
ᠮᠦᠩᠭᠦᠨ ᠰᠠᠷᠠᠨ ᠮᠢᠰ᠎ᠢᠶᠠᠨ ᠮᠢᠩᠭ᠋ᠠᠨ ᠤᠳᠤᠳ ᠠᠨᠢᠪᠴᠢᠭᠰᠠᠨ 11 ᠰᠠᠷ᠎ᠠ ᠵᠢᠨ 8᠎ᠤ ᠡᠪᠦᠯ᠎ᠤᠨ ᠠᠭᠤᠷ ᠤᠷᠤᠭᠰᠠᠨ ᠠᠩᠬᠠᠨ᠎ᠤ ᠰᠦᠨᠢ ᠦᠪᠦᠷ ᠮᠤᠩᠭᠤᠯ᠎ᠤᠨ ᠳᠠᠮᠢᠷ᠎ᠤᠨ ᠤᠷᠳᠤᠨ᠎ᠳᠤ ᠡᠭᠡᠰᠢᠭ ᠳᠠᠭᠤᠤ ᠬᠠᠩᠭᠢᠨᠠᠨ᠂ ᠠᠷᠪᠠᠨ ᠲ᠋ᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠬᠯᠠᠭ᠋ᠠᠨ ᠡᠬᠢᠯᠡᠲᠡᠯᠡᠬᠢ 100 ᠡᠳᠦᠷ᠎ᠢ ᠲᠤᠭ᠋ᠠᠯᠠᠨ ᠳᠡᠮᠳᠡᠭᠯᠡᠬᠦ ᠦᠳᠡᠰᠢᠯᠡᠭᠡ ᠦᠵᠡᠭᠴᠢ ᠤᠯᠠᠨ᠎ᠤ ᠠᠯᠠᠭ᠎ᠠ ᠳᠠᠰᠢᠯᠳᠠ ᠤᠤᠬᠠᠢ᠍ᠢ᠍ᠯᠠᠯᠤᠨ ᠳᠤᠮᠳᠠ ᠬᠦᠰᠢᠭᠡ᠎ᠪᠠᠨ ᠢᠷᠠᠪᠠ᠃
ᠤᠶᠠᠩᠭ᠋᠎ᠠ᠎ᠳᠤ ᠰᠠᠢ᠍ᠢ᠍ᠬᠠᠨ ᠠᠶᠠᠯᠭᠤ ᠳᠠᠭᠤᠤ᠎ᠲᠠᠢ ᠵᠡᠷᠭᠡ᠎ᠪᠠᠷ ᠳᠡᠯᠭᠡᠴᠡᠨ ᠳᠡᠭᠡᠷ᠎ᠡ ᠴᠠᠰᠤᠨ ᠰᠢᠷᠬᠡᠭ ᠪᠤᠳᠠᠷᠠᠵᠤ᠂ ᠳᠠᠢ᠍ᠢ᠍ᠰᠠᠨᠤ ᠳᠤᠮᠳᠠᠬᠢ ᠴᠠᠰᠤ ᠴᠠᠭ᠋ᠠᠨ ᠬᠤᠪᠴᠠᠰᠤ᠎ᠲᠠᠢ ᠪᠦᠵᠢᠭᠴᠢᠨᠤ ᠤᠷᠠᠨ ᠬᠦᠳᠡᠯᠭᠡᠭᠡᠨ᠂ ᠬᠦᠩᠭᠡᠨ ᠦᠰᠦᠷᠦᠯᠳᠡ᠎ᠲᠠᠢ ᠨᠡᠢ᠍ᠢ᠍ᠯᠡᠭᠡᠳ ᠬᠦᠮᠦᠰ᠎ᠲᠤ ᠮᠦᠩᠭᠦᠨ ᠡᠪᠦᠯ᠎ᠤᠨ ᠪᠠᠶᠠᠷ ᠪᠠᠶᠠᠰᠬᠤᠯᠠᠩ᠂ ᠬᠠᠰᠤᠨ ᠴᠠᠭ᠋ᠠᠨ ᠴᠠᠰᠤᠲᠤ ᠶᠢᠷᠳᠢᠨᠴᠦ ᠵᠢ ᠡᠷᠬᠡ ᠦᠭᠡᠢ ᠰᠠᠨᠠᠭᠳᠠᠭᠤᠯᠤᠨ᠎ᠠ᠃ ᠳᠠᠢ᠍ᠢ᠍ᠰᠠᠨᠤ ᠬᠠᠵᠠᠭᠤ ᠲᠠᠯ᠎ᠠ᠎ᠳᠤ ᠲᠤᠬᠯᠠᠬ᠍ᠴᠢ ᠴᠠᠰᠤᠨ ᠭᠤᠯᠭᠤᠯᠳᠠ ᠵᠢᠨ ᠲᠤᠬᠯᠠᠯᠳᠠ ᠦᠵᠡᠭᠦᠯᠵᠤ᠂ 《ᠴᠠᠰᠤ ᠮᠦᠰᠦᠨ᠎ᠤ ᠤᠷᠬᠢᠯᠦᠮ᠎ᠠ ᠰᠡᠳᠬᠢᠯᠭᠡ 》 ᠭᠡᠬᠦ ᠨᠢᠭᠡᠳᠦᠭᠡᠷ ᠲᠤᠬᠯᠠᠯᠳᠠ ᠦᠵᠡᠭᠴᠢ ᠲᠦᠮᠡᠨ ᠤ ᠬᠠᠷᠠᠭ᠎ᠠ ᠵᠢ ᠪᠤᠯᠢᠶᠠᠵᠤ ᠠᠩᠬᠠᠷᠤᠯ᠎ᠢ ᠳᠠᠳᠠᠨ ᠲᠤᠰ ᠬᠤᠭᠤᠴᠠᠭ᠋ᠠᠨ ᠤ ᠳᠠᠮᠢᠷ᠎ᠤᠨ ᠴᠤᠬᠯᠠᠭ᠋ᠠᠨ᠎ᠤ ᠦᠪᠡᠷᠮᠢᠴᠡ ᠤᠨᠴᠠᠯᠢᠭ᠂ ᠳᠠᠳᠠᠬᠤ ᠬᠦᠴᠦᠨ ᠢ ᠭᠠᠢ᠍ᠢ᠍ᠬᠠᠭᠤᠯᠪᠠ᠃
ᠤᠯᠠᠨ᠎ᠤ ᠮᠡᠳᠡᠭᠡᠵᠢ᠎ᠪᠠᠷ᠂ ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠬᠯᠠᠭ᠋ᠠᠨ ᠬᠦᠯᠦᠨ ᠪᠤᠢ᠍ᠢ᠍ᠷ ᠬᠤᠳᠠ᠎ᠪᠠᠷ ᠭᠤᠤᠯ ᠳᠠᠯᠠᠪᠠᠢ ᠪᠤᠯᠭ᠋ᠠᠨ ᠶᠠᠪᠤᠬᠳᠠᠬᠤ ᠪᠤᠯᠤᠨ᠎ᠠ᠃ ᠢᠩᠬᠢᠬᠡᠳ ᠦᠳᠡᠰᠢᠯᠡᠭᠡ ᠵᠢᠨ ᠬᠤᠶᠠᠳᠤᠭ᠋ᠠᠷ ᠲᠤᠬᠯᠠᠯᠳᠠ᠎ᠳᠤ ᠠᠨᠳᠠ ᠬᠠᠮᠳᠤᠯᠢᠭ ᠤᠨ ᠬᠢᠨ 《ᠠᠯᠳᠠᠷᠭ᠋ᠠᠨᠠ 》 ᠭᠡᠬᠦ ᠳᠠᠭᠤᠤ᠎ᠪᠠᠨ ᠡᠷᠭᠦᠵᠦ᠂ ᠦᠪᠡᠷᠮᠢᠴᠡ ᠳᠠᠭᠤᠯᠠᠯᠭ᠎ᠠ ᠵᠢᠨ ᠬᠡᠪ ᠨᠠᠮᠪᠠ᠎ᠪᠠᠷ ᠦᠵᠡᠭᠴᠢ ᠲᠦᠮᠡᠨ᠎ᠳᠤ ᠬᠦᠯᠦᠨ ᠪᠤᠢ᠍ᠢ᠍ᠷ᠎ᠤᠨ ᠤᠷᠢᠯᠭ᠎ᠠ ᠵᠢ ᠳᠠᠮᠵᠢᠭᠤᠯᠵᠤ ᠴᠢᠳᠠᠬᠰᠠᠨ ᠪᠤᠯ ᠤᠷᠤᠬᠰᠢᠯᠠᠯᠳᠤ᠂ ᠬᠦᠰᠡᠯᠡᠩ᠂ ᠠᠯᠳᠠᠨᠪᠦ᠋ᠷᠭᠦᠳ᠂ ᠰᠢᠯᠢᠨᠪᠤᠯᠤᠷ 《ᠬᠦᠯᠦᠨ ᠪᠤᠢ᠍ᠢ᠍ᠷ᠎ᠤᠨ ᠲᠠᠯ᠎ᠠ ᠨᠤᠳᠤᠭ》 ᠭᠡᠮᠡᠬᠦᠲ᠋ᠠᠭᠤᠤᠪᠠᠷ ᠵᠶ᠋ᠠᠨ ᠬᠦᠯᠦᠨ ᠪᠤᠢ᠍ᠢ᠍ᠷ᠎ᠤᠨ ᠡᠩ ᠦᠭᠡᠢ ᠦᠷᠭᠡᠨ ᠲᠠᠯ᠎ᠠ᠂ ᠴᠡᠯᠮᠡᠭ ᠬᠦᠬᠡ ᠳᠡᠭᠷᠢ᠂ ᠬᠦᠪᠦᠩ ᠴᠠᠭ᠋ᠠᠨ ᠡᠭᠦᠯᠡ᠂ᠬᠦᠪᠴᠢ ᠵᠢᠨ ᠶᠡᠬᠡ ᠤᠢ ᠰᠢᠭᠤᠢ᠂ ᠬᠦᠮᠦᠨ ᠠᠷᠠᠳ᠎ᠤᠨ ᠬᠡᠪ ᠵᠠᠩᠰᠢᠯ ᠵᠡᠷᠭᠡ ᠵᠢ ᠦᠵᠡᠭᠴᠢᠳ᠎ᠤᠨ ᠰᠡᠳᠬᠢᠯ᠎ᠳᠤ ᠰᠠᠭᠤᠭᠳᠠᠲᠠᠯᠠ ᠤᠶᠠᠩᠭ᠋ᠠᠯᠠᠵᠤ᠂ ᠦᠵᠡᠭᠴᠢᠳ᠎ᠤᠨ ᠮᠦᠩᠭᠦᠨ ᠡᠪᠦᠯ᠎ᠤᠨ ᠦᠪᠡᠳᠡᠭᠰᠢ ᠳᠠᠮᠢᠷ᠎ᠤᠨ ᠴᠤᠬᠯᠠᠭ᠋ᠠᠨ᠎ᠢ ᠬᠦᠰᠡᠨ ᠬᠦᠯᠢᠶᠡᠬᠦ ᠰᠡᠳᠬᠢᠯᠭᠡ ᠵᠢ᠎ᠨᠢ ᠴᠢᠩᠭ᠋ᠠᠯᠠᠯᠠ᠃
ᠭᠤᠴᠤ ᠰᠠᠢ᠍ᠢ᠍ᠬᠠᠨ ᠲᠤᠬᠯᠠᠯᠳᠠᠨᠤᠭᠤᠳ ᠦᠵᠡᠭᠴᠢᠳ᠎ᠤᠨ ᠪᠤᠳᠤᠯ ᠰᠡᠳᠬᠢᠯ᠎ᠢ ᠠᠷᠭ᠋ᠠᠮᠵᠢᠨᠠ᠃ ᠳᠡᠯᠭᠡᠴᠡᠨ ᠳᠡᠭᠡᠷ᠎ᠡ ᠪᠠᠰᠠ ᠲᠤᠰ ᠬᠤᠭᠤᠴᠠᠭ᠋ᠠᠨ᠎ᠤ ᠳᠠᠮᠢᠷ᠎ᠤᠨ ᠴᠤᠬᠯᠠᠭ᠋ᠠᠨ᠎ᠤ ᠪᠡᠯᠡᠳᠭᠡᠯ ᠠᠵᠢᠯ᠎ᠢ ᠳᠠᠨᠢᠯᠴᠠᠭᠤᠯᠵᠤ᠂ 《ᠪᠢᠳᠡ ᠨᠢᠭᠡᠨᠳᠡ ᠪᠡᠯᠡᠭᠡᠨ ᠪᠤᠯᠤᠬᠰᠠᠨ ᠡ!》 ᠭᠡᠬᠦ ᠲᠠᠮᠢᠷ᠎ᠤᠨ ᠴᠤᠭᠯᠠᠭ᠋ᠠᠨ᠎ᠤ ᠡᠯ᠎ᠡ ᠬᠠᠮᠢᠶ᠎ᠠ ᠪᠦᠬᠦᠢ ᠭᠠᠵᠠᠷ᠎ᠤᠨ᠎ᠬᠢᠨ᠎ᠤ ᠢᠳᠡᠭᠡᠯ ᠳᠡᠭᠦᠯᠳᠡᠷ ᠲᠤᠩᠬᠠᠭᠯᠠᠨ ᠶᠠᠷᠢᠬᠤ ᠵᠢ ᠰᠤᠨᠤᠰᠤᠬᠰᠠᠨ ᠦᠵᠡᠭᠴᠢ ᠤᠯᠠᠨ ᠨᠢᠵᠢᠭᠢᠨᠡᠳᠡᠯᠠ ᠠᠯᠠᠭ᠎ᠠ ᠳᠠᠰᠢᠵᠤ᠂ ᠲᠤᠰ ᠬᠤᠭᠤᠴᠠᠭ᠋ᠠᠨ᠎ᠤ ᠳᠠᠮᠢᠷ᠎ᠤᠨ ᠴᠤᠬᠯᠠᠭ᠋ᠠᠨ᠎ᠤ ᠪᠡᠯᠡᠳᠭᠡᠯ ᠠᠵᠢᠯ᠎ᠤᠨ ᠦᠷ᠎ᠡ ᠪᠦᠲᠦᠮᠵᠢ ᠵᠢ ᠰᠠᠢ᠍ᠢ᠍ᠰᠢᠶᠠᠨᠠ᠃
ᠳᠠᠮᠢᠷ᠎ᠤᠨ ᠴᠤᠬᠯᠠᠭ᠋ᠠᠨ ᠡᠳᠦᠷ ᠢᠷᠡᠬᠦᠶ᠎ᠡ ᠤᠢ᠍ᠢ᠍ᠷᠠᠳᠤᠵᠤ᠂ ᠳᠠᠮᠢᠷᠴᠢᠳ᠎ᠤᠨ ᠪᠤᠯᠪᠠᠰᠤᠷᠠᠯ ᠴᠦ᠍ ᠶᠠᠭ᠋ᠠᠷᠠᠯᠳᠠᠢ ᠶᠠᠪᠤᠬᠳᠠᠨ᠎ᠠ᠃ ᠦᠳᠡᠰᠢᠯᠡᠭᠡ ᠵᠢᠨ ᠠᠬᠤᠢ ᠳᠠᠯᠠᠪᠠᠢ᠎ᠳᠤ ᠪᠡᠭᠡᠵᠢᠩ᠎ᠤᠨ ᠤᠯᠢᠮᠫᠢᠺ᠎ᠤᠨ ᠳᠠᠮᠢᠷ᠎ᠤᠨ ᠴᠤᠬᠯᠠᠭ᠋ᠠᠨ᠎ᠤ ᠨᠢᠳᠤᠷᠭ᠋ᠠᠨ ᠳᠡᠮᠡᠴᠡᠭᠡᠨᠤ ᠲᠡᠷᠢᠭᠦᠨ ᠵᠠᠩ ᠰᠢᠶᠤᠤ ᠫᠢᠩ᠂ ᠳᠡᠯᠡᠬᠡᠢ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠤ ᠲᠡᠷᠢᠭᠦᠨ ᠯᠢ ᠴᠢᠶᠠᠨ᠂ ᠦᠪᠡᠷᠳᠡᠭᠡᠨ ᠵᠠᠰᠠᠬᠤ ᠤᠷᠤᠨ᠎ᠤ ᠰᠠᠬᠰᠤᠨ ᠪᠦᠮᠪᠦᠭᠡ ᠵᠢᠨ ᠨᠡᠢ᠍ᠢ᠍ᠭᠡᠮᠯᠢᠭ᠎ᠤᠨ ᠲᠡᠷᠢᠭᠦᠯᠡᠭᠴᠢ ᠪᠠᠭ᠋ᠠᠳᠤᠷ ᠵᠡᠷᠭᠡ ᠨᠡᠷᠡᠳᠦ ᠬᠦᠮᠦᠰ ᠳᠠᠮᠢᠷᠴᠢᠳ ᠵᠶ᠋ᠠᠨ ᠵᠤᠷᠢᠬ᠍ᠵᠢᠭᠤᠯᠵᠤ ᠤᠷᠮ᠎ᠠ ᠬᠠᠢ᠍ᠢ᠍ᠷᠠᠯᠠᠨ ᠬᠦᠴᠦ ᠨᠡᠮᠡᠭᠰᠡᠨ ᠵᠶ᠋ᠠᠷ ᠪᠠᠷᠠᠬᠤ ᠦᠭᠡᠢ ᠶᠤᠤ ᠮᠢᠩ᠂ ᠵᠤᠤ ᠬᠤᠩ ᠪᠦᠸᠸ᠂ ᠱᠸᠨ ᠰᠢᠤᠸᠠᠢ ᠵᠡᠷᠭᠡ ᠬᠦᠮᠦᠰ ᠪᠠᠰᠠ ᠤᠬᠤᠷ ᠹᠢᠯᠢᠮ ᠵᠶ᠋ᠠᠷ ᠬᠦᠰᠡᠯ ᠵᠦᠩᠨᠡᠯ ᠳᠡᠪᠰᠢᠭᠦᠯᠵᠠᠢ᠃
《ᠡᠷᠡᠯᠬᠡᠭᠯᠡᠨ ᠳᠡᠮᠡᠴᠡᠵᠤ᠂ ᠴᠤᠴᠠᠰᠢ ᠦᠭᠡᠢ ᠤᠷᠤᠬᠰᠢᠯᠠᠨ᠂ ᠬᠦᠴᠢᠷ ᠪᠡᠷᠬᠡ᠎ᠠᠴᠠ ᠠᠶᠤᠬᠤ ᠦᠭᠡᠢ᠂ ᠤᠷᠬᠢᠯ᠎ᠳᠤᠨᠢ ᠭᠠᠷᠬᠤ᠎ᠪᠠᠷ ᠴᠢᠷᠮᠠᠢ᠍ᠢ᠍ᠵᠤ᠂ ᠦᠪᠦᠷ ᠮᠤᠨᠭ᠌ᠭᠤᠯ᠎ᠳᠠᠭᠠᠨ ᠢᠷᠠᠭᠤ ᠠᠯᠳᠠᠷ ᠳᠡᠮᠡᠴᠡᠨ ᠤᠯᠵᠤ᠂ ᠡᠬᠡ ᠤᠯᠤᠰ᠎ᠲᠠᠭᠠᠨ ᠦᠩᠭᠡ ᠭᠡᠷᠡᠯ ᠨᠡᠮᠡᠷᠢᠯᠡᠨ᠎ᠡ ᠁》 ᠡᠨᠡ ᠪᠤᠯ ᠳᠠᠮᠢᠷᠴᠢᠳ᠎ᠤᠨ ᠡᠷᠡᠰ ᠴᠢᠩᠭ᠎ᠠ ᠳᠠᠩᠭ᠋ᠠᠷᠢᠭ ᠪᠤᠯᠤᠨ᠎ᠠ᠃
《ᠤᠯᠢᠮᠫᠢᠺ᠎ᠤᠨ ᠵᠤᠷᠢᠭ ᠰᠠᠨᠠᠭ᠎ᠠ ᠵᠢ ᠪᠠᠳᠠᠷᠠᠭᠤᠯᠵᠤ᠂ ᠰᠠᠢ᠍ᠢ᠍ᠨ ᠳᠤᠷ᠎ᠠ ᠵᠢᠨ ᠦᠢ᠍ᠯᠡᠴᠢᠯᠡᠭᠡ ᠵᠢᠨ ᠤᠨᠤᠯ᠎ᠢ ᠦᠢ᠍ᠯᠡᠳᠦᠯᠭᠡᠵᠢᠭᠦᠯᠵᠤ᠂ ᠢᠳᠡᠪᠬᠢᠳᠡᠢ ᠤᠷᠤᠬᠰᠢᠯᠠᠨ ᠬᠠᠯᠠᠭᠤᠮᠰᠤᠭ ᠵᠶ᠋ᠠᠷ ᠦᠢ᠍ᠯᠡᠴᠢᠯᠡᠵᠤ᠂ ᠴᠠᠰᠤ ᠮᠦᠰᠦᠨ᠎ᠤ ᠤᠷᠬᠢᠯᠤᠮ᠎ᠠ ᠰᠡᠳᠬᠢᠯᠭᠡ ᠵᠢ ᠬᠦᠭᠵᠢᠭᠡᠵᠤ᠂ ᠳᠤᠮᠳᠠᠳᠤ ᠵᠢᠨ ᠵᠡᠭᠦᠳᠦ ᠵᠢ ᠪᠡᠶᠡᠯᠡᠬᠦᠯᠦᠨ᠎ᠠ ᠁》 ᠭᠡᠵᠦ ᠰᠠᠢ᠍ᠢ᠍ᠨ ᠲᠤᠷᠠᠴᠤᠤᠯ ᠦᠳᠡᠰᠢᠯᠡᠭᠡ ᠵᠢᠨ ᠠᠬᠤᠢ ᠳᠠᠯᠠᠪᠠᠢ᠎ᠳᠤ ᠬᠦᠴᠦᠳᠠᠢ ᠳᠠᠩᠭ᠋ᠠᠷᠢᠭᠯᠠᠵᠠᠢ᠃
《ᠦᠪᠦᠷ ᠮᠤᠩᠭᠤᠯ ᠴᠢᠷᠮᠠᠢ!》 ᠭᠡᠬᠦ ᠳᠠᠭᠤᠤ ᠵᠢᠨ ᠳᠤᠮᠳᠠ ᠦᠳᠡᠰᠢᠯᠡᠭᠡ ᠵᠢᠨ ᠠᠬᠤᠢ ᠳᠠᠯᠠᠪᠠᠢ ᠬᠦᠭᠵᠢᠬᠦᠨ ᠪᠤᠯᠵᠤ᠂ ᠪᠦᠵᠢᠭᠴᠢᠳ᠎ᠤᠨ ᠢᠳᠡᠷᠡᠭᠦᠨ ᠬᠦᠳᠡᠯᠦᠯ᠂ ᠲᠠᠭᠤᠴᠢᠳ᠎ᠤᠨ ᠤᠷᠬᠢᠯᠤᠮ᠎ᠠ ᠰᠡᠳᠬᠢᠯᠭᠡ ᠵᠡᠷᠭᠡ᠎ᠨᠢ ᠲᠠᠯ᠎ᠠ ᠨᠤᠳᠤᠭ᠎ᠤᠨ ᠡᠯ᠎ᠡ ᠦᠨᠳᠦᠰᠦᠳᠡᠨ᠎ᠤ ᠠᠷᠠᠳ ᠲᠦᠮᠡᠨ᠎ᠤ ᠰᠡᠳᠬᠢᠯ᠎ᠤᠨ ᠳᠠᠭᠤᠨ᠎ᠢ ᠴᠢᠪᠬᠠᠳᠠᠨ ᠦᠵᠡᠭᠦᠯᠵᠠᠢ᠃ ᠲᠤᠬᠯᠠᠯᠳᠠ ᠨᠢᠭᠡᠪᠦᠷᠢ᠎ᠨᠢ ᠲᠠᠯ᠎ᠠ ᠨᠤᠳᠤᠭ᠎ᠤᠨ ᠬᠦᠪᠡᠭᠦᠳ ᠦᠬᠢᠳ᠎ᠤᠨ ᠬᠦᠴᠢᠷ ᠪᠡᠷᠬᠡᠰᠢᠶᠡᠯ᠎ᠠᠴᠠ ᠠᠶᠤᠬᠤ ᠦᠭᠡᠢ᠎ᠪᠠᠷ ᠴᠤᠴᠠᠰᠢ ᠦᠭᠡᠢ ᠤᠷᠤᠬᠰᠢᠯᠠᠵᠤ᠂ ᠵᠤᠷᠢᠬᠰᠠᠨ᠎ᠳᠠᠭᠠᠨ ᠬᠦᠷᠬᠦ ᠦᠭᠡᠢ ᠪᠤᠯ ᠪᠤᠴᠠᠬᠤ ᠦᠭᠡᠢ ᠮᠤᠨᠭ᠌ᠭᠤᠯ ᠮᠤᠷᠢᠨ᠎ᠤ ᠵᠤᠷᠢᠭ ᠰᠠᠨᠠᠭ᠎ᠠ ᠵᠢ ᠢᠯᠡᠷᠡᠭᠦᠯᠵᠤ᠂ ᠦᠪᠡᠷᠳᠡᠭᠡᠨ ᠵᠠᠰᠠᠬᠤ ᠤᠷᠤᠨ᠎ᠤ ᠦᠵᠡᠰᠭᠦᠯᠡᠩᠳᠦ ᠰᠠᠢ᠍ᠢ᠍ᠬᠠᠨ ᠦᠪᠦᠷ ᠮᠤᠨᠭ᠌ᠭᠤᠯᠢ ᠪᠠᠢ᠍ᠢ᠍ᠭᠤᠯᠵᠤ᠂ ᠠᠭᠤᠤ ᠶᠡᠬᠡ ᠳᠤᠮᠳᠠᠳᠤ ᠵᠢᠨ ᠵᠡᠭᠦᠳᠦ ᠵᠢ ᠪᠡᠶᠡᠯᠡᠭᠦᠯᠬᠦ ᠲᠤᠮᠤ ᠬᠠᠷᠠᠯᠳᠠ ᠵᠦᠭ ᠤᠷᠤᠬᠰᠢᠯᠠᠵᠤ ᠪᠠᠢ᠍ᠢ᠍ᠭ᠎ᠠ ᠴᠤᠭ ᠵᠢᠪᠬᠤᠭ᠋ᠠᠲᠤ ᠪᠠᠢ᠍ᠢ᠍ᠳᠠᠯ᠎ᠢ ᠬᠠᠷᠠᠭᠤᠯᠤᠨ᠎ᠠ᠃ ᠦᠵᠡᠭᠴᠢ ᠲᠦᠮᠡᠨ ᠦᠪᠦᠷ ᠮᠤᠨᠭ᠌ᠭᠤᠯ᠎ᠤᠨ ᠦᠪᠡᠷᠮᠢᠴᠡ ᠦᠨᠳᠦᠰᠦᠳᠡᠨ᠎ᠤ ᠬᠡᠪ ᠵᠠᠩᠰᠢᠯ᠎ᠢ ᠮᠡᠳᠡᠷᠡᠭᠰᠡᠨ ᠵᠶ᠋ᠠᠷ ᠪᠠᠷᠠᠬᠤ ᠦᠭᠡᠢ᠂ ᠰᠢᠨ᠎ᠡ ᠴᠠᠭ ᠦᠶ᠎ᠡ᠎ᠳᠤ ᠡᠷᠡᠯᠬᠡᠭᠯᠡᠨ ᠤᠷᠤᠬᠰᠢᠯᠠᠬᠤ ᠵᠢᠷᠤᠭᠡᠨ ᠴᠤᠬᠢᠯᠠᠭ᠎ᠠ ᠵᠢ ᠴᠦ᠍ ᠮᠡᠳᠡᠷᠡᠭᠰᠡᠨ ᠶᠤᠮ᠃
ᠦᠩᠭᠡ ᠦᠩᠭᠡ᠎ᠪᠠᠷ ᠲᠤᠶᠠᠭ᠋ᠠᠷᠠᠬᠤ ᠳᠠᠢ᠍ᠢ᠍ᠰᠠᠨᠠ 《ᠰᠢᠨ᠎ᠡ ᠴᠠᠭ ᠦᠶ᠎ᠡ ᠵᠢᠨ ᠮᠠᠬᠳᠠᠭᠤ》 ᠭᠡᠬᠦ ᠴᠤᠬᠯᠢᠭ ᠠᠶᠠᠰ᠎ᠲᠠᠢ ᠠᠭᠤᠳᠠᠮ ᠳᠠᠯᠠᠪᠠᠢ ᠵᠢᠨ ᠪᠦᠵᠢᠭ᠎ᠲᠠᠢ ᠬᠠᠮᠳᠤ᠂ ᠳᠠᠭᠤᠴᠢᠨ ᠤᠯᠠᠭ᠋ᠠᠨᠳᠤᠶᠠᠭᠠ ᠤᠶᠠᠩᠭ᠋ᠠᠲᠤ ᠳᠠᠭᠤᠤ᠎ᠪᠠᠷ ᠵᠶ᠋ᠠᠨ ᠦᠵᠡᠭᠴᠢ ᠤᠯᠠᠨ᠎ᠤ ᠠᠯᠠᠭ᠎ᠠ ᠳᠠᠰᠢᠯᠳᠠ᠂ ᠤᠤᠬᠠᠢ ᠬᠠᠰᠬᠢᠷᠤᠯ᠎ᠤᠨ ᠳᠤᠮᠳᠠ ᠦᠳᠡᠰᠢᠯᠡᠭᠡ ᠵᠢ ᠤᠷᠬᠢᠯ᠎ᠳᠤᠨᠢ ᠬᠦᠷᠭᠡᠵᠠᠢ᠃
ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠬᠯᠠᠭ᠋ᠠᠨ ᠴᠠᠭ ᠢᠮᠠᠬᠳᠠ ᠪᠦᠬᠦ ᠤᠯᠤᠰ᠎ᠤᠨ ᠠᠷᠠᠳ ᠲᠦᠮᠡᠨ᠎ᠤ ᠰᠡᠳᠬᠢᠯ ᠵᠢᠷᠦᠬᠡ ᠵᠢ ᠳᠠᠳᠠᠵᠤ᠂ ᠲᠦᠷᠪᠡᠨ ᠵᠦᠭ ᠨᠠᠢ᠍ᠮᠠᠨ ᠵᠤᠪᠬᠢᠰ᠎ᠠᠴᠠ ᠬᠠᠪᠰᠤᠷᠤᠨ ᠳᠡᠮᠵᠢᠨ᠎ᠠ᠃ ᠳᠡᠯᠭᠡᠴᠡᠨ ᠳᠡᠭᠡᠷ᠎ᠡ ᠪᠦᠬᠦ ᠤᠯᠤᠰ᠎ᠤᠨ ᠡᠯ᠎ᠡ ᠭᠠᠵᠠᠷ᠎ᠠᠴᠠ ᠢᠯᠡᠭᠡᠭᠰᠡᠨ ᠬᠦᠰᠡᠯ ᠵᠦᠩᠨᠡᠯᠢ ᠦᠵᠡᠭᠦᠯᠵᠤ᠂ ᠲᠤᠬᠠᠢ ᠵᠢᠨ ᠳᠠᠯᠠᠪᠠᠢ ᠵᠢᠨ ᠬᠡᠢ᠍ᠢ᠍ᠴᠢᠨ ᠵᠤᠴᠢᠨ᠂ ᠲᠤᠬᠯᠠᠬ᠍ᠴᠢ ᠵᠢᠴᠢ ᠦᠵᠡᠭᠴᠢᠳ ᠢᠨᠢᠶᠡᠳᠦ ᠪᠠᠶᠠᠷ᠂ ᠠᠯᠠᠭ᠎ᠠ ᠳᠠᠰᠢᠯᠳᠠ᠎ᠪᠠᠷ ᠵᠶ᠋ᠠᠨ ᠲᠤᠰ ᠬᠤᠭᠤᠴᠠᠭ᠋ᠠᠨ᠎ᠤ ᠳᠠᠮᠢᠷ᠎ᠤᠨ ᠴᠤᠬᠯᠠᠭ᠋ᠠᠨ ᠡᠬᠢᠯᠡᠲᠡᠯᠡᠬᠢ 100 ᠡᠳᠦᠷ᠎ᠢ ᠲᠤᠭ᠋ᠠᠯᠠᠨ ᠳᠡᠮᠳᠡᠭᠯᠡᠬᠦ ᠵᠠᠩᠬᠢᠯᠠᠭ᠎ᠠ ᠵᠢᠨ ᠮᠦᠴᠡ ᠵᠢ ᠭᠡᠷᠡᠴᠢᠯᠡᠵᠠᠢ᠃
《ᠪᠢᠳᠡ ᠢᠷᠡᠯ᠎ᠡ᠂ ᠢᠷᠡᠯ᠎ᠡ᠂ ᠡᠨᠡ ᠬᠦ᠌ ᠮᠦᠩᠭᠦᠨ ᠳᠡᠯᠡᠬᠡᠢ᠎ᠳᠤ ᠪᠤᠯᠵᠤᠯᠠ; ᠪᠢᠳᠡ ᠢᠷᠡᠯ᠎ᠡ᠂ ᠢᠷᠡᠯ᠎ᠡ᠂ ᠡᠨᠡ ᠬᠦ᠌ ᠠᠭᠤᠳᠠᠮ ᠴᠡᠰᠤ᠎ᠳᠤ ᠦᠨᠳᠦᠷᠯᠢᠭ᠎ᠲᠤ ᠤᠴᠠᠷᠠᠯ᠎ᠠ᠁》 21 ᠴᠠᠭ 20 ᠮᠢᠨᠦ᠋ᠲ᠎ᠲᠤ ᠳᠠᠭᠤᠴᠢᠨ ᠤᠶᠠᠩᠭ᠎ᠠ᠂ ᠤᠷᠴᠢᠯᠠᠩ ᠲ᠋ᠠᠮᠢᠷ᠎ᠤᠨ ᠨᠡᠷᠡᠳᠦ ᠤᠳᠤᠳ᠎ᠲᠠᠢ ᠳᠡᠯᠭᠡᠴᠡ ᠪᠠ ᠠᠬᠤᠢ ᠳᠠᠯᠠᠪᠠᠢ᠎ᠳᠤ ᠬᠠᠮᠳᠤ᠎ᠪᠠᠷ ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠬᠯᠠᠭ᠋ᠠᠨ᠎ᠤ ᠭᠤᠤᠯ ᠰᠡᠳᠦᠪᠳᠦ ᠳᠠᠭᠤᠤ 《ᠴᠠᠰᠤ ᠮᠦᠰᠦᠨ᠎ᠤ ᠪᠤᠯᠵᠤᠭ᠎ᠠ》 ᠵᠢ ᠳᠠᠭᠤᠯᠠᠵᠤ᠂ ᠦᠵᠡᠭᠴᠢ ᠲᠦᠮᠡᠨ᠎ᠤ ᠰᠠᠯᠵᠤ ᠶᠠᠳᠠᠮ᠎ᠠ ᠰᠡᠳᠬᠢᠯᠭᠡ ᠵᠢ ᠠᠷᠭ᠋ᠠᠮᠵᠢᠭᠰᠠᠭ᠋ᠠᠷ ᠦᠳᠡᠰᠢᠯᠡᠭᠡ ᠦᠨᠳᠦᠷᠯᠡᠪᠡ ᠃
ᠲᠠ ᠪᠢᠳᠡᠨ᠎ᠤ ᠬᠦᠰᠡᠨ ᠬᠦᠯᠢᠶᠡᠵᠤ ᠪᠠᠢ᠍ᠢ᠍ᠭ᠎ᠠ ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠳᠠᠮᠢᠷ᠎ᠤᠨ ᠴᠤᠬᠯᠠᠭ᠋ᠠᠨ ᠡᠬᠢᠯᠡᠲᠡᠯ᠎ᠡ 100 ᠡᠳᠦᠷ ᠪᠤᠢ᠃ ᠡᠨᠡ ᠬᠦ᠌ 100 ᠡᠳᠦᠷ᠎ᠢ ᠪᠢᠳᠡ ᠳᠡᠰᠭᠡᠯ ᠦᠭᠡᠢ ᠬ᠋ᠦᠰᠡᠨ ᠬᠦᠯᠢᠶᠡᠨ᠎ᠡ᠂ ᠡᠨᠡ ᠬᠦ᠌ 100 ᠡᠳᠦᠷ᠎ᠲᠤ ᠬᠦᠯᠦᠰᠦ ᠪᠠ ᠬᠦᠰᠡᠯᠡᠩ ᠵᠶ᠋ᠠᠨ ᠬᠤᠯᠪᠤᠨ᠎ᠠ᠃ 2020 ᠤᠨ᠎ᠤ 2 ᠰᠠᠷ᠎ᠠ ᠵᠢᠨ 16᠎ᠤ ᠡᠳᠦᠷ᠎ᠤᠨ ᠦᠪᠦᠷ ᠮᠤᠨᠭ᠌ᠭᠤᠯ᠎ᠤᠨ ᠬᠦᠯᠦᠨ ᠪᠤᠢ᠍ᠢ᠍ᠷᠲᠠᠬᠢ ᠮᠦᠩᠭᠦᠨ ᠡᠪᠦᠯ᠎ᠤᠨ ᠮᠦᠰᠦ ᠴᠠᠰᠤᠨ᠎ᠤ ᠪᠤᠯᠵᠤᠭ᠎ᠠ ᠲᠠ ᠪᠢᠳᠡᠨ᠎ᠤ ᠵᠦᠭ ᠠᠢ᠍ᠢ᠍ᠰᠤᠢ!