
11 ᠰᠠᠷ᠎ᠠ ᠵᠢᠨ 25᠎ᠤ ᠡᠳᠦᠷ᠂ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠥᠬᠥ ᠤᠯᠤᠰ᠎ᠤᠨ ᠡᠪᠦᠯ ᠤᠨ ᠤᠯᠠᠷᠢᠯ᠎ᠤᠨ ᠲᠠᠮᠢᠷ᠎ᠤᠨ ᠴᠤᠭᠯᠠᠭ᠋ᠠᠨ᠎ᠤ ᠪᠣᠯᠣᠳ ᠵᠢᠶᠠᠰᠠᠲᠤ ᠵᠠᠯᠠᠭᠤᠷᠳᠤ ᠴᠢᠷᠭ᠎ᠠ ᠵᠢᠨ ᠲᠥᠷᠥᠯ᠎ᠤᠨ ᠤᠷᠤᠯᠳᠤᠭ᠋ᠠᠨ ᠪᠡᠭᠡᠵᠢᠩ᠎ᠤᠨ ᠶᠡᠨᠴᠢᠩᠤᠨ ᠤᠯᠤᠰ᠎ᠤᠨ ᠴᠢᠷᠭ᠎ᠠ ᠵᠢᠨ ᠤᠷᠤᠯᠳᠤᠭ᠋ᠠᠨ᠎ᠤ ᠲᠦᠪ᠎ᠲᠤ ᠶᠠᠪᠤᠭᠳᠠᠵᠦ᠂ ᠮᠠᠨ᠎ᠤ ᠤᠷᠤᠨ᠎ᠤ ᠡᠮᠡᠭᠳᠡᠢ ᠲᠠᠮᠢᠷᠴᠢᠨ ᠵᠣᠣ ᠳ᠋ᠠᠨ ᠪᠣᠯᠣᠳ ᠵᠢᠶᠠᠰᠠᠲᠤ ᠵᠠᠯᠠᠭᠤᠷᠳᠤ ᠴᠢᠷᠭ᠎ᠠ ᠵᠢᠨ ᠲᠥᠷᠥᠯ᠎ᠤᠨ ᠤᠷᠤᠯᠳᠤᠭ᠋ᠠᠨ᠎ᠳᠤ ᠠᠯᠲᠠᠨ ᠮᠧᠳᠠᠯ ᠭᠠᠷᠳᠠᠯ᠎ᠠ᠃ ᠡᠨᠡ ᠪᠣᠯ ᠥᠪᠥᠷ ᠮᠣᠩᠭᠣᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠥᠬᠥ ᠤᠯᠤᠰ᠎ᠤᠨ ᠡᠪᠦᠯ ᠤᠨ ᠤᠯᠠᠷᠢᠯ᠎ᠤᠨ ᠲᠠᠮᠢᠷ᠎ᠤᠨ ᠴᠤᠭᠯᠠᠭ᠋ᠠᠨ᠎ᠤ ᠠᠩᠬᠠᠳᠠᠭᠴᠢ ᠠᠯᠲᠠᠨ ᠮᠧᠳᠠᠯ ᠪᠣᠯᠬᠤ ᠶᠤᠮ᠃
11 ᠰᠠᠷ᠎ᠠ ᠵᠢᠨ 25᠎ᠤ ᠡᠳᠦᠷ᠂ ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠥᠬᠥ ᠤᠯᠤᠰ᠎ᠤᠨ ᠡᠪᠦᠯ ᠤᠨ ᠤᠯᠠᠷᠢᠯ᠎ᠤᠨ ᠲᠠᠮᠢᠷ᠎ᠤᠨ ᠴᠤᠭᠯᠠᠭ᠋ᠠᠨ᠎ᠤ ᠡᠮᠡᠭᠳᠡᠢ ᠵᠢᠨ ᠪᠣᠯᠣᠳ ᠵᠢᠶᠠᠰᠠᠲᠤ ᠵᠠᠯᠠᠭᠤᠷᠳᠤ ᠴᠢᠷᠭ᠎ᠠ ᠵᠢᠨ ᠤᠷᠤᠯᠳᠤᠭ᠋ᠠᠨ ᠪᠠ ᠡᠷᠡᠭᠳᠡᠢ ᠵᠢᠨ ᠪᠣᠯᠣᠳ ᠵᠢᠶᠠᠰᠠᠲᠤ ᠵᠠᠯᠠᠭᠤᠷᠳᠤ ᠴᠢᠷᠭ᠎ᠠ ᠵᠢᠨ ᠤᠷᠤᠯᠳᠤᠭ᠋ᠠᠨ ᠴᠥᠮ 4 ᠡᠭᠡᠯᠵᠢ ᠵᠢᠨ ᠤᠷᠤᠯᠳᠤᠭ᠋ᠠᠨ ᠶᠠᠪᠤᠭᠤᠯᠵᠤ᠂ ᠲᠦᠷᠦᠭᠦᠦ ᠬᠣᠶᠠᠷ ᠡᠭᠡᠯᠵᠢ ᠵᠢᠨ ᠤᠷᠤᠯᠳᠤᠭ᠋ᠠᠨ᠎ᠳᠤ᠂ ᠵᠣᠣ ᠳ᠋ᠠᠨ ᠡᠮᠡᠭᠳᠡᠢ ᠵᠢᠨ ᠪᠣᠯᠣᠳ ᠵᠢᠶᠠᠰᠠᠲᠤ ᠵᠠᠯᠠᠭᠤᠷᠳᠤ ᠴᠢᠷᠭ᠎ᠠ ᠵᠢᠨ ᠤᠷᠤᠯᠳᠤᠭ᠋ᠠᠨ᠎ᠳᠤ ᠤᠷᠤᠯᠴᠠᠭᠰᠠᠨ 8 ᠲᠠᠮᠢᠷᠴᠢᠨ᠎ᠤ ᠳᠣᠲᠣᠷᠠᠬᠢ ᠬᠣᠶᠠᠷ ᠡᠭᠡᠯᠵᠢ᠎ᠨᠢ ᠴᠥᠮ 1 ᠮᠢᠨᠦ᠋ᠲ 02 ᠰᠧᠺᠦ᠋ᠨ᠋ᠳ᠋᠎ᠤᠨ ᠳᠣᠲᠣᠷ᠎ᠠ ᠤᠷᠤᠯᠳᠤᠭ᠋ᠠᠨ ᠵᠶ᠋ᠠᠨ ᠪᠡᠶᠡᠯᠡᠭᠦᠯᠦᠭᠰᠡᠨ ᠴᠤᠷ᠎ᠤᠨ ᠭᠠᠭᠴᠠ ᠲᠠᠮᠢᠷᠴᠢᠨ ᠪᠣᠯᠤᠨ᠎ᠠ᠃ ᠵᠣᠣ ᠳ᠋ᠠᠨ 4 ᠡᠭᠡᠯᠵᠢ ᠵᠢᠨ ᠤᠷᠤᠯᠳᠤᠭ᠋ᠠᠨ᠎ᠳᠤ 4 ᠮᠢᠨᠦ᠋ᠲ 07 ᠰᠧᠺᠦ᠋ᠨ᠋ᠳ᠋ 97᠎ᠤᠨ ᠶᠡᠷᠦᠩᠬᠡᠶ ᠬᠢᠷᠢ ᠪᠦᠲᠦᠮᠵᠢ᠎ᠪᠠᠷ ᠨᠢᠭᠡᠳᠦᠭᠡᠷ᠎ᠲᠤ ᠲᠤᠳᠤᠷᠠᠵᠦ ᠠᠯᠲᠠᠨ ᠮᠧᠳᠠᠯ ᠭᠠᠷᠳᠠᠯ᠎ᠠ᠃