
ᠲᠦᠷᠦᠭᠦᠬᠡᠨ 2024 ᠣᠨ᠎ᠤ ᠲᠤᠮᠳᠠᠳᠤ ᠤᠯᠤᠰ᠎ᠤᠨ ᠮᠣᠷᠢᠨ ᠮᠡᠷᠭᠡᠵᠢᠯ᠎ᠤᠨ ᠨᠡᠢ᠌ᠭᠡᠮᠯᠢᠭ᠎ᠤᠨ 40 ᠺᠢᠯᠣᠮᠧᠲᠷ ᠪᠣᠯᠣᠨ 80 ᠺᠢᠯᠣᠮᠧᠲᠷ᠎ᠤᠨ ᠳᠠᠭ᠋ᠠᠭ᠋ᠠᠮᠠᠭ᠋ᠠᠢ ᠴᠢᠳᠠᠪᠤᠷᠢ ᠵᠢᠨ ᠪᠠᠷᠢᠮᠵᠢᠶ᠎ᠠ᠎ᠳᠤ ᠬᠦᠷᠬᠦ ᠤᠷᠤᠯᠳᠤᠭ᠋ᠠᠨ ᠪᠤᠭᠤᠲᠤ ᠬᠤᠳᠠ ᠵᠢᠨ ᠰᠠᠢ᠌ᠬᠠᠨᠲᠠᠯᠠ ᠮᠣᠷᠢᠨ ᠤᠷᠤᠯᠳᠤᠭ᠋ᠠᠨ᠎ᠤ ᠲᠠᠯᠠᠪᠤᠷ᠎ᠲᠤ ᠶᠠᠪᠤᠭᠳᠠᠵᠠᠢ᠃ ᠲᠤᠰ ᠤᠷᠤᠯᠳᠤᠭ᠋ᠠᠨ᠎ᠳᠤ ᠪᠡᠭᠡᠵᠢᠩ᠂ ᠰᠧᠴᠤᠸᠠᠨ᠂ ᠰᠢᠨᠵᠢᠶᠠᠩ ᠵᠡᠷᠭᠡ ᠭᠠᠵᠠᠷ ᠣᠷᠣᠨ᠎ᠤ 80 ᠭᠠᠷᠤᠢ ᠮᠣᠷᠢ ᠣᠷᠣᠯᠴᠠᠵᠠᠢ᠃ ᠤᠷᠤᠯᠳᠤᠭ᠋ᠠᠨ ᠳᠡᠭᠡᠷ᠎ᠡ ᠨᠢᠭᠡᠳᠦᠯᠲᠡᠢ ᠴᠡᠩᠬᠡᠷ ᠥᠩᠭᠡ ᠵᠢᠨ ᠨᠣᠮᠧᠷᠲᠤ ᠤᠤᠵᠢ ᠡᠮᠦᠰᠦᠭᠰᠡᠨ ᠤᠷᠤᠯᠳᠤᠬ᠍ᠴᠢ᠎ᠠᠴᠠ ᠤᠷᠤᠯᠳᠤᠭ᠋ᠠᠨ᠎ᠤ ᠭᠦᠯᠦᠭ ᠵᠢᠡᠨ ᠤᠨᠤᠵᠦ᠂ ᠪᠤᠭᠤᠲᠤ ᠬᠤᠳᠠ ᠵᠢᠨ ᠰᠠᠢ᠌ᠬᠠᠨᠲᠠᠯᠠ ᠮᠣᠷᠢᠨ ᠤᠷᠤᠯᠳᠤᠭ᠋ᠠᠨ᠎ᠤ ᠲᠠᠯᠠᠪᠤᠷ᠎ᠲᠤ ᠠᠮᠠᠭ᠋ᠠᠢ ᠳᠠᠷᠤᠨ ᠳᠣᠪᠲᠤᠯᠤᠭᠤᠯᠤᠨ ᠤᠷᠤᠯᠳᠤᠵᠦ᠂ ᠠᠯᠳᠠᠨ ᠵᠢᠯᠣᠭᠣ ᠬᠡᠢ᠌ᠰᠬᠡᠭᠰᠡᠨ ᠠᠵᠢᠨᠠᠢ ᠭᠦᠯᠦᠭ᠎ᠤᠳ ᠪᠤᠭᠤᠲᠤ ᠬᠤᠳᠠ ᠵᠢᠨ ᠨᠠᠮᠤᠷ᠎ᠤᠨ ᠡᠳᠦᠷ᠎ᠤᠨ ᠨᠢᠭᠡᠨ ᠦᠵᠡᠮᠵᠢ ᠪᠣᠯᠵᠤ᠂ ᠲᠤᠰ ᠬᠤᠳᠠ ᠵᠢᠨ ᠮᠣᠷᠢᠨ ᠮᠡᠷᠭᠡᠵᠢᠯ᠎ᠤᠨ ᠤᠷᠤᠯᠳᠤᠭ᠋ᠠᠨ᠎ᠤ ᠲᠦᠪᠰᠢᠨ᠎ᠢ ᠤᠯᠠᠮ ᠨᠢᠭᠡ ᠠᠯᠬᠤᠮ ᠳᠡᠭᠡᠭᠰᠢᠯᠡᠭᠦᠯᠦᠭᠰᠡᠨ ᠪᠠᠢ᠌ᠨ᠎ᠠ᠃ ᠵᠢᠷᠤᠭ ᠪᠣᠯ ᠤᠷᠤᠯᠳᠤᠭ᠋ᠠᠨ᠎ᠤ ᠠᠬᠤᠢ ᠲᠠᠯᠠᠪᠠᠢ ᠪᠣᠯᠣᠨ᠎ᠠ᠃ ᠰᠤᠷᠪᠤᠯᠵᠢᠯᠠᠭᠴᠢ ᠸ᠊· ᠭᠡᠷᠡᠯᠳᠦ ᠰᠡᠭᠦᠳᠡᠷᠯᠡᠪᠡ