠠᠵᠦ ᠴᠤ᠌ ᠪᠤᠯᠤᠨ᠎ᠠ᠃ ᠨᠤᠳᠤᠭ ᠪᠡᠯᠴᠢᠬᠡᠷ᠎ᠤᠨ ᠬᠡᠮᠵᠢᠶᠡᠯᠡᠯᠳᠡ᠎ᠨᠢ ᠨᠡᠩ ᠠᠮᠢᠳᠤᠯᠢᠭ ᠪᠤᠳᠠᠳᠠᠢ ᠠᠷᠭ᠎ᠠ ᠬᠡᠮᠵᠢᠶ᠎ᠠ ᠵᠢ ᠱᠠᠭ᠋ᠠᠷᠳᠠᠳᠠᠭ᠃ ᠡᠬᠦᠨ᠎ᠢ ᠪᠤᠳᠠᠳᠠᠢ᠍ᠢ᠍ᠵᠢᠭᠤᠯᠬᠤ᠎ᠳᠤ ᠮᠠᠯᠵᠢᠬᠤ ᠤᠷᠤᠨ᠎ᠤ ᠦᠪᠡᠷ᠎ᠤᠨ ᠬᠢᠨᠢ ᠦᠪᠡᠷᠮᠢᠴᠡ ᠮᠡᠷᠭᠡᠵᠢᠯ᠎ᠤᠨ ᠡᠯᠸᠮᠸᠨ᠋ᠲ᠎ᠢ ᠬᠦᠨᠳᠦᠳᠭᠡᠵᠦ᠂ ᠠᠰᠢᠬ ᠳᠤᠰᠠ ᠵᠢ ᠬᠤᠪᠢᠶᠠᠷᠢᠯᠠᠬᠤ ᠬᠠᠷᠢᠴᠠᠯ᠎ᠢ ᠬᠦᠢ᠍ᠴᠡᠳ ᠪᠤᠳᠤᠯᠬᠢᠯᠠᠪᠠᠯ ᠵᠤᠬᠢᠨ᠎ᠠ᠃
      ᠰᠤᠷᠪᠤᠯᠵᠢᠯᠠᠭᠴᠢ᠄ 《ᠰᠠᠨᠠᠯ》᠎ᠳᠤ ᠪᠠᠰᠠ 《ᠲᠠᠷᠢᠶᠠᠴᠢᠨ ᠡᠷᠦᠬᠡ ᠵᠢᠨ ᠬᠤᠭᠤᠷᠤᠨᠳᠤᠬᠢ ᠬᠠᠮᠳᠤᠷᠠᠭᠰᠠᠨ ᠡᠵᠡᠩᠨᠡᠯᠳᠡ ᠵᠢ ᠳᠦᠷᠭᠡᠳᠭᠡᠨ ᠬᠦᠭᠵᠢᠬᠦᠯᠦᠨ᠎ᠠ》 ᠬᠡᠮᠡᠨ ᠲᠤᠷᠠᠳᠴᠦ᠂ ᠬᠦᠳᠡᠭᠡ ᠳᠤᠰᠬᠤᠨ᠎ᠤ ᠬᠤᠷᠰᠢᠭᠰᠠᠨ ᠮᠦᠩᠬᠦᠨ ᠬᠦᠢ᠍ᠯᠬᠡᠬᠡ ᠵᠢ ᠪᠤᠢ᠍ᠢ᠍ᠵᠢᠭᠤᠯᠤᠨ ᠬᠦᠭᠵᠢᠬᠦᠯᠵᠤ᠂ ᠳᠠᠷᠢᠶᠠᠴᠢᠳ᠎ᠤᠨ ᠳᠤᠰᠬᠠᠢ ᠬᠤᠷᠰᠢᠶ᠎ᠠ ᠵᠢᠨ ᠬᠤᠯᠪᠤᠭ᠋ᠠᠳᠤ ᠬᠤᠷᠰᠢᠶ᠎ᠠ ᠵᠢ ᠬᠦᠭᠵᠢᠬᠦᠯᠬᠦ ᠵᠢ ᠬᠦᠳᠦᠯᠦᠨ ᠵᠢᠯᠤᠭᠤᠳᠬᠤ ᠭᠡᠷᠡᠭᠳᠡᠢ ᠭᠡᠬᠦ ᠮᠡᠳᠦ᠎ᠪᠠᠷ ᠱᠠᠭ᠋ᠠᠷᠳᠠᠯ᠎ᠠ᠃ ᠡᠨᠡ ᠲᠤᠬᠠᠢ ᠦᠵᠡᠯᠳᠡ᠎ᠪᠠᠨ ᠶᠠᠷᠢᠬᠤ ᠤᠤ?
      ᠤᠷᠤᠨᠴᠢ᠄
ᠮᠠᠨ᠎ᠤ ᠮᠠᠯᠵᠢᠬᠤ ᠤᠷᠤᠨ᠎ᠳᠤ ᠲᠠᠩ ᠭᠠᠭᠴᠠ ᠪᠡᠶ᠎ᠠ᠎ᠪᠠᠨ ᠳᠠᠭ᠋ᠠᠭ᠋ᠠᠨ ᠮᠠᠯ ᠠᠵᠤ ᠠᠬᠤᠢ ᠡᠷᠬᠢᠯᠡᠵᠦ ᠪᠠᠢ᠍ᠢ᠍ᠭ᠎ᠠ ᠮᠠᠯᠴᠢᠨ ᠵᠤᠩᠬᠢᠯᠠᠬᠤ ᠳᠤᠭ᠎ᠠ ᠵᠢ ᠡᠵᠡᠯᠡᠵᠤ᠂ ᠮᠠᠯᠴᠢᠳ᠎ᠤᠨ ᠳᠤᠰᠬᠠᠢ ᠬᠤᠷᠰᠢᠶ᠎ᠠ ᠭᠠᠭᠴᠠᠭ᠋ᠠᠷ ᠵᠶ᠋ᠠᠨ ᠵᠠᠬ᠎ᠠ ᠳᠡᠯᠭᠡᠬᠦᠷ᠎ᠲᠤ ᠴᠡᠷᠢᠭᠯᠡᠬᠦ ᠭᠡᠭᠴᠢ ᠮᠠᠰᠢ ᠬᠦᠴᠢᠷᠳᠡᠢ ᠶᠤᠮ᠃ ᠡᠨᠡ ᠲᠠᠯ᠎ᠠ᠎ᠪᠠᠷ 《ᠰᠠᠨᠠᠯ》᠎ᠳᠤ ᠮᠠᠰᠢ ᠤᠯᠠᠨ ᠳᠦᠷᠦ ᠵᠢᠨ ᠪᠤᠳᠤᠯᠭ᠎ᠠ ᠵᠢᠨ ᠳᠡᠮᠵᠢᠯᠬᠡ ᠦᠵᠡᠬᠦᠯᠬᠦ ᠵᠢ ᠲᠤᠷᠠᠳᠴᠠᠢ᠃ ᠡᠨᠡ᠎ᠨᠢ ᠮᠠᠯᠴᠢᠳ᠎ᠤᠨ ᠳᠤᠰᠬᠠᠢ ᠬᠤᠷᠰᠢᠶ᠎ᠠ᠎ᠨᠤᠭᠤᠳ᠎ᠲᠤ ᠬᠤᠯᠪᠤᠭ᠋ᠠᠳᠤ ᠬᠤᠷᠰᠢᠶ᠎ᠠ ᠪᠠᠢ᠍ᠢ᠍ᠭᠤᠯᠤᠨ ᠵᠠᠬ᠎ᠠ ᠳᠡᠯᠭᠡᠬᠦᠷ᠎ᠲᠤ ᠴᠡᠷᠢᠭᠯᠡᠬᠦ ᠬᠤᠪᠤᠷ ᠨᠠᠨᠳᠢᠨ ᠠᠵᠠ ᠲᠤᠬᠢᠶᠠᠯ᠎ᠢ ᠤᠯᠭᠤᠪᠠ᠃ ᠡᠨᠡ ᠲᠠᠯ᠎ᠠ ᠵᠢᠨ ᠠᠵᠢᠯ᠎ᠢ ᠭᠠᠭᠴᠠ ᠵᠠᠰᠠᠭ᠎ᠤᠨ ᠤᠷᠳᠤᠨ ᠬᠢᠪᠡᠯ ᠪᠤᠯᠴᠢᠬᠠᠬᠤ ᠪᠢᠰᠢ᠂ ᠠᠳᠠᠯᠢ ᠪᠤᠰᠤ ᠲᠠᠯ᠎ᠠ ᠵᠢᠨ᠎ᠬᠢᠨ ᠦᠪᠡᠷ᠎ᠤᠨ ᠦᠵᠡᠯᠳᠡ ᠪᠠᠷᠢᠮᠳᠠᠯᠠᠯ ᠪᠠ ᠬᠦᠰᠡᠯ ᠱᠠᠭ᠋ᠠᠷᠳᠠᠯᠭ᠎ᠠ᠎ᠪᠠᠨ ᠴᠢᠯᠦᠬᠡᠳᠡᠢ ᠲᠠᠯᠬᠡᠵᠤ᠂ ᠪᠤᠰᠤᠳ᠎ᠤᠨ ᠠᠰᠢᠬ ᠳᠤᠰᠠ ᠵᠢ ᠴᠤ᠌ ᠪᠤᠳᠤᠯᠬᠢᠯᠠᠬᠤ ᠭᠡᠷᠡᠭᠳᠡᠢ ᠶᠤᠮ᠃
      ᠰᠤᠷᠪᠤᠯᠵᠢᠯᠠᠭᠴᠢ᠄ 《ᠰᠠᠨᠠᠯ》᠎ᠳᠤ 《ᠠᠵᠦ ᠠᠬᠤᠢ᠍ᠢ᠍ᠯᠠᠯᠵᠢᠭᠰᠠᠨ ᠡᠵᠡᠩᠨᠡᠯᠳᠡ᠎ᠲᠤ ᠳᠤᠬᠢᠷᠠᠬᠤ ᠤᠳᠤ ᠦᠶ᠎ᠠ ᠵᠢᠨ ᠲᠠᠷᠢᠵᠦ ᠳᠡᠵᠢᠬᠡᠬᠦ ᠦᠢ᠍ᠯᠡᠰ᠎ᠢ ᠬᠦᠭᠵᠢᠬᠦᠯᠬᠦ ᠵᠢ ᠵᠤᠷᠢᠭᠵᠢᠭᠤᠯᠤᠨ᠎ᠠ》 ᠭᠡᠵᠤ ᠲᠤᠷᠠᠳᠤᠯ᠎ᠠ᠃ ᠡᠨᠡ ᠲᠠᠯ᠎ᠠ᠎ᠪᠠᠷ ᠶᠠᠭᠤ ᠵᠢ ᠠᠩᠬᠠᠷᠴᠦ᠂ ᠶᠠᠭ᠋ᠠᠬᠢᠵᠤ ᠬᠢᠪᠡᠯ ᠵᠤᠬᠢᠬᠤ ᠪᠤᠢ?
      ᠤᠷᠤᠨᠴᠢ᠄
ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠳᠦᠬᠡᠭᠳᠡᠬᠦᠨ᠎ᠢ ᠡᠳ᠋ᠰᠢᠬᠦᠯᠦᠨ ᠪᠤᠯᠪᠠᠰᠤᠷᠠᠭᠤᠯᠵᠤ᠂ ᠬᠦᠢ᠍ᠯᠬᠡᠬᠡᠵᠤ ᠪᠤᠷᠤᠯᠠᠭᠤᠯᠬᠤ᠎ᠪᠠᠷ ᠭᠤᠤᠯ ᠪᠤᠯᠭ᠋ᠠᠭᠰᠠᠨ ᠲᠠᠭ᠋ᠠᠭᠤᠯᠤᠭᠴᠢ ᠠᠵᠤ ᠠᠬᠤᠢ᠍ᠢ᠍ᠯᠠᠯ᠎ᠢ ᠪᠤᠢ᠍ᠢ᠍ᠵᠢᠭᠤᠯᠤᠨ ᠬᠦᠭᠵᠢᠬᠦᠯᠬᠦ ᠬᠡᠷᠡᠭᠳᠠᠢ᠃ ᠲᠠᠢ᠍ᠢ᠍ᠮᠤ ᠪᠢᠰᠢ᠂ ᠬᠡᠷᠪᠡ ᠠᠵᠤ ᠠᠬᠤᠢ᠌ᠯᠠᠯ᠎ᠤᠳ ᠭᠠᠵᠠᠷ ᠰᠢᠷᠦᠢ ᠨᠦᠬᠡᠴᠡᠯᠡᠬᠦ ᠮᠡᠳᠤ ᠵᠢᠨ ᠤᠨᠳᠤᠤ ᠵᠤᠷᠢᠯᠭ᠎ᠠ᠎ᠲᠠᠢ ᠪᠤᠯᠤᠭᠰᠠᠭ᠋ᠠᠷ ᠮᠠᠯᠴᠢᠨ ᠲᠠᠷᠢᠶᠠᠴᠢᠨ᠎ᠳᠤ ᠬᠡᠮᠵᠢᠶᠡᠯᠡᠰᠢ ᠦᠬᠡᠢ ᠬᠤᠬᠢᠷᠠᠯ ᠤᠴᠠᠷᠠᠭᠤᠯᠵᠤ ᠮᠡᠳᠡᠨ᠎ᠠ᠃ ᠠᠵᠦ ᠠᠬᠤᠢ᠍ᠢ᠍ᠯᠠᠯ᠎ᠢ ᠲᠡᠳᠬᠦᠨ ᠲᠠᠮᠵᠢᠵᠤ ᠪᠠᠢ᠍ᠢ᠍ᠭ᠋ᠠᠳ ᠮᠠᠯᠴᠢᠨ ᠲᠠᠷᠢᠶᠠᠴᠢᠨ᠎ᠲᠠᠢ ᠠᠰᠢᠬ ᠳᠤᠰᠠ ᠵᠢᠨ ᠨᠢᠭᠳᠠ ᠬᠠᠷᠢᠴᠠᠭ᠎ᠠ ᠵᠢ ᠪᠠᠢ᠍ᠢ᠍ᠭᠤᠯᠵᠦ᠂ ᠬᠠᠷᠢᠯᠴᠠᠨ ᠠᠰᠢᠭᠳᠠᠢ ᠪᠦᠭᠡᠳ ᠡᠷᠭᠡ ᠳᠡᠭᠰᠢ ᠠᠷᠠᠯᠵᠢᠶᠠᠨ᠎ᠤ ᠰᠠᠭᠤᠷᠢᠨ ᠳᠡᠭᠡᠷ᠎ᠠ ᠬᠠᠤᠯᠢ ᠴᠠᠭ᠋ᠠᠵᠠ ᠵᠢᠨ ᠭᠡᠷ᠎ᠠ ᠵᠢᠨ ᠳᠦᠷᠢᠮ᠎ᠢ ᠭᠡᠷᠡᠭᠵᠢᠬᠦᠯᠬᠦ ᠭᠡᠷᠡᠭᠳᠡᠢ᠃ ᠬᠠᠷᠢᠯᠴᠠᠨ ᠠᠰᠢᠬ ᠳᠤᠰᠠ᠎ᠲᠠᠢ ᠡᠢ᠍ᠢ᠍ᠮᠤᠷᠬᠦ ᠬᠠᠷᠢᠴᠠᠭ᠎ᠠ ᠰᠠᠶᠢ ᠤᠷᠳᠤ ᠤᠳᠠᠭ᠋ᠠᠨ ᠳᠤᠭᠳᠠᠵᠦ᠂ ᠦᠷᠨᠢᠨ ᠬᠦᠭᠵᠢᠵᠤ ᠲᠠᠢ᠍ᠢ᠍ᠯᠬᠦ ᠶᠤᠮ᠃ 《ᠰᠠᠨᠠᠯ》᠎ᠳᠤ ᠲᠤᠷᠠᠳᠤᠭᠰᠠᠨ 《ᠤᠯᠠᠨ ᠭᠡᠯᠪᠡᠷᠢ ᠵᠢᠨ ᠲᠠᠷᠢᠶᠠᠯᠩ᠎ᠤᠨ ᠬᠤᠯᠢᠮᠠᠭ ᠦᠮᠴᠢᠯᠡᠯ᠎ᠤᠨ ᠠᠵᠦ ᠠᠬᠤᠢ ᠵᠢ ᠬᠦᠭᠵᠢᠬᠦᠯᠬᠦ ᠬᠡᠷᠡᠭᠳᠠᠢ》 ᠬᠡᠳᠡᠭ᠎ᠨᠢ ᠨᠡᠢ᠍ᠢ᠍ᠳᠡ ᠵᠢᠨ ᠦᠮᠴᠢᠯᠡᠯ᠎ᠳᠤ ᠬᠤᠪᠢ ᠵᠢᠨ ᠦᠮᠴᠢᠯᠡᠯ ᠪᠠᠭᠳᠠᠯᠴᠠᠭᠰᠠᠨ ᠤᠯᠠᠨ ᠬᠡᠯᠪᠡᠷᠢ ᠵᠢᠨ ᠦᠮᠴᠢᠯᠡᠯ᠎ᠤᠨ ᠬᠡᠯᠪᠡᠷᠢ ᠵᠢ ᠳᠡᠮᠵᠢᠨ ᠬᠦᠭᠵᠢᠬᠦᠯᠬᠦ ᠵᠢ ᠵᠢᠭ᠋ᠠᠵᠤ ᠪᠤᠢ᠃ ᠵᠢᠱ᠌ᠢᠶᠡᠯᠡᠪᠡᠯ᠂ ᠲᠠᠢ᠍ᠢ᠍ᠪᠤᠰᠸ ᠬᠤᠰᠢᠭᠤᠨ᠎ᠤ ᠪᠤᠤᠴᠠᠩ᠎ᠲᠤ ᠨᠢᠬᠡᠨ ᠢᠳᠡᠰᠢᠨ ᠨᠤᠭᠤᠭ᠎ᠠ ᠵᠢᠨ ᠠᠷᠠᠯᠵᠢᠶ᠎ᠠ ᠵᠢᠨ ᠨᠡᠢ᠍ᠢ᠍ᠳᠡ ᠵᠢᠨ ᠦᠮᠴᠢᠯᠡᠯ᠎ᠤᠨ ᠳᠤᠮᠤ ᠵᠠᠬ᠎ᠠ ᠳᠡᠯᠭᠡᠬᠦᠷ ᠪᠤᠢ᠃ ᠭᠡᠪᠡᠴᠤ ᠲᠠᠬᠦᠨ᠎ᠤ ᠲᠤᠳᠤᠷᠠᠬᠢ ᠮᠠᠰᠢ ᠤᠯᠠᠨ ᠵᠢᠵᠢᠭ ᠰᠠᠩ ᠬᠦᠮᠦᠷᠬᠡ᠎ᠨᠦᠭᠦᠳ᠎ᠢ ᠪᠤᠯ ᠲᠠᠪᠤ ᠭᠤᠷᠪᠠᠨ ᠲᠠᠷᠢᠶᠠᠯᠠᠬᠤ ᠡᠷᠦᠬᠡ᠎ᠠᠴᠠ ᠬᠦᠷᠦᠩᠬᠡ ᠴᠤᠭᠯᠠᠭᠤᠯᠤᠨ ᠪᠠᠢ᠍ᠢ᠍ᠭᠤᠯᠤᠭᠰᠠᠨ ᠪᠤᠶᠤ ᠳᠠᠩ ᠭᠠᠭᠴᠠ᠎ᠪᠠᠷ ᠵᠶ᠋ᠠᠨ ᠪᠡᠯᠡ ᠤᠷᠤᠭᠤᠯᠵᠦ ᠪᠠᠢ᠍ᠢ᠍ᠭᠤᠯᠤᠭᠰᠠᠨ ᠠᠵᠢ᠃ ᠡᠨᠡ ᠪᠤᠯ ᠳᠠᠷᠤᠢ ᠳᠤᠮᠤ ᠨᠡᠢ᠍ᠢ᠍ᠳᠡ ᠵᠢᠨ ᠦᠮᠴᠢᠯᠡᠯ᠎ᠤᠨ ᠠᠵᠤ ᠠᠬᠤᠢ ᠳᠤᠳᠤᠷ᠎ᠠ ᠵᠢᠵᠢᠭ ᠵᠢᠵᠢᠭ ᠬᠤᠪᠢ ᠵᠢᠨ ᠦᠮᠴᠢᠯᠡᠯ᠎ᠤᠨ ᠠᠵᠤ ᠠᠬᠤᠢ ᠲᠠᠷᠬᠠᠭᠰᠠᠨ ᠨᠢᠬᠡᠨ ᠠᠮᠵᠢᠯᠳᠠ᠎ᠲᠠᠢ ᠵᠢᠱ᠌ᠢᠶ᠎ᠠ ᠪᠤᠯᠤᠨ᠎ᠠ᠃
      ᠰᠤᠷᠪᠤᠯᠵᠢᠯᠠᠭᠴᠢ᠄ 《ᠰᠠᠨᠠᠯ》᠎ᠳᠤ 《ᠰᠢᠨ᠎ᠠ ᠮᠠᠶᠢᠭ᠎ᠤᠨ ᠲᠠᠷᠢᠶᠠᠯᠠᠩ᠎ᠤᠨ ᠡᠵᠡᠩᠨᠡᠯᠳᠡ ᠵᠢᠨ ᠭᠤᠤᠯ ᠴᠤᠭᠴᠠ ᠵᠢ ᠳᠡᠮᠵᠢᠬᠦ ᠡᠷᠴᠢᠮ ᠵᠶ᠋ᠠᠨ ᠴᠢᠩᠭ᠋ᠠᠷᠠᠭᠤᠯᠤᠨ᠎ᠠ》᠂ 《ᠦᠢ᠍ᠯᠡᠳᠪᠦᠷᠢ ᠬᠤᠳᠠᠯᠳᠤᠭ᠋ᠠᠨ᠎ᠤ ᠠᠵᠦ ᠠᠬᠤᠢ᠍ᠢ᠍ᠯᠠᠯ᠎ᠤᠨ ᠲᠠᠷᠢᠶᠠᠴᠢᠨ ᠡᠷᠦᠬᠡ ᠵᠢᠨ ᠳᠠᠭ᠋ᠠᠭ᠋ᠠᠴᠢᠯᠠᠭᠰᠠᠨ ᠭᠠᠵᠠᠷ ᠰᠢᠷᠦᠢ ᠵᠢ ᠳᠦᠷᠢᠶᠡᠰᠦᠯᠡᠬᠦ ᠵᠢ ᠬᠢᠨᠠᠨ ᠬᠠᠮᠢᠶᠠᠷᠬᠤ ᠪᠠ ᠳᠦᠭᠰᠢᠬᠦᠷᠢ ᠵᠢ ᠰᠡᠷᠭᠡᠢ᠍ᠢ᠍ᠯᠡᠬᠦ ᠵᠢ ᠴᠢᠩᠭ᠋ᠠᠳᠬᠠᠬᠤ ᠭᠡᠷᠡᠭᠳᠡᠢ》 ᠬᠡᠪᠡ᠃ ᠡᠨᠡ᠎ᠨᠢ ᠶᠠᠭᠤ ᠵᠢ ᠬᠠᠷᠡᠭᠤᠯᠵᠤ ᠪᠠᠢ᠍ᠢ᠍ᠬᠤ ᠪᠤᠢ?
      ᠤᠷᠤᠨᠴᠢ᠄
ᠳᠦᠷᠦᠯ ᠵᠦᠢ᠍ᠯ᠎ᠤᠨ ᠪᠡᠯᠡ ᠮᠦᠩᠬᠦ᠂ ᠡᠳ᠋᠎ᠤᠨ ᠵᠠᠰᠠᠭ᠂ ᠮᠦᠩᠬᠦᠨ ᠬᠦᠢ᠍ᠯᠬᠡᠬᠡᠨ ᠪᠠ ᠢᠳᠡᠬᠡᠮᠵᠢᠳᠦ ᠵᠢᠬᠡᠯᠡᠯᠬᠡ ᠵᠡᠷᠭᠡ ᠲᠠᠯ᠎ᠠ ᠵᠢᠨ ᠲᠠᠮᠵᠢᠯᠬᠡ ᠬᠦᠷᠳᠡᠬᠡᠬᠦ ᠡᠳᠡᠬᠡᠳ᠎ᠲᠤ ᠭᠡᠷ ᠪᠦᠯᠢ ᠵᠢᠨ ᠮᠠᠯᠵᠢᠯ᠎ᠤᠨ ᠲᠠᠯᠠᠪᠠᠢ ᠪᠤᠯᠤᠨ ᠲᠠᠷᠢᠶᠠᠯᠠᠩ᠎ᠤᠨ ᠳᠠᠯᠠᠪᠠᠢ᠂ ᠮᠠᠯᠴᠢᠨ ᠲᠠᠷᠢᠶᠠᠴᠢᠨ᠎ᠤ ᠲᠤᠰᠬᠠᠢ ᠬᠤᠷᠰᠢᠶ᠎ᠠ᠂ ᠲᠠᠭ᠋ᠠᠭᠤᠯᠤᠭᠴᠢ ᠠᠵᠦ ᠠᠬᠤᠢ᠍ᠢ᠍ᠯᠠᠯ᠂ ᠨᠡᠢ᠍ᠢ᠍ᠬᠡᠮ᠎ᠤᠨ ᠦᠢ᠍ᠯᠡᠴᠢᠯᠡᠭᠡᠨ᠎ᠤ ᠪᠠᠢ᠍ᠢ᠍ᠭᠤᠯᠤᠮᠵᠢ ᠵᠡᠷᠭᠡ ᠪᠠᠭᠳᠠᠵᠦ᠂ ᠳᠡᠳᠡᠨ᠎ᠳᠤ ᠳᠡᠮᠵᠢᠯᠬᠡ ᠦᠵᠡᠬᠦᠯᠬᠦ ᠡᠷᠴᠢᠮ ᠵᠶ᠋ᠠᠨ ᠴᠢᠩᠭ᠋ᠠᠷᠠᠭᠤᠯᠬᠤ ᠪᠤᠯᠤᠨ᠎ᠠ᠃ ᠡᠬᠦᠨ᠎ᠳᠤ ᠪᠠᠷᠢᠮᠵᠢᠶ᠎ᠠ᠎ᠪᠠᠨ ᠬᠡᠷᠬᠢᠨ ᠳᠤᠭᠳᠠᠭ᠋ᠠᠬᠤ᠂ ᠳᠦᠷᠦ ᠵᠢᠨ ᠪᠤᠳᠤᠯᠭ᠎ᠠ ᠵᠢᠨ ᠦᠢ᠍ᠯᠡᠳᠦᠯ᠎ᠢ ᠬᠡᠷᠬᠢᠨ ᠪᠠᠳᠠᠷᠠᠭᠤᠯᠬᠤ᠂ ᠡᠷᠭᠡ ᠳᠡᠭᠰᠢ ᠵᠢ ᠭᠡᠷᠬᠢᠨ ᠪᠡᠶᠡᠯᠡᠬᠦᠯᠬᠦ ᠵᠡᠷᠭᠡ ᠪᠤᠳᠠᠳᠠᠢ ᠠᠰᠠᠭᠤᠳᠠᠯ᠎ᠤᠳ᠎ᠢ ᠰᠢᠢ᠍ᠳᠪᠦᠷᠢᠯᠡᠬᠦ ᠵᠢᠨ ᠬᠠᠮᠳᠤ ᠵᠢᠯᠤᠭᠤᠳᠤᠮᠵᠢ ᠵᠢᠨ ᠴᠢᠨᠠᠷᠳᠠᠢ ᠵᠦᠢ᠍ᠯᠡᠰ᠎ᠢ ᠵᠦᠪ ᠪᠠᠢ᠍ᠢ᠍ᠷᠢᠰᠢᠭᠤᠯᠵᠦ᠂ ᠤᠯᠠᠨ ᠳᠦᠮᠡᠨ᠎ᠳᠤ ᠵᠦᠪ ᠵᠢᠯᠤᠭᠤᠳᠤᠮᠵᠢ ᠬᠦᠷᠳᠡᠭᠡᠬᠦ ᠴᠢᠬᠤᠯᠠᠳᠠᠢ᠃ ᠪᠠᠰᠠ ᠶᠠᠮᠠᠷ ᠠᠵᠤ ᠠᠬᠤᠢ᠍ᠢ᠍ᠯᠠᠯ᠎ᠨᠢ ᠤᠬᠤᠷ ᠬᠤᠭᠤᠴᠠᠭ᠋ᠠᠨ᠎ᠤ ᠪᠡᠯᠡ ᠴᠤᠭᠯᠠᠭᠤᠯᠬᠤ ᠳᠡᠮᠳᠡᠭᠳᠦ ᠲᠠᠷᠬᠠᠭ᠋ᠠᠵᠦ ᠪᠤᠯᠬᠤ ᠵᠡᠷᠭᠡ ᠵᠢ ᠪᠤᠳᠠᠳᠠᠢ ᠳᠤᠭᠳᠠᠭ᠋ᠠᠬᠤ ᠴᠢᠬᠤᠯᠠᠳᠠᠢ ᠰᠢᠬ ᠪᠤᠳᠤᠭᠳᠠᠵᠦ ᠪᠤᠢ᠃
     《ᠦᠢ᠍ᠯᠡᠳᠪᠦᠷᠢ ᠬᠤᠳᠠᠯᠳᠤᠭ᠋ᠠᠨ᠎ᠤ ᠠᠵᠦ ᠠᠬᠤᠢ᠍ᠢ᠍ᠯᠠᠯ᠎ᠤᠨ ᠲᠠᠷᠢᠶᠠᠴᠢᠨ ᠡᠷᠦᠬᠡ ᠵᠢᠨ ᠳᠠᠭ᠋ᠠᠭ᠋ᠠᠴᠢᠯᠠᠭᠰᠠᠨ ᠭᠠᠵᠠᠷ ᠰᠢᠷᠦᠢ ᠵᠢ ᠳᠦᠷᠢᠶᠡᠰᠦᠯᠡᠬᠦ ᠵᠢ ᠬᠢᠨᠠᠨ ᠬᠠᠮᠢᠶᠠᠷᠬᠤ ᠪᠠ ᠳᠦᠭᠰᠢᠬᠦᠷᠢ ᠵᠢ ᠰᠡᠷᠭᠡᠢ᠍ᠢ᠍ᠯᠡᠬᠦ ᠵᠢ ᠴᠢᠩᠭ᠋ᠠᠳᠬᠠᠨ᠎ᠠ》 ᠬᠡᠳᠡᠭ᠎ᠨᠢ ᠭᠤᠤᠯᠳᠠᠭᠤ ᠳᠤᠮᠤ ᠠᠵᠦ ᠠᠬᠤᠢ᠍ᠢ᠍ᠯᠠᠯ᠎ᠠᠴᠠ ᠮᠠᠯᠴᠢᠨ ᠲᠠᠷᠢᠶᠠᠴᠢᠨ᠎ᠤ ᠲᠠᠷᠢᠶᠠᠨ ᠭᠠᠵᠠᠷ᠂ ᠨᠤᠳᠤᠭ ᠪᠡᠯᠴᠢᠬᠡᠷ᠎ᠢ ᠳᠦᠷᠢᠶᠡᠰᠦᠯᠡᠭᠰᠡᠨ᠎ᠤ ᠰᠡᠬᠦᠯᠡᠷ ᠭᠡᠷᠪᠡ ᠠᠶᠤᠯ ᠳᠦᠭᠰᠢᠬᠦᠷᠢ ᠭᠠᠷᠪᠠᠯ ᠭᠡᠨ ᠬᠠᠷᠢᠭᠤᠴᠠᠬᠤ ᠳᠤᠬᠠᠢ ᠳᠤᠳᠤᠷᠬᠠᠢ ᠪᠠᠷᠢᠮᠳᠠ ᠭᠠᠷᠭ᠋ᠠᠬᠤ ᠵᠢ ᠵᠢᠭ᠋ᠠᠵᠤ ᠪᠤᠢ᠃ ᠪᠤᠳᠠᠳᠠᠢ᠎ᠪᠠᠷ ᠬᠡᠯᠡᠪᠡᠯ᠂ ᠠᠵᠦ ᠠᠬᠤᠢ᠍ᠢ᠍ᠯᠠᠯ ᠮᠠᠯᠴᠢᠨ ᠲᠠᠷᠢᠶᠠᠴᠢᠨ᠎ᠤ ᠨᠤᠳᠤᠭ ᠪᠡᠯᠴᠢᠬᠡᠷ᠂ ᠲᠠᠷᠢᠶᠠᠨ ᠭᠠᠵᠠᠷ᠎ᠢ ᠲᠦᠷᠢᠶᠠᠰᠦᠯᠡᠬᠡᠳ ᠤᠯᠠᠨ ᠵᠢᠯ ᠪᠤᠯᠤᠭᠰᠠᠨ᠎ᠤ ᠲᠠᠷᠠᠭ᠎ᠠ ᠵᠠᠬ᠎ᠠ ᠳᠡᠯᠭᠡᠬᠦᠷ᠎ᠤᠨ ᠦᠨ᠎ᠠ ᠬᠠᠩᠰᠢ ᠬᠤᠪᠢᠷᠠᠭᠰᠠᠨ ᠪᠤᠯᠪᠠᠴᠤ ᠳᠦᠷᠢᠶᠡᠰᠦᠨ ᠦᠨ᠎ᠠ ᠬᠠᠩᠰᠢ ᠬᠤᠪᠢᠷᠠᠭᠰᠠᠨ ᠦᠬᠡᠢ; ᠨᠤᠳᠤᠭ ᠪᠡᠯᠴᠢᠬᠡᠷ᠂ ᠲᠠᠷᠢᠶᠠᠨ ᠭᠠᠵᠠᠷ᠎ᠤᠨ ᠦᠨ᠎ᠠ ᠦᠰᠦᠭᠰᠡᠨ ᠪᠤᠯᠪᠠᠴᠤ ᠮᠠᠯᠴᠢᠨ ᠲᠠᠷᠢᠶᠠᠴᠢᠨ᠎ᠳᠤ ᠨᠦᠬᠦᠵᠦ ᠦᠭᠬᠦᠭᠰᠡᠨ ᠦᠬᠡᠢ ᠮᠡᠳᠤ ᠵᠢᠨ ᠠᠰᠠᠭᠤᠳᠠᠯ᠎ᠤᠳ᠎ᠢ ᠰᠢᠢ᠍ᠳᠪᠤᠷᠢᠯᠡᠬᠦ ᠪᠤᠯᠤᠨ᠎ᠠ᠃ ᠡᠬᠦᠨ᠎ᠳᠤ ᠵᠠᠰᠠᠭ᠎ᠤᠨ ᠤᠷᠳᠤᠨ᠎ᠠᠴᠠ ᠭᠠᠳᠠᠨ᠎ᠠ ᠭᠤᠷᠪᠠᠳᠤᠭ᠋ᠠᠷ ᠡᠳᠡᠭᠡᠳ ᠪᠠᠢ᠍ᠢ᠍ᠵᠦ᠂ ᠨᠡᠢ᠍ᠢ᠍ᠳᠡ ᠵᠢᠨ ᠠᠰᠠᠷᠠᠮᠵᠢ ᠵᠢᠨ ᠬᠡᠯᠪᠡᠷᠢ᠎ᠪᠠᠷ ᠬᠠᠤᠯᠢ ᠴᠠᠭ᠋ᠠᠵᠠ ᠵᠢᠨ ᠦᠢ᠍ᠯᠡᠴᠢᠯᠡᠬᠡ ᠬᠠᠩᠭ᠋ᠠᠬᠤ ᠵᠢ ᠪᠠᠳᠤᠯᠠᠪᠠᠯ ᠵᠤᠬᠢᠨ᠎ᠠ᠃ ᠭᠡᠬᠦ᠎ᠲᠡᠭᠡᠨ ᠵᠠᠰᠠᠭ᠎ᠤᠨ ᠤᠷᠳᠤᠨ᠎ᠠᠴᠠ ᠵᠠᠷᠤᠳᠠᠯ ᠮᠦᠩᠬᠦ ᠦᠭᠬᠦ ᠵᠡᠷᠭᠡ ᠠᠷᠭ᠎ᠠ᠎ᠪᠠᠷ ᠡᠳᠡᠭᠡᠷ ᠵᠤᠬᠢᠶᠠᠨ ᠪᠠᠢ᠍ᠢ᠍ᠭᠤᠯᠤᠯᠳᠠ ᠵᠢ ᠲᠠᠳᠬᠦᠨ ᠲᠠᠮᠵᠢᠬᠦ ᠴᠢᠬᠤᠯᠠᠳᠠᠢ᠃


ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠲᠠᠷᠢᠶᠠᠯᠠᠩ᠎ᠤᠨ ᠨᠡᠶ᠋ᠢᠭᠡᠮᠴᠢᠯᠡᠭᠰᠡᠨ ᠦᠢ᠍ᠯᠡᠴᠢᠯᠡᠭᠡᠨ᠎ᠤ ᠰᠢᠰᠲᠸᠮ᠎ᠢ ᠪᠠᠶ᠋ᠢᠭᠤᠯᠤᠨ ᠲᠠᠬᠦᠯᠳᠡᠷᠵᠢᠬᠦᠯᠬᠦ ᠵᠢ ᠬᠡᠷᠬᠢᠨ ᠤᠢ᠍ᠢ᠍ᠯᠠᠭ᠋ᠠᠬᠤ ᠪᠤᠢ?
ᠲᠣᠭᠲᠠᠭᠤᠨ ᠵᠶ᠋ᠠᠷ ᠨᠡᠮᠡᠭᠳᠡᠭᠦᠯᠵᠦ ᠥᠭᠡᠷᠡᠴᠢᠯᠡᠯᠲᠡ ᠵᠢ ᠠᠬᠢᠭᠤᠯᠤᠨ ᠪᠦᠲᠦᠴᠡ ᠵᠢ ᠲᠣᠬᠢᠷᠠᠭᠤᠯᠵᠤ ᠠᠷᠠᠳ᠎ᠲᠤ ᠠᠰᠢᠭ ᠬᠦᠷᠲᠡᠭᠡᠬᠦ ᠴᠢᠬᠤᠯᠠ ᠶᠡᠬᠡ ᠠᠷᠭ᠎ᠠ ᠪᠠᠷᠢᠯ᠎ᠢ ᠵᠢᠷᠤᠭ ᠵᠶ᠋ᠠᠷ ᠲᠠᠢ᠌ᠯᠬᠤ᠎ᠨᠢ
《ᠥᠪᠥᠷ ᠮᠣᠩᠭᠣᠯ᠎ᠤᠨ ᠠᠳᠠᠯ ᠦᠢ᠍ᠯᠡᠰ ᠴᠤᠭᠴᠠᠯᠠᠬᠤ ᠦᠢ᠍ᠯᠡᠴᠢᠯᠡᠭᠡᠨ᠎ᠤ ᠰᠢᠰᠲᠸᠮᠵᠢ ᠵᠢᠨ ᠪᠠᠶ᠋ᠢᠭᠤᠯᠤᠯᠲᠠ ᠵᠢ ᠤᠯᠠᠮ ᠨᠢᠭᠡ ᠠᠯᠬᠤᠮ ᠴᠢᠩᠭ᠋ᠠᠳᠬᠠᠬᠤ ᠲᠤᠬᠠᠶ ᠰᠠᠨᠠᠯ》᠎ᠤᠨ ᠲᠠᠶ᠋ᠢᠯᠤᠮᠵᠢ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠳᠣ ᠦᠶ᠎ᠡ ᠵᠢᠨ ᠦᠢ᠍ᠯᠡᠴᠢᠯᠡᠭᠡᠨ᠎ᠤ ᠦᠢ᠍ᠯᠡᠰ᠎ᠤᠨ ᠰᠲ᠋ᠣᠺ᠎ᠤᠨ ᠡᠷᠬᠡ᠎ᠪᠠᠷ ᠪᠡᠯᠡ ᠣᠷᠣᠭᠤᠯᠬᠤ ᠰᠠᠭᠤᠷᠢ ᠮᠥᠩᠭᠥ ᠵᠢᠨ ᠬᠠᠮᠢᠶᠠᠷᠤᠯᠲᠠ ᠵᠢᠨ ᠲᠦᠷ ᠬᠡᠷᠡᠭᠵᠢᠭᠦᠯᠬᠦ ᠠᠷᠭ᠎ᠠ》 ᠵᠢᠨ ᠲᠤᠬᠠᠢ ᠲᠠᠶ᠋ᠢᠯᠤᠮᠵᠢ
ᠬᠥᠳᠡᠭᠡ ᠲᠣᠰᠬᠤᠨ᠎ᠤ ᠭᠠᠵᠠᠷ ᠰᠢᠷᠤᠢ ᠳᠠᠭ᠋ᠠᠭ᠋ᠠᠴᠢᠯᠠᠬᠤ ᠬᠠᠷᠢᠴᠠᠭ᠎ᠠ ᠵᠢ ᠲᠣᠭᠲᠠᠪᠤᠷᠢᠵᠢᠭᠤᠯᠤᠨ ᠲᠡᠭᠦᠯᠳᠡᠷᠵᠢᠭᠦᠯᠬᠦ ᠵᠢ ᠬᠡᠷᠬᠢᠨ ᠣᠢ᠌ᠯᠠᠭ᠋ᠠᠬᠤ ᠪᠤᠢ?
 
            