
12 ᠰᠠᠷ᠎ᠠ ᠵᠢᠨ 13᠎ᠠᠴᠠ15᠎ᠤ ᠡᠳᠦᠷ᠂ 2020 ᠣᠨ᠎ᠤ ᠰᠦᠵᠧᠦ ᠵᠢᠨ ᠦ᠋ ᠵᠦᠩ᠎ᠲᠠᠢ ᠬᠤ᠌ ᠨᠠᠭᠤᠷ᠎ᠢ ᠲᠤᠭᠤᠷᠢᠬᠤ ᠠᠯᠬᠤᠭ᠎ᠠ ᠤᠷᠤᠯᠳᠤᠭ᠋ᠠᠨ ᠵᠢᠴᠢ ᠶᠡᠭᠡ ᠲᠠᠲᠠᠮᠠᠯ ᠭᠤᠣᠯ᠎ᠤᠨ ᠠᠯᠬᠤᠭ᠎ᠠ ᠤᠷᠤᠯᠳᠤᠭ᠋ᠠᠨ ᠵᠡᠷᠭᠡ ᠰᠢᠷᠢᠰ ᠤᠷᠤᠯᠳᠤᠭ᠋ᠠᠨ ᠵᠢᠶᠠᠩᠰᠦ ᠮᠤᠵᠢ ᠵᠢᠨ ᠡᠤ ᠵᠦᠩ ᠲᠤᠭᠤᠷᠢᠭ᠎ᠲᠤ ᠶᠠᠪᠤᠭᠳᠠᠵᠤ᠂ ᠮᠠᠨ᠎ᠤ ᠤᠷᠤᠨ᠎ᠤ ᠲᠠᠮᠢᠷᠴᠢᠳ ᠬᠤᠪᠢ ᠬᠦᠮᠦᠨ ᠪᠠ ᠪᠦᠯᠬᠦᠮ ᠨᠢᠭᠡᠴᠢ ᠵᠢᠨ ᠨᠡᠶ᠋ᠢᠲᠡ 4 ᠠᠯᠲᠠᠨ ᠮᠧᠳᠠᠯ ᠭᠠᠷᠳᠠᠪᠠ᠃

ᠲᠤᠰ ᠤᠳᠠᠭ᠎ᠠ ᠵᠢᠨ ᠤᠷᠤᠯᠳᠤᠭ᠋ᠠᠨ᠎ᠳᠤ ᠪᠦᠬᠦ ᠤᠯᠤᠰ᠎ᠤᠨ ᠡᠯ᠎ᠡ ᠭᠠᠵᠠᠷ᠎ᠠᠴᠠ ᠢᠷᠡᠭᠰᠡᠨ 200 ᠭᠠᠷᠤᠢ ᠲᠠᠮᠢᠷᠴᠢᠨ ᠣᠷᠣᠯᠴᠠᠵᠤ᠂ 10 ᠺᠢᠯᠤᠮᠸᠲᠷ᠎ᠤᠨ ᠬᠤᠪᠢ ᠬᠥᠮᠦᠨ᠎ᠤ ᠤᠷᠤᠯᠳᠤᠭ᠋ᠠᠨ ᠪᠠ ᠪᠦᠯᠬᠦᠮ ᠨᠢᠬᠡᠴᠢ ᠵᠢᠨ ᠤᠷᠤᠯᠳᠤᠭ᠋ᠠᠨ᠂ 15 ᠺᠢᠯᠤᠮᠸᠲᠷ᠎ᠤᠨ ᠬᠤᠪᠢ ᠬᠥᠮᠦᠨ᠎ᠤ ᠤᠷᠤᠯᠳᠤᠭ᠋ᠠᠨ ᠪᠠ ᠪᠦᠯᠬᠦᠮ ᠨᠢᠭᠡᠴᠢ ᠵᠢᠨ ᠤᠷᠤᠯᠳᠤᠭ᠋ᠠᠨ ᠵᠡᠷᠭᠡ 8 ᠤᠷᠤᠯᠳᠤᠭ᠋ᠠᠨ᠎ᠤ ᠲᠥᠷᠥᠯ ᠵᠦᠢ᠍ᠯ ᠲᠤᠬᠢᠷᠠᠭᠤᠯᠵᠠᠢ᠃ ᠤᠷᠤᠯᠳᠤᠭ᠋ᠠᠨ᠎ᠤ ᠳ᠋ᠥᠡᠭ᠎ᠳᠤ ᠮᠠᠨ᠎ᠤ ᠣᠷᠣᠨ᠎ᠤ ᠠᠯᠬᠤᠭ᠎ᠠ ᠤᠷᠤᠯᠳᠤᠭ᠋ᠠᠨ᠎ᠤ ᠲᠠᠮᠢᠷᠴᠢᠨ ᠶᠠᠩ ᠵᠢᠶᠠ ᠢᠦᠶ ᠤᠷ᠎ᠠ ᠴᠢᠳᠠᠪᠤᠷᠢ᠎ᠪᠠᠨ ᠪᠠᠳᠠᠷᠠᠭᠤᠯᠵᠤ᠂ ᠡᠮᠡᠭᠲᠡᠶ ᠵᠢᠨ ᠲᠤᠰᠬᠠᠶ ᠮᠡᠷᠭᠡᠵᠢᠯ᠎ᠤᠨ ᠳᠤᠭᠤᠶ᠋ᠢᠯᠠᠩ᠎ᠤᠨ ᠤᠷᠤᠯᠳᠤᠭ᠋ᠠᠨ᠎ᠤ 15 ᠺᠢᠯᠤᠮᠸᠲᠷ ᠪᠠ 10 ᠺᠢᠯᠤᠮᠸᠲᠷ᠎ᠤᠨ ᠠᠯᠬᠤᠭ᠎ᠠ ᠤᠷᠤᠯᠳᠤᠭ᠋ᠠᠨ᠎ᠤ ᠬᠤᠪᠢ ᠬᠥᠮᠦᠨ᠎ᠤ ᠲᠥᠷᠥᠯ ᠵᠦᠶᠯ᠎ᠤᠨ ᠠᠯᠲᠠᠨ ᠮᠧᠳᠠᠯ᠎ᠢ ᠭᠠᠷᠳᠠᠵᠥ᠂ ᠰᠢᠤᠢ ᠬᠤᠤ᠂ ᠵᠠᠩ ᠶᠣᠣ᠂ ᠭᠤᠤ ᠸᠧᠨ ᠺᠦᠶ᠎ᠪᠠᠷ ᠪᠦᠷᠢᠯᠳᠦᠭᠰᠡᠨ ᠡᠷᠡᠭᠲᠡᠶ ᠵᠢᠨ ᠠᠯᠬᠤᠭ᠎ᠠ ᠤᠷᠤᠯᠳᠤᠭ᠋ᠠᠨ᠎ᠤ ᠪᠦᠯᠬᠦᠮ ᠨᠢᠬᠡᠴᠢ ᠤᠷᠤᠯᠳᠤᠭ᠋ᠠᠨ᠎ᠤ ᠶᠠᠪᠤᠴᠠ᠎ᠳᠤ ᠢᠳᠡᠪᠬᠢᠳᠡᠢ ᠬᠠᠮᠵᠢᠯᠴᠠᠨ᠂ ᠡᠷᠡᠭᠲᠡᠶ ᠵᠢᠨ ᠲᠤᠰᠬᠠᠶ ᠮᠡᠷᠭᠡᠵᠢᠯ᠎ᠤᠨ ᠳᠤᠭᠤᠶ᠋ᠢᠯᠠᠩ᠎ᠤᠨ 15 ᠺᠢᠯᠤᠮᠸᠲᠷ ᠪᠠ 10 ᠺᠢᠯᠤᠮᠸᠲᠷ᠎ᠤᠨ ᠪᠥᠯᠬᠦᠮ ᠨᠢᠬᠡᠴᠢ ᠵᠢᠨ ᠠᠯᠲᠠᠨ ᠮᠧᠳᠠᠯ᠎ᠢ ᠭᠠᠷᠳᠠᠬᠰᠠᠨ ᠪᠠᠶ᠋ᠢᠨ᠎ᠠ᠃
