ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠡᠪᠤᠯ᠎ᠤᠨ ᠬᠦᠢ᠍ᠳᠡᠨ ᠡᠳᠦᠷ ᠬᠦᠳᠡᠯᠭᠡᠭᠡᠨ ᠬᠢᠬᠦ᠎ᠳᠤ ᠬᠢᠯᠪᠠᠷᠬᠠᠨ ᠰᠢᠷᠬᠠᠳᠤᠯ ᠡᠬᠦᠰᠭᠡᠳᠡᠭ
ᠨᠡᠶ᠋ᠢᠲᠡᠯᠡᠭᠰᠡᠨ ᠴᠠᠭ᠄ 2018-12-28

      ᠪᠡᠶ᠎ᠠ ᠮᠠᠬᠠᠪᠤᠳ ᠵᠶ᠋ᠠᠨ ᠲᠠᠪᠳᠠᠨ ᠪᠤᠯᠪᠠᠰᠤᠷᠠᠬᠤ ᠬᠦᠳᠡᠯᠭᠡᠭᠡᠨ ᠬᠢᠬᠦ᠎ᠨᠢ ᠦᠨᠡᠨ᠎ᠳᠡᠭᠡᠨ ᠪᠡᠶ᠎ᠠ ᠮᠠᠬᠠᠪᠤᠳ ᠵᠶ᠋ᠠᠨ ᠨᠡᠡᠭ ᠴᠢᠬᠢᠷᠠᠭᠵᠢᠭᠤᠯᠬᠤ ᠵᠢᠨ ᠲᠦᠯᠦᠭᠡ ᠶᠤᠮ᠃ ᠭᠡᠳᠡᠯ ᠎ᠠ ᠲᠤᠬᠢᠷᠠᠮᠵᠢ ᠦᠭᠡᠢ ᠪᠡᠶ᠎ᠠ ᠵᠢᠨ ᠬᠦᠳᠡᠯᠭᠡᠭᠡᠨ ᠬᠢᠬᠦ᠎ᠨᠢ ᠬᠢᠯᠪᠠᠷᠬᠠᠨ ᠰᠢᠷᠬᠠᠳᠤᠯ᠎ᠢ ᠡᠬᠦᠰᠭᠡᠳᠡᠭ᠃ ᠡᠬᠦᠨ᠎ᠳᠤ ᠬᠦᠳᠡᠯᠭᠡᠭᠡᠨ ᠬᠢᠬᠦ᠎ᠠᠴᠠ ᠪᠤᠯᠤᠬᠰᠠᠨ ᠲᠦᠷᠭᠡᠨ ᠴᠢᠨᠠᠷᠳᠠᠢ ᠪᠠ ᠤᠳᠠᠭ᠋ᠠᠨ ᠴᠢᠨᠠᠷᠳᠠᠢ ᠰᠢᠷᠬᠠᠳᠤᠯ᠎ᠢ ᠵᠢᠭ᠋ᠠᠳᠠᠬ᠂ ᠰᠢᠷᠬᠠᠳᠤᠯ ᠡᠬᠦᠰᠬᠦ᠎ᠨᠢ ᠶᠡᠷᠦᠡᠭᠭᠡᠢ᠎ᠳᠡᠭᠡᠨ ᠬᠦᠳᠡᠯᠭᠡᠭᠡᠨ᠎ᠤ ᠵᠦᠢ᠍ᠯ᠂ ᠬᠦᠳᠡᠯᠦᠯ ᠪᠠᠷᠢᠯ᠂ ᠬᠦᠳᠡᠯᠭᠡᠭᠡᠨ᠎ᠤ ᠬᠢᠷᠢ ᠲᠦᠪᠰᠢᠨ᠂ ᠤᠷᠴᠢᠨ ᠲᠤᠭᠤᠷᠢᠨ ᠵᠡᠷᠭᠡ ᠨᠦᠯᠦᠭᠡᠯᠡᠬᠦ ᠬᠦᠴᠦᠨ ᠵᠦᠢ᠍ᠯ᠎ᠲᠠᠢ ᠨᠢᠬᠳᠠ ᠬᠤᠯᠪᠤᠭ᠎ᠠ᠎ᠲᠠᠢ ᠪᠠᠢ᠍ᠢ᠍ᠳᠠᠬ᠃ ᠤᠨᠴᠠᠭ᠋ᠠᠢ᠍ᠢ᠍ᠯᠠᠨ ᠡᠪᠤᠯ᠎ᠤᠨ ᠤᠯᠠᠷᠢᠯ᠎ᠳᠤ ᠴᠠᠬ ᠠᠭᠤᠷ ᠬᠦᠢ᠍ᠳᠡᠷᠡᠭᠰᠡᠨ᠎ᠠᠴᠠ ᠪᠤᠯᠵᠤ ᠨᠡᠡᠭ ᠬᠢᠯᠪᠠᠷᠬᠠᠨ ᠬᠦᠳᠡᠯᠭᠡᠭᠡᠨ᠎ᠤ ᠰᠢᠷᠬᠠᠳᠤᠯ᠎ᠢ ᠡᠬᠦᠰᠭᠡᠳᠡᠭ ᠶᠤᠮ᠃    

    ᠪᠦᠷᠢᠳᠭᠡᠯ᠎ᠢ ᠦᠨᠳᠦᠰᠦᠯᠡᠪᠡᠯ᠂ 25.8%᠎ᠤᠨ ᠬᠦᠮᠦᠰ᠎ᠨᠢ ᠡᠪᠦᠳᠦᠭ᠎ᠤᠨ ᠦᠶ᠎ᠠ᠂ 20.6%᠎ᠤᠨ ᠬᠦᠮᠦᠰ᠎ᠨᠢ ᠱᠠᠭ᠎ᠠ ᠵᠢᠨ ᠭᠡᠰᠡᠭ᠂ 17.8%᠎ᠤᠨ ᠬᠦᠮᠦᠰ᠎ᠤᠨ ᠨᠢᠷᠤᠭᠤᠨ ᠭᠡᠰᠡᠭ᠎ᠨᠢ ᠠᠮᠠᠷᠬᠠᠨ ᠰᠢᠷᠬᠠᠳᠤᠵᠤ᠂ ᠪᠦᠳᠦᠬᠦᠨ ᠭᠤᠶ᠎ᠠ ᠵᠡᠷᠭᠡ ᠭᠡᠰᠡᠭ᠎ᠤᠨ ᠰᠢᠷᠬᠠᠳᠠᠬᠤ ᠬᠠᠷᠢᠴᠠᠯ᠎ᠨᠢ 8.9%᠎ᠢ ᠡᠵᠡᠯᠡᠵᠤ᠂ ᠮᠦᠷᠦ ᠵᠢᠨ ᠭᠡᠰᠡᠭ᠎ᠤᠨ ᠰᠢᠷᠬᠠᠳᠤᠯ᠎ᠨᠢ 8.4%᠂ ᠰᠢᠯᠪᠢ ᠵᠢᠨ ᠭᠡᠰᠡᠭ᠎ᠤᠨ ᠰᠢᠷᠬᠠᠳᠤᠯ᠎ᠨᠢ 8.2%᠎ᠲᠤ ᠬᠦᠷᠦᠭᠰᠡᠨ ᠪᠠᠢ᠍ᠢ᠍ᠨ᠎ᠠ᠃ ᠡᠠᠳᠠᠯᠢ ᠪᠤᠰᠤ ᠵᠢᠨ ᠪᠡᠶ᠎ᠠ ᠵᠢᠨ ᠬᠦᠳᠡᠯᠭᠡᠭᠡᠨ᠎ᠨᠢ ᠠᠳᠠᠯᠢ ᠪᠤᠰᠤ ᠵᠢᠨ ᠭᠡᠰᠡᠭ᠎ᠤᠨ ᠰᠢᠷᠬᠠᠳᠤᠯ᠎ᠢ ᠡᠬᠦᠰᠭᠡᠳᠡᠭ · ᠵᠢᠱ᠌ᠢᠶᠡᠯᠡᠪᠡᠯ ᠰᠠᠬᠰᠤᠨ ᠪᠦᠮᠪᠦᠭᠡ ᠨᠠᠭ᠋ᠠᠳᠬᠤ᠎ᠨᠢ ᠡᠪᠦᠳᠦᠭ᠂ᠱᠠᠭ᠎ᠠ ᠵᠢᠨ ᠭᠡᠰᠡᠭ ᠠᠮᠠᠷᠬᠠᠨ ᠰᠢᠷᠬᠠᠳᠤᠵᠤ᠂ ᠶᠤᠭ᠎ᠠ ᠪᠤᠯᠪᠠᠰᠤᠷᠠᠬᠤ᠂ ᠪᠡᠶ᠎ᠠ ᠵᠢᠨ ᠲᠠᠮᠢᠷ ᠬᠢᠬᠦ᠎ᠨᠢ ᠨᠢᠷᠤᠭᠤ᠂ ᠮᠦᠷᠦ᠂ ᠡᠪᠦᠳᠦᠭ᠂ ᠪᠠᠭᠤᠨ᠎ᠤ ᠭᠡᠰᠡᠭ ᠠᠮᠠᠷᠬᠠᠨ ᠰᠢᠷᠬᠠᠳᠤᠵᠤ᠂ ᠦᠰᠦᠷᠦᠯᠳᠡ ᠵᠢᠨ ᠴᠢᠨᠠᠷᠳᠠᠢ ᠬᠦᠳᠡᠯᠭᠡᠭᠡᠨ ᠬᠢᠬᠦ᠎ᠨᠢ ᠪᠦᠳᠦᠬᠦᠨ ᠭᠤᠶ᠎ᠠ ᠵᠢᠨ ᠪᠤᠯᠴᠢᠡᠭ᠎ᠤᠨ ᠭᠡᠰᠡᠭ ᠰᠢᠷᠬᠠᠳᠤᠵᠤ᠂ ᠬᠦᠴᠦ ᠪᠤᠯᠪᠠᠰᠤᠷᠠᠬᠤ᠎ᠨᠢ ᠮᠦᠷᠦ᠂ ᠲᠤᠬᠤᠢ᠂ ᠨᠢᠷᠤᠭᠤᠨ᠎ᠤ ᠭᠡᠰᠡᠭ᠎ᠢ ᠠᠮᠠᠷᠬᠠᠨ ᠰᠢᠷᠬᠠᠳᠤᠭᠤᠯᠬᠤ ᠪᠤᠯᠤᠨ᠎ᠠ᠃ ᠪᠡᠶ᠎ᠠ ᠵᠢᠨ ᠬᠦᠳᠡᠯᠭᠡᠭᠡᠨ᠎ᠤ ᠰᠢᠷᠬᠠᠳᠤᠯ ᠡᠬᠦᠰᠭᠡᠬᠦ᠎ᠨᠢ ᠨᠡᠯᠢᠶᠡᠳ ᠵᠢᠮ᠎ᠠ ᠶᠤᠰᠤᠴᠢ ᠴᠢᠨᠠᠷ᠎ᠲᠠᠢ ᠪᠠᠢ᠍ᠢ᠍ᠳᠠᠬ ᠪᠤᠯᠬᠤᠷ ᠡᠨᠡᠬᠦ ᠵᠢᠮ ᠎ᠠ ᠶᠤᠰᠤ ᠵᠢ᠎ᠨᠢ ᠰᠠᠢ᠍ᠢ᠍ᠬᠠᠨ ᠡᠵᠡᠮᠰᠢᠵᠤ ᠴᠢᠳᠠᠪᠡᠯ ᠰᠢᠷᠬᠠᠳᠤᠯ᠎ᠤᠨ ᠨᠤᠷᠮ᠎ᠠ ᠵᠢ ᠶᠡᠭᠡᠪᠡᠷ ᠪᠠᠭᠤᠷᠠᠭᠤᠯᠵᠤ ᠪᠤᠯᠤᠨ᠎ᠠ᠃    

    1᠂ ᠪᠡᠶ᠎ᠠ᠎ᠳᠡᠭᠡᠨ ᠲᠤᠬᠢᠷᠠᠬᠰᠠᠨ ᠪᠤᠯᠪᠠᠰᠤᠷᠠᠬᠤ ᠠᠷᠭ᠎ᠠ ᠭᠡᠯᠪᠡᠷᠢ ᠵᠢ ᠰᠤᠡᠭᠭᠤᠪᠠᠯ ᠵᠤᠬᠢᠨ᠎ᠠ᠃ ᠵᠠᠯᠠᠭᠤ ᠬᠦᠮᠦᠰ ᠰᠠᠬᠰᠤᠨ ᠪᠦᠮᠪᠦᠭᠡ᠂ ᠬᠦᠯ ᠪᠦᠮᠪᠦᠭᠡ ᠵᠡᠷᠭᠡ ᠰᠢᠷᠦᠬᠦᠨ ᠬᠦᠳᠡᠯᠭᠡᠭᠡᠨ᠎ᠢ ᠰᠤᠡᠭᠭᠤᠵᠤ᠂ ᠢᠳᠡᠷ᠂ ᠦᠳᠡᠯᠦᠭᠡ ᠨᠠᠰᠤᠨ᠎ᠤ ᠬᠦᠮᠦᠰ ᠵᠤᠭ᠋ᠠᠴᠠᠬᠤ᠂ ᠨᠢᠳᠤᠷᠭ᠋ᠠᠨ ᠲᠠᠮᠢᠷ ᠵᠡᠷᠭᠡ ᠨᠠᠮᠵᠢᠭᠤᠬᠠᠨ ᠬᠦᠳᠡᠯᠭᠡᠭᠡᠨ᠎ᠢ ᠰᠤᠡᠭᠭᠤᠵᠤ ᠪᠤᠯᠤᠨ᠎ᠠ᠃

    2᠂ ᠬᠦᠳᠡᠯᠭᠡᠭᠡᠨ᠎ᠨᠢ ᠲᠦᠷᠢᠮᠵᠢᠬᠦᠨ ᠪᠠᠢ᠍ᠢ᠍ᠬᠤ᠃ ᠪᠠᠢ᠍ᠢ᠍ᠴᠠᠭ᠋ᠠᠯᠳᠠ᠎ᠠᠴᠠ ᠦᠵᠡᠪᠡᠯ ᠬᠦᠳᠡᠯᠭᠡᠭᠡᠨ᠎ᠤ ᠰᠢᠷᠬᠠᠳᠤᠯ ᠡᠬᠦᠰᠬᠦ᠎ᠨᠢ 35.6%᠎ᠲᠤ ᠬᠦᠷᠴᠤ᠂ ᠬᠦᠳᠡᠯᠭᠡᠭᠡᠨ᠎ᠠᠴᠠ ᠪᠤᠯᠵᠤ ᠰᠢᠷᠬᠠᠳᠤᠯ ᠡᠬᠦᠰᠬᠦ ᠰᠢᠯᠳᠠᠭ᠋ᠠᠨ᠎ᠤ ᠲᠡᠷᠢᠬᠦᠨ᠎ᠳᠤ ᠪᠠᠢ᠍ᠢ᠍ᠷᠢᠯᠠᠵᠤ ᠪᠠᠢ᠍ᠢ᠍ᠳᠠᠬ᠃ ᠬᠦᠳᠡᠯᠭᠡᠭᠡᠨ ᠬᠢᠬᠦ᠎ᠳᠡᠭᠡᠨ ᠪᠡᠶ᠎ᠠ ᠵᠢᠨ ᠦᠨᠳᠦᠰᠦᠨ ᠪᠤᠯᠪᠠᠰᠤᠷᠠᠯ᠎ᠢ ᠴᠢᠬᠤᠯᠠᠴᠢᠯᠠᠨ᠎ᠠ᠃ ᠬᠦᠷᠦᠯᠴᠡᠬᠦᠢ᠍ᠢ᠍ᠴᠡ ᠬᠦᠴᠦᠨ ᠴᠢᠳᠠᠯ᠂ ᠲᠠᠭ᠋ᠠᠭ᠋ᠠᠮᠠᠭ᠋ᠠᠢ ᠴᠢᠨᠠᠷ᠎ᠲᠠᠢ ᠪᠠᠢ᠍ᠢ᠍ᠬᠤ᠎ᠨᠢ ᠡᠯ᠎ᠠ ᠵᠦᠢ᠍ᠯ᠎ᠤᠨ ᠮᠡᠷᠭᠡᠵᠢᠯ᠎ᠤᠨ ᠬᠦᠳᠡᠯᠭᠡᠭᠡᠨ᠎ᠢ ᠪᠡᠶᠡᠯᠡᠬᠦᠯᠬᠦ ᠵᠢᠨ ᠦᠨᠳᠦᠰᠦᠨ ᠪᠠᠳᠤᠯᠠᠭ᠎ᠠ ᠪᠤᠯᠤᠨ᠎ᠠ᠃    

    3᠂ ᠪᠤᠯᠪᠠᠰᠤᠷᠠᠯ ᠬᠢᠬᠦ᠎ᠳᠡᠭᠡᠨ ᠲᠤᠬᠢᠳᠠᠢ ᠭᠠᠵᠠᠷ᠎ᠢ ᠰᠤᠡᠭᠭᠤᠬᠤ᠃ ᠪᠠᠢ᠍ᠢ᠍ᠴᠠᠭ᠋ᠠᠯᠳᠠ᠎ᠳᠤ ᠢᠯᠡᠷᠡᠭᠦᠯᠦᠭᠰᠡᠨ ᠵᠶ᠋ᠠᠷ᠂ 16.9%᠎ᠤᠨ ᠬᠦᠳᠡᠯᠭᠡᠭᠡᠨ᠎ᠤ ᠰᠢᠷᠬᠠᠳᠤᠯ᠎ᠨᠢ ᠪᠤᠯᠪᠠᠰᠤᠷᠠᠯ᠎ᠤᠨ ᠭᠠᠵᠠᠷ᠎ᠤᠨ ᠲᠤᠬᠢᠷᠠᠮᠵᠢ ᠦᠭᠡᠢ᠎ᠠᠴᠠ ᠪᠤᠯᠤᠬᠰᠠᠨ ᠪᠠᠢ᠍ᠢ᠍ᠳᠠᠬ᠃    

    4᠂ ᠪᠡᠯᠡᠳᠭᠡᠯ ᠬᠦᠳᠡᠯᠭᠡᠭᠡᠨ᠎ᠢ ᠬᠦᠢ᠍ᠴᠡᠳ ᠬᠢᠬᠦ᠃ 27.8%᠎ᠤᠨ ᠰᠢᠷᠬᠠᠳᠤᠯ᠎ᠨᠢ ᠪᠦᠷ ᠪᠡᠯᠡᠳᠭᠡᠯ ᠬᠦᠳᠡᠯᠭᠡᠭᠡᠨ᠎ᠢ ᠬᠦᠢ᠍ᠴᠡᠳ ᠰᠠᠢ᠍ᠢ᠍ᠨ ᠬᠢᠭᠰᠡᠨ ᠦᠭᠡᠢ᠎ᠠᠴᠠ ᠪᠤᠯᠤᠬᠰᠠᠨ ᠪᠠᠢ᠍ᠢ᠍ᠨ᠎ᠠ᠃ ᠡᠢ᠍ᠢ᠍ᠮᠦ᠎ᠠᠴᠠ ᠪᠡᠶ ᠎ᠠ ᠪᠤᠯᠪᠠᠰᠤᠷᠠᠬᠤ᠎ᠠᠴᠠ᠎ᠪᠠᠨ ᠡᠮᠦᠨ᠎ᠠ ᠰᠤᠡᠭᠬᠤ ᠪᠠ ᠪᠡᠶ᠎ᠠ ᠬᠠᠯᠰᠠᠭ᠋ᠠᠬᠤ ᠬᠦᠳᠡᠯᠭᠡᠭᠡᠨ᠎ᠢ ᠵᠤᠬᠢᠰᠳᠠᠢ ᠬᠢᠪᠡᠯ ᠵᠤᠬᠢᠨ᠎ᠠ᠃

    5᠂ ᠲᠠᠮᠢᠷ᠎ᠤᠨ ᠤᠮᠳᠠᠭ᠋ᠠᠨ᠃ ᠪᠡᠶ᠎ᠠ ᠵᠢᠨ ᠬᠦᠳᠡᠯᠭᠡᠭᠡᠨ ᠬᠢᠬᠦ ᠦᠶᠡᠰ ᠶᠡᠭᠡ ᠬᠦᠯᠦᠰᠦ ᠭᠠᠷᠴᠤ᠂ ᠴᠠᠬᠢᠯᠭ᠋ᠠᠨ ᠵᠠᠳᠠᠯᠤᠬ ᠪᠤᠳᠠᠰ᠎ᠨᠢ ᠬᠦᠯᠦᠰᠦ᠎ᠪᠠᠷ ᠲᠠᠮᠵᠢᠨ ᠭᠠᠷᠳᠠᠬ᠎ᠠᠴᠠ ᠴᠠᠬ ᠲᠤᠬᠠᠢ᠎ᠳᠤᠨᠢ ᠨᠦᠬᠦᠪᠦᠷᠢᠯᠡᠬᠦ᠎ᠨᠢ ᠪᠤᠯᠴᠢᠡᠭ ᠰᠢᠷᠪᠤᠰᠤ ᠲᠠᠳᠠᠬᠤ᠎ᠠᠴᠠ ᠰᠡᠷᠭᠡᠢ᠍ᠢ᠍ᠯᠡᠵᠤ ᠴᠢᠳᠠᠨ᠎ᠠ᠃ ᠡᠬᠦᠨ᠎ᠳᠤ ᠬᠠᠮᠤᠬ᠎ᠠᠴᠠ ᠪᠦᠳᠦᠮᠵᠢᠳᠡᠢ ᠠᠷᠭ᠎ᠠ᠎ᠨᠢ ᠲᠠᠮᠢᠷ᠎ᠤᠨ ᠤᠮᠳᠠᠭ᠋ᠠᠨ᠎ᠢ ᠵᠤᠬᠢᠰᠳᠠᠢ ᠤᠤᠭᠤᠬᠤ ᠪᠤᠯᠤᠨ᠎ᠠ᠃    

    ᠭᠡᠷᠪᠡ ᠬᠦᠳᠡᠯᠭᠡᠭᠡᠨ᠎ᠤ ᠲᠤᠮᠳᠠ ᠰᠠᠨᠠᠮᠰᠠᠷ ᠦᠭᠡᠢ ᠰᠢᠷᠬᠠᠳᠤᠪᠠᠯ ᠲᠡᠷᠡ ᠲᠠᠷᠤᠢ᠎ᠳᠤᠨᠢ ᠬᠦᠳᠡᠯᠭᠡᠭᠡᠨ ᠬᠢᠬᠦ᠎ᠪᠠᠨ ᠵᠤᠬᠰᠤᠵᠤ᠂ ᠰᠢᠷᠬᠠᠳᠤᠬᠰᠠᠨ ᠭᠡᠰᠡᠭ᠎ᠲᠤ ᠮᠦᠰᠦᠨ ᠤᠭᠤᠳᠠ ᠲᠠᠯᠪᠢᠨ᠂ 20 ᠮᠢᠨᠦ᠋ᠲ᠎ᠤᠨ ᠲᠠᠷᠠᠭ᠎ᠠ ᠬᠠᠷᠢᠮᠠᠬᠠᠢ ᠤᠷᠢᠶᠠᠯᠳᠠ᠎ᠪᠠᠷ ᠪᠤᠭᠤᠵᠤ᠂ ᠴᠢᠬᠤᠯᠠᠳᠠᠢ ᠦᠶ᠎ᠠ᠎ᠳᠤ ᠡᠮᠨᠡᠯᠭᠡ᠎ᠳᠤ ᠬᠦᠷᠭᠡᠵᠤ ᠡᠮᠨᠡᠬᠦᠯᠬᠦ ᠴᠢᠬᠤᠯᠠᠲᠠᠢ᠃

ᠢᠷᠡᠯᠲᠡ᠄ ᠤᠯᠠᠭ᠋ᠠᠨᠬᠠᠳᠠ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠰᠢᠯᠤᠭᠤᠨ ᠱᠤᠭᠤᠮ ᠵᠶ᠋ᠠᠷ ᠠᠯᠬᠤᠪᠠᠯ ᠲᠠᠷᠢᠬᠢᠨ ᠠᠪᠴᠢᠯᠳᠠ ᠵᠢ ᠰᠡᠷᠭᠡᠢ᠍ᠢ᠍ᠯᠡᠳᠡᠭ
ᠠ᠋ᠷᠡᠭᠳᠡᠢ᠍ᠢ᠍ᠴᠤᠳ᠎ᠤᠨ ᠪᠡᠶ᠎ᠡ ᠴᠢᠬᠢᠷᠠᠬ᠍ᠵᠢᠭᠤᠯᠬᠤ ᠵᠢᠷᠭᠤᠭ᠋ᠠᠨ ᠵᠦᠢ᠍ᠯ ᠎ᠤᠨ ᠢᠳᠡᠭᠡᠨ ᠎ᠤ ᠠ᠋ᠯᠸᠮᠸᠨ᠋ᠲ
ᠲᠠᠮᠢᠷ᠎ᠤᠨ ᠬᠥᠳᠡᠯᠭᠡᠭᠡᠨ ᠲᠤᠳᠠᠬᠳᠠᠬᠤ᠎ᠨᠢ ᠲᠠᠮᠠᠬᠢ᠎ᠠᠴᠠ ᠢᠯᠡᠬᠦᠦ ᠬᠤᠤᠷ ᠬᠦᠨᠦᠭᠡᠯ᠎ᠲᠠᠢ
ᠠᠮᠠᠪᠴᠢ ᠵᠢ ᠬᠡᠷᠬᠢᠨ ᠵᠤᠬᠢᠰᠳᠠᠢ ᠬᠡᠷᠡᠭᠯᠡᠬᠦ ᠪᠤᠢ?
ᠬᠦᠳᠡᠯᠭᠡᠭᠡᠨ ᠬᠢᠭᠡᠳ ᠤᠢ ᠪᠢᠯᠢᠭ
 
            